-
54201
2024-03-07 11:12
57
0
ᠴᠡᠴᠡᠭᠳᠦ ᠪᠣᠷᠣᠭᠠᠨ ᠢᠶ᠋ᠠᠷ ᠴᠢᠮ᠎ᠠ ᠶ᠋ᠢ ᠡᠷᠢᠬᠦᠢ
ᠪᠤᠷᠵᠢᠭᠢᠨ ᠮᠦᠰᠦᠨ
ᠵᠡᠭᠦᠳᠦᠯᠡᠭᠡᠳ ᠰᠡᠷᠡᠬᠦ ᠳ᠋ᠤ ᠳᠡᠷᠡ ᠶ᠋ᠢᠨ ᠳᠡᠷᠭᠡᠳᠡ ᠮᠢᠨᠢ
ᠬᠠᠨᠢᠷᠬᠠᠭᠰᠠᠨ ᠰᠢᠯᠦᠭ ᠤᠨ ᠮᠢᠨᠢ ᠦᠭᠡᠳᠡᠰᠦ ᠪᠤᠢ
ᠵᠡᠭᠦᠷᠮᠡᠭᠯᠡᠭᠡᠳ ᠬᠠᠷᠠᠬᠤ ᠳ᠋ᠤ ᠵᠢᠷᠦᠬᠡᠨ ᠲᠤᠰᠢᠶ᠎ᠠ ᠮᠢᠨᠢ
ᠢᠨᠢᠶᠡᠵᠦ ᠬᠤᠨᠤᠭᠰᠠᠨ ᠰᠢᠯᠦᠭ ᠤᠨ ᠮᠢᠨᠢ ᠰᠦᠨᠡᠰᠦ ᠪᠤᠢ᠃
ᠬᠠᠪᠤᠷ ᠤᠨ ᠤᠷᠢᠨ ᠢ ᠳᠤᠯᠠᠭᠠᠨ ᠤ ᠴᠢᠨᠠᠷ ᠠ᠋ᠴᠠ ᠲᠤᠰᠬᠤ ᠭᠡᠵᠦ
ᠪᠤᠳᠤᠯ ᠮᠢᠨᠢ ᠳᠠᠩᠳᠠ ᠶᠠᠭᠠᠷᠠᠳᠠᠭ᠃
ᠵᠤᠨ ᠤ ᠨᠣᠭᠣᠭᠠᠨ ᠳᠡᠯᠡᠬᠡᠢ ᠢ ᠪᠢ ᠴᠢᠮ᠎ᠠ ᠲᠠᠢ ᠪᠡᠨ ᠬᠠᠮᠳᠤ
ᠲᠤᠰᠤᠨ ᠠᠯᠬᠤᠬᠤ ᠶ᠋ᠢ ᠭᠦᠨ ᠬᠦᠰᠡᠳᠡᠭ ᠪᠤᠯᠬᠤᠷ
ᠵᠦᠢᠯ ᠤᠨ ᠴᠡᠴᠡᠭ ᠦᠨ ᠳᠡᠭᠡᠭᠦᠷ ᠳᠡᠪᠬᠡᠷᠦᠨ ᠡᠷᠭᠢᠯᠳᠦᠬᠦ
ᠡᠷᠪᠡᠬᠡᠢ ᠶ᠋ᠢᠨ ᠵᠡᠭᠦᠳᠦ ᠶ᠋ᠢ ᠮᠠᠨᠠᠵᠤ ᠪᠢ
ᠴᠡᠴᠡᠭ ᠪᠦᠬᠦᠨ ᠢ ᠢᠷᠠᠭᠤ ᠨᠠᠢᠷᠠᠭ ᠭᠡᠵᠦ ᠪᠤᠳᠤᠳᠠᠭ ᠶᠤᠮ
ᠴᠡᠴᠡᠭᠳᠦ ᠪᠤᠷᠤᠭᠠᠨ ᠢᠶᠡᠷ ᠳᠡᠯᠭᠡᠷᠡᠭᠰᠡᠨ ᠤᠷᠠᠨ ᠰᠠᠨᠠᠭᠠᠨ ᠤ ᠳᠤᠯᠭᠢᠰᠤᠯ ᠢᠶᠡᠷ
ᠴᠡᠪᠡᠷᠬᠡᠨ ᠨᠠᠢᠷᠠᠭ ᠤᠨ ᠡᠷᠢᠯ ᠳ᠋ᠤ ᠮᠤᠷᠳᠠᠬᠤ ᠪᠢ ᠳᠤᠷᠠᠳᠠᠢ᠃
ᠨᠠᠮᠤᠷ ᠤᠨ ᠰᠢᠷᠭᠠᠯ ᠨᠠᠷᠠ ᠲᠠᠢ ᠡᠳᠦᠷ ᠡᠵᠢ ᠪᠡᠨ ᠳᠠᠭᠠᠵᠤ ᠭᠦᠶᠦᠭᠰᠡᠨ
ᠨᠠᠪᠴᠢᠨ ᠪᠠᠭᠯᠠᠭᠠᠳᠠᠢ ᠪᠠᠭ᠎ᠠ ᠶᠢᠨ ᠳᠦᠷᠢ ᠪᠠᠨ ᠪᠢ ᠲᠤᠩ ᠮᠦᠷᠥᠭᠡᠳᠳᠡᠭ
ᠮᠠᠩᠬᠠᠨ ᠬᠣᠷᠮᠣᠢ ᠪᠠᠷ ᠤᠷᠭᠤᠭᠰᠠᠨ ᠪᠡᠷᠢ ᠴᠡᠴᠡᠭ ᠦᠨ ᠢᠨᠢᠶᠡᠮᠰᠦᠭ ᠳᠦᠷᠢ ᠶ᠋ᠢ ᠬᠠᠷᠠᠬᠤ ᠪᠦᠷᠢ
ᠵᠤᠨ ᠤ ᠰᠠᠢᠬᠠᠨ ᠪᠠᠢᠭᠠᠯᠢ ᠶᠢᠨ ᠵᠠᠭᠤᠨ ᠵᠠᠭᠤᠨ ᠤ
ᠵᠤᠯᠠᠢ ᠶ᠋ᠢ ᠭᠢᠰᠭᠢᠵᠦ ᠮᠦᠰᠢᠶᠡᠭᠰᠡᠨ ᠴᠡᠴᠡᠭ ᠪᠦᠬᠦᠨ ᠢ ᠪᠠᠬᠠᠳᠤᠨ
ᠴᠡᠴᠡᠭ ᠪᠦᠬᠦᠨ ᠤ ᠨᠡᠷ᠎ᠡ ᠪᠡᠷ ᠤᠶᠠᠩᠠᠭᠠᠷᠠᠨ ᠵᠢᠷᠬᠢᠬᠦ
ᠪᠤᠯᠵᠤᠮᠤᠷ ᠤᠨ ᠬᠦᠭᠡᠷᠥᠬᠦᠨ ᠵᠡᠭᠦᠳᠦ ᠶᠢ ᠰᠤᠴᠢᠭᠠᠬᠤ ᠦᠭᠡᠢ ᠬᠡᠮᠡᠨ
ᠵᠤᠰᠠᠯᠠᠩ ᠤᠨ ᠳᠡᠨᠵᠢᠨ ᠳ᠋ᠤ ᠰᠢᠯᠦᠭ ᠴᠢᠮ᠎ᠠ ᠪᠠᠨ ᠬᠦᠯᠢᠶᠡᠭᠰᠡᠭᠡᠷ
ᠨᠠᠮᠤᠷ ᠲᠠᠢ ᠴᠤᠭ ᠰᠢᠷᠭᠠᠯᠳᠤᠬᠤ ᠪᠢ ᠳᠤᠷᠠᠳᠠᠢ᠃
ᠡᠪᠦᠯ ᠦᠨ ᠴᠠᠰᠤᠨ ᠤ ᠵᠥᠭᠡᠯᠡᠬᠡᠨ ᠮᠦᠩᠭᠦᠨ ᠯᠠᠪᠰᠠ ᠢ
ᠡᠷᠬᠡᠯᠡᠨ ᠬᠠᠶᠠᠯᠠᠬᠤ ᠶᠢ ᠬᠠᠷᠠᠬᠤ ᠪᠢ ᠳᠤᠷ᠎ᠠ ᠲᠠᠢ ᠃
ᠡᠷᠡᠭᠦᠯ ᠮᠡᠨᠳᠦ ᠡᠩᠬᠡ ᠲᠤᠩᠬ᠎ᠠ ᠶᠢᠨ ᠲᠤᠬᠠᠢ
ᠦᠨᠡᠨ ᠰᠤᠷᠠᠭ ᠢ ᠴᠢᠮ᠎ᠠ ᠳ᠋ᠠᠭᠠᠨ ᠳᠠᠮᠵᠢᠭᠤᠯᠬᠤ ᠳᠤᠷ᠎ᠠ ᠲᠠᠢ᠃
ᠬᠤᠯᠠ ᠡᠴᠡ ᠱᠤᠤᠭᠢᠬᠤ ᠰᠠᠯᠬᠢᠨ ᠤ ᠢᠰᠭᠢᠷᠥᠭᠡ ᠪᠡᠷ
ᠬᠤᠪᠳᠤᠯ ᠳ᠋ᠤ ᠤᠶᠠᠩᠭ᠋ᠠᠷᠠᠬᠤ ᠡᠪᠦᠯ ᠤᠨ ᠰᠢᠭᠤᠷᠭ᠎ᠠ ᠢᠷᠠᠭᠤ ᠨᠠᠢᠷᠠᠭ ᠬᠤᠪᠢᠯᠵᠤ
ᠬᠤᠩᠭᠤᠷᠬᠠᠨ ᠴᠡᠴᠡᠭ ᠪᠠᠷᠢᠭᠠᠳ ᠦᠭᠡᠳᠡ ᠠ᠋ᠴᠠ ᠢᠷᠡᠬᠦ ᠶᠢ ᠬᠦᠰᠡᠬᠦ ᠳᠤᠷᠠᠳᠠᠢ
ᠬᠤᠷᠢᠭᠤᠯ ᠡᠴᠡ ᠪᠡᠨ ᠭᠠᠷᠤᠭᠰᠠᠨ ᠰᠢᠪᠠᠭᠤ ᠰᠢᠭ᠋ ᠪᠢ
ᠡᠷᠬᠡ ᠴᠢᠯᠦᠭᠡᠨ ᠤ ᠠᠭᠠᠷ ᠲᠤ ᠬᠠᠢᠷ᠎ᠠ ᠶᠢᠨ ᠳᠠᠭᠤᠤ ᠪᠡᠷ ᠵᠢᠷᠭᠢᠭᠰᠡᠭᠡᠷ᠌
ᠡᠯᠢᠨ ᠬᠠᠯᠢᠨ ᠡᠷᠬᠡ ᠲᠠᠪᠠ ᠪᠠᠷ ᠳᠡᠭᠦᠯᠢᠬᠦ ᠨᠡᠩ ᠳᠤᠷᠠᠲᠠᠢ᠃
ᠴᠠᠭ ᠤᠨ ᠬᠤᠷ᠎ᠠ ᠪᠠᠷ ᠠᠮᠢᠯᠠᠨ ᠰᠡᠷᠭᠦᠭᠰᠡᠨ ᠵᠤᠨ ᠤ ᠶᠠᠭᠠᠨ ᠴᠡᠴᠡᠭ ᠰᠢᠭ᠌
ᠤᠯᠠᠷᠢᠯ ᠤᠨ ᠦᠩᠭᠡ ᠪᠡᠷ ᠴᠡᠴᠡᠭᠯᠡᠨ ᠭᠠᠩᠭᠤᠬᠤ ᠪᠢ ᠳᠤᠷ᠎ᠠ ᠲᠠᠢ᠃
ᠡᠷᠭᠢᠬᠦ ᠴᠠᠭ ᠤᠨ ᠪᠣᠱᠣᠭᠠᠨ ᠳᠡᠭᠡᠷ᠎ᠡ ᠡᠷᠲᠡ ᠰᠠᠭᠠᠲᠠᠭᠰᠠᠨ ᠬᠠᠪᠤᠷ ᠢ ᠪᠢ
ᠨᠠᠢᠢᠷᠠᠭ ᠰᠢᠯᠦᠭ ᠢᠶᠡᠷ ᠢᠶᠡᠨ ᠤᠭᠳᠤᠬᠤ ᠳᠠᠩᠴᠢ ᠳᠤᠷ᠎ᠠ ᠲᠠᠢ᠃
ᠡᠵᠢ ᠶᠢᠨ ᠡᠩᠬᠦᠷᠡᠢ ᠬᠡᠤᠬᠡᠨ ᠰᠢᠭ᠌ ᠡᠷᠬᠡᠯᠡᠵᠦ
ᠡᠬᠡ ᠪᠠᠶ᠋ᠢᠭᠠᠯᠢ ᠶᠢᠨ ᠳᠤᠯᠠᠭᠠᠨ ᠥᠷᠥᠴᠡᠨ ᠳ᠋ᠤ
ᠲᠠᠪᠠᠳᠠᠢ ᠳᠤᠭᠵᠢᠷᠠᠬᠤ ᠪᠢ ᠳᠤᠷᠠᠳᠠᠢ
ᠠᠶᠠᠳᠠᠢ ᠳᠤᠭᠵᠢᠷᠠᠬᠤ ᠬᠠᠷᠠᠬᠠᠨ ᠵᠡᠭᠦᠳᠦᠨ ᠳ᠋ᠤ ᠢᠷᠡᠭᠰᠡᠨ
ᠠᠮᠳᠠᠳᠤ ᠢᠷᠠᠭᠤ ᠨᠠᠶ᠋ᠢᠷᠠᠭ ᠢᠶᠡᠷ ᠰᠤᠳᠤᠭᠤᠷᠠᠬᠤ ᠲᠠᠢ᠃
ᠨᠠᠮ ᠵᠢᠮᠬᠡᠨ ᠪᠦᠷᠦᠢ ᠪᠦᠬᠦᠨ ᠢ ᠨᠠᠢᠷᠠᠭ ᠲᠠᠢ ᠪᠠᠨ ᠬᠠᠮᠲᠤ
ᠨᠠᠮᠵᠢᠭᠤᠬᠠᠨ ᠰᠡᠳᠭᠢᠯ ᠢᠶᠡᠷ ᠤᠭᠳᠤᠨ ᠦᠳᠡᠬᠦ ᠮᠠᠰᠢ ᠳᠤᠷᠠᠳᠠᠢ
ᠴᠠᠰᠤ ᠪᠣᠷᠣᠭᠠᠨ ᠤ ᠨᠡᠭᠦᠳᠡᠯ ᠡᠭᠦᠯᠡᠰ ᠦᠨ ᠵᠦᠢᠳᠡᠰᠦ ᠪᠤᠯᠵᠤ
ᠡᠬᠡ ᠭᠠᠵᠠᠷ ᠤᠨ ᠬᠦᠷᠦᠰᠦᠨ ᠳ᠋ᠤ ᠤᠮᠳᠠ ᠪᠤᠯᠬᠤ ᠪᠢ ᠳᠤᠷᠠᠲᠠᠢ᠃
ᠨᠤᠲᠤᠭ ᠤᠨ ᠨᠢ ᠲᠡᠷᠡ ᠠᠭᠠᠷ ᠢᠶ᠋ᠠᠷ ᠴᠢᠯᠥᠭᠡ ᠲᠡᠢ ᠬᠦᠪᠦᠨ ᠳᠡᠭᠳᠡᠵᠦ ᠪᠢ
ᠴᠡᠴᠡᠭᠳᠦ ᠬᠤᠷ᠎ᠠ ᠪᠡᠷ ᠨᠠᠢᠷᠠᠭ ᠤᠨ ᠠᠶᠠᠨ ᠢ ᠵᠤᠷᠢᠭᠰᠠᠭᠠᠷ
ᠴᠡᠩᠬᠡᠯᠳᠤ ᠠᠢᠢᠵᠢᠮ ᠢᠶᠡᠷ ᠠᠮᠢ ᠬᠠᠢᠢᠷ᠎ᠠ ᠶᠢ ᠳᠠᠭᠤᠯᠠᠭᠰᠠᠭᠠᠷ
ᠴᠡᠪᠡᠷᠭᠡᠨ ᠡᠨᠡ ᠤᠷᠴᠢᠯᠠᠩ ᠳ᠋ᠤ ᠠᠭᠤᠰᠤᠨ ᠠᠮᠢᠳᠤᠷᠠᠬᠤ ᠳᠠᠩᠴᠤ ᠳᠤᠷᠠᠳᠠᠢ᠃