- ᠬᠠᠷᠠᠨᠤᠳ ᠵᠤᠯᠠᠨᠴᠢᠮᠡᠭ
1001
ᠲᠤᠰᠤᠯ ᠲᠤᠰᠤᠯ ᠡᠮ
2021-08-16 12:23
183
1
ᠳ᠋ᠢᠩ ᠳ᠋ᠢᠩ᠂ ᠳ᠋ᠢᠩ ᠳ᠋ᠢᠩ᠃
ᠤᠲᠠᠰᠤ ᠢᠷᠡᠭᠦᠯᠵᠦ ᠪᠠᠢᠨ᠎ᠠ᠃ ᠦᠵᠡᠰᠡ᠃ ᠵᠠᠭᠤ ᠲᠠᠪᠢᠨ ᠨᠠᠢ᠌ᠮᠠ ᠶᠡᠷᠡ ᠶᠢᠰᠦ ᠲᠠᠪᠢᠨ ᠵᠢᠷᠭᠤᠭ᠎ᠠ ᠵᠢᠷᠠᠨ ᠳᠣᠯᠤᠭ᠎ᠠ ᠬᠡᠮᠡᠬᠦ ᠤᠲᠠᠰᠤ᠃ ᠠ ᠳ᠋ᠠ᠂ ᠭᠡᠷ ᠡᠴᠡ ᠢᠷᠡᠭᠦᠯᠦᠭᠰᠡᠨ ᠤᠲᠠᠰᠤ᠃
︽ ᠰᠠᠢᠨ ᠦᠦ ? ᠷᠠᠪᠵᠠᠢ ᠪᠠᠢᠨ᠎ᠠ᠃︾
︽ ᠰᠠᠢᠨ᠂ ᠪᠤᠷᠮ᠎ᠠ ᠪᠠᠢᠨ᠎ᠠ᠃ ᠷᠠᠪᠵᠠᠢ ᠡ︕ ᠭᠡᠭᠡᠨ ᠬᠠᠯᠠᠭᠤ ᠣᠷᠭᠢᠵᠤ ᠪᠠᠢᠨ᠎ᠠ᠃ ᠭᠤᠴᠢ ᠶᠢᠰᠦᠨ ᠭᠷᠠᠳᠦᠰ᠃ ᠪᠤᠰᠢᠭᠤ ᠢᠷᠡᠭᠡᠴᠢ᠃ ᠪᠤᠰᠢᠭᠤᠯᠠ᠃ ᠲᠦᠷᠭᠡᠯᠡ︾ ᠭᠡᠰᠡᠨ ᠠᠵᠠ ᠪᠣᠰᠤ ᠶᠢᠨ ᠴᠢᠮᠡᠭᠡ ᠳᠠᠮᠵᠢᠭᠤᠯᠤᠭᠰᠠᠨ ᠤᠲᠠᠰᠤ ᠠᠵᠢ᠃ ᠠᠵᠠ ᠪᠣᠰᠤ ᠶᠢᠨ ᠴᠢᠮᠡᠭᠡ ᠲᠣᠰᠤᠭᠰᠠᠨ ᠷᠠᠪᠵᠠᠢ ᠳᠤ ᠠᠪᠴᠤ ᠬᠡᠯᠡᠪᠡᠯ ᠡᠳᠦᠷ ᠴᠠᠭᠠᠨ ᠢᠶᠠᠷ ᠲᠣᠯᠤᠭᠠᠢ ᠳᠡᠭᠡᠷ᠎ᠡ ᠨᠢ ᠠᠶᠤᠩᠭ᠎ᠠ ᠨᠢᠷᠭᠢᠭᠰᠡᠨ ᠮᠡᠲᠦ ᠭᠡᠳᠡᠭ ᠢ ᠡᠴᠢᠭᠡ ᠡᠬᠡ ᠪᠣᠯᠤᠭᠰᠠᠳ ᠴᠥᠮ ᠣᠢᠯᠠᠭᠠᠳᠠᠭ᠃ ᠣᠷᠤᠢ ᠶᠢᠨ ᠦᠰᠦ ᠨᠢ ᠪᠣᠰᠴᠤ ᠪᠦᠬᠦ ᠪᠡᠶ᠎ᠡ ᠳᠦ ᠨᠢ ᠬᠥᠯᠦᠰᠦ ᠴᠢᠭᠢᠭᠯᠡᠵᠡᠢ᠃ ᠭᠡᠲᠡᠯ᠎ᠡ ᠤᠳᠤ ᠬᠤᠷᠳᠤᠨ ᠪᠴᠢᠮ ᠠᠪᠤᠷᠠᠯᠲᠠ ᠶᠢᠨ ᠲᠡᠷᠭᠡ ᠳᠠᠭᠤᠳᠠᠬᠤ ᠶᠣᠰᠤᠲᠠᠢ᠃ ᠡᠨᠡᠭᠦᠬᠡᠨ ᠳᠤ ᠮᠡᠯᠡᠷᠡᠵᠦ ᠵᠤᠭᠰᠤᠭᠠᠳ ᠪᠣᠯᠬᠤ ᠦᠭᠡᠢ᠃ ᠪᠠᠰᠠ ᠵᠢᠭᠠᠬᠠᠨ ᠮᠡᠯᠡᠷᠡᠬᠦ ᠶᠤᠮ ᠪᠣᠯ ᠠᠮᠵᠢᠬᠤ ᠦᠭᠡᠢ ᠪᠣᠯᠤᠨ᠎ᠠ᠃
ᠲᠡᠷᠡ ᠦᠶ᠎ᠡ ᠳᠦ ᠬᠠᠷᠠᠮᠰᠠᠯ᠎ᠠ ᠭᠡᠳ ᠲᠤᠰᠠ ᠭᠠᠷᠬᠤ ᠦᠭᠡᠢ ᠪᠣᠯᠤᠨ᠎ᠠ᠃ ᠤᠲᠠᠰᠤ ᠪᠠᠨ ᠰᠢᠭᠦᠷᠡᠮᠡᠭᠴᠡ ᠪᠡᠨ ᠪᠠᠢᠭᠤᠯᠭ᠎ᠠ ᠠᠴᠠ ᠪᠠᠨ ᠭᠠᠷᠴᠤ ᠣᠳᠤᠯ᠎ᠠ᠃ ᠡᠮᠨᠡᠯᠭᠡ ᠶᠢᠨ ᠪᠠᠴᠢᠮ ᠠᠪᠤᠷᠠᠯᠲᠠ ᠶᠢᠨ ᠲᠡᠷᠭᠡ ᠳᠠᠭᠤᠳᠠᠬᠤ ᠤᠲᠠᠰᠤ᠃ ᠪᠠᠢᠵᠠ ᠪᠠᠢᠵᠠ᠃ ᠬᠡᠳᠦᠢ ᠶᠤᠮ ᠪᠢᠯᠡ ︖ ᠣ᠂ ᠲᠡᠢᠮᠦ᠃ ᠵᠠᠭᠤ ᠬᠣᠷᠢ᠃
᠁
︽ ᠪᠠᠢᠨ᠎ᠠ ᠦᠦ︖ ᠪᠠᠢᠨ᠎ᠠ ᠦᠦ ? ᠪᠠᠴᠢᠮ ᠠᠪᠤᠷᠠᠯᠲᠠ ᠶᠢᠨ ᠲᠡᠷᠭᠡ ᠳᠠᠭᠤᠳᠠᠶ᠎ᠠ᠃ ᠤᠯᠠᠭᠠᠨᠬᠠᠳᠠ ᠵᠠᠮ ᠤᠨ
ᠰᠢᠨᠬᠤᠸᠠ ᠬᠣᠷᠢᠶᠠᠯᠠᠯ᠃ ᠨᠢᠭᠡ ᠬᠦᠮᠦᠨ ᠶᠡᠬᠡ ᠬᠠᠯᠠᠭᠤᠷᠠᠵᠤ ᠪᠠᠢᠨ᠎ᠠ᠃ ᠪᠤᠰᠢᠭᠤᠬᠠᠨ ᠢᠷᠡᠭᠡᠰᠠᠢ᠃ ᠪᠠᠶᠠᠷᠯᠠᠯ᠎ᠠ᠃︾ ᠤᠲᠠᠰᠤ ᠪᠠᠨ ᠲᠠᠯᠪᠢᠩᠭᠤᠲᠠ ᠪᠠᠨ ᠳᠥᠩᠭᠡᠵᠦ ᠣᠢ ᠥᠩᠭᠡᠷᠡᠵᠦ ᠪᠣᠢ ᠦᠬᠢᠨ ᠢᠶᠡᠨ ᠲᠡᠪᠡᠷᠢᠭᠡᠳ ᠬᠣᠷᠢᠶᠠᠯᠠᠯ ᠤᠨ ᠡᠭᠦᠳᠡᠨ ᠳᠡᠭᠡᠷ᠎ᠡ ᠭᠠᠷᠴᠤ ᠪᠠᠴᠢᠮ ᠠᠪᠤᠷᠠᠯᠲᠠ ᠶᠢᠨ ᠲᠡᠷᠭᠡ ᠬᠦᠯᠢᠶᠡᠨ᠎ᠡ᠃︽ ᠬᠦᠮᠦᠨ ᠰᠠᠨᠳᠤᠷᠬᠤ ᠳᠤ ᠠᠯᠢᠪᠠ ᠪᠦᠬᠦᠨ ᠠᠭᠠᠵᠢᠮ ᠰᠠᠨᠠᠭᠳᠠᠬᠤ ︾ ᠭᠡᠳᠡᠭ᠃ ᠦᠨᠡᠨ ᠪᠠᠢᠨ᠎ᠠ᠃ ᠪᠠᠴᠢᠮ ᠠᠪᠤᠷᠠᠯᠲᠠ ᠶᠢᠨ ᠲᠡᠷᠭᠡᠨ ᠳᠡᠭᠡᠷ᠎ᠡ ᠡᠮᠨᠡᠯᠭᠡ ᠤᠷᠤᠭᠤ ᠶᠠᠪᠤᠬᠤ ᠳᠤ ᠵᠡᠭᠡᠯᠢ ᠪᠡᠷ ᠥᠩᠭᠡᠷᠡᠬᠦ ᠲᠡᠷᠭᠡ ᠴᠦ ᠮᠠᠰᠢ ᠤᠳᠠᠭᠠᠨ ᠰᠠᠨᠠᠭᠳᠠᠬᠤ ᠶᠤᠮ ᠪᠢᠯᠡ ᠳ᠋ᠠ᠃
ᠡᠮᠨᠡᠯᠭᠡ ᠳᠦ ᠬᠦᠷᠴᠢᠬᠡᠯ᠎ᠡ᠃ ᠬᠠᠯᠠᠭᠤᠷᠠᠯ ᠤᠨ ᠡᠭᠦᠳᠡᠨ ᠡᠮᠨᠡᠯᠭᠡ ᠶᠢᠨ ᠪᠠᠴᠢᠮ ᠠᠪᠤᠷᠠᠯᠲᠠ ᠶᠢᠨ ᠲᠠᠰᠤᠭ ᠲᠤ ᠡᠮ ᠶᠡᠭᠦᠯᠡᠵᠦ ᠪᠠᠢᠨ᠎ᠠ᠃ ᠷᠠᠪᠵᠠᠢ ᠪᠤᠷᠮ᠎ᠠ ᠬᠣᠶᠠᠷ ᠪᠠᠴᠢᠮ ᠠᠪᠤᠷᠠᠯᠲᠠ ᠶᠢᠨ ᠲᠠᠰᠤᠭ ᠤᠨ ᠪᠣᠱᠤᠭᠠᠨ ᠭᠠᠳᠠᠨ᠎ᠠ ᠨᠠᠭᠠᠰᠢ ᠴᠠᠭᠠᠰᠢ ᠡᠷᠭᠢᠴᠡᠨ᠎ᠡ᠃
ᠨᠡᠯᠢᠶᠡᠳ ᠤᠳᠠᠰᠬᠢᠭᠠᠳ ᠡᠮᠴᠢ ᠶᠢᠨ ᠬᠡᠯᠡᠭᠰᠡᠨ :︽ ᠣᠳᠤ ᠬᠠᠮᠢᠶ᠎ᠠ ᠦᠭᠡᠢ ᠪᠣᠯᠤᠭᠰᠠᠨ᠃ ᠬᠠᠯᠠᠭᠤᠨ ᠨᠢ ᠮᠡᠳᠡᠭᠡᠵᠢ ᠨᠡᠯᠢᠶᠡᠳ ᠶᠡᠬᠡ ᠪᠠᠭᠤᠷᠠᠭᠰᠠᠨ᠂ ᠵᠦᠭᠡᠷ ᠪᠣᠯᠤᠭᠰᠠᠨ᠃ ᠪᠠᠰᠠ ᠨᠢᠭᠡ ᠮᠢᠨᠦ᠋ᠲ ᠬᠣᠴᠤᠷᠠᠭᠰᠠᠨ ᠪᠣᠯ ᠁︾ ᠭᠡᠵᠠᠢ᠃ ᠷᠠᠪᠵᠠᠢ ᠪᠤᠷᠮ᠎ᠠ ᠬᠣᠶᠠᠷ ᠭᠦᠨ ᠭᠡᠭᠴᠢ ᠠᠮᠢᠰᠬᠤᠵᠠᠢ᠃ ᠦᠬᠢᠨ ᠨᠢ ᠪᠠᠴᠢᠮ ᠠᠪᠤᠷᠠᠯᠲᠠ ᠶᠢᠨ ᠲᠠᠰᠤᠭ ᠠᠴᠠ ᠡᠪᠡᠳᠴᠢᠨᠲᠡᠨ ᠦ ᠥᠷᠦᠭᠡᠨ ᠳᠦ ᠰᠢᠯᠵᠢᠵᠠᠢ᠃ ᠦᠬᠢᠨ ᠦ ᠨᠠᠮᠵᠢᠭᠤᠨ ᠰᠤᠳᠠᠯ ᠢᠶᠠᠷ ᠡᠮ ᠶᠡᠭᠦᠯᠡᠭᠰᠡᠭᠡᠷ᠃ ᠠᠪᠤ ᠨᠢ ᠣᠷᠤᠨ ᠤ ᠬᠢᠨᠢ ᠬᠠᠵᠠᠭᠤ ᠳᠤ ᠰᠠᠬᠢᠵᠤ ᠰᠠᠭᠤᠭᠰᠠᠨ ᠬᠡᠪ ᠢᠶᠡᠷ ᠰᠠᠭᠤᠭ᠎ᠠ ᠪᠠᠷ ᠢᠶᠠᠨ ᠤᠨᠲᠠᠭᠰᠠᠨ ᠠᠵᠢ᠃︽ ᠦᠬᠢᠨ ᠡᠮᠨᠡᠯᠭᠡ ᠳᠦ ᠨᠡᠯᠢᠶᠡᠳ ᠡᠳᠦᠷ ᠡᠮ ᠶᠡᠭᠦᠯᠡᠬᠦ ᠬᠡᠷᠡᠭᠲᠡᠢ︾ ᠭᠡᠳᠡᠭ ᠡᠮᠴᠢ ᠶᠢᠨ ᠵᠢᠭᠠᠪᠤᠷᠢ ᠶᠢ ᠣᠯᠵᠠᠢ᠃
ᠠᠪᠤ ᠶᠢᠨ ᠬᠠᠢᠷ᠎ᠠ ------ ᠴᠢᠬᠢᠮᠠᠢ ᠴᠢᠩᠭ᠎ᠠ ᠶᠢᠨ ᠳᠣᠲᠤᠷ᠎ᠠ ᠥᠷᠦᠪᠴᠢ ᠵᠥᠭᠡᠯᠡᠨ ᠬᠠᠢᠷ᠎ᠠ᠃