 

ᠬᠦᠢᠰᠦ ᠲᠣᠯᠣᠭᠠᠢ ᠪᠢᠴᠢᠭᠡᠰᠦ ᠶᠢᠨ ᠵᠠᠳᠠᠯᠤᠯᠲᠠ ᠪᠠ ᠲᠡᠥᠬᠡᠨ ᠣᠴᠢᠷ ᠶᠠᠪᠤᠳᠠᠯThe Historical Background of Huis Tolgoi

2019-06-08 18:01
  324
  1
  ᠬᠦᠢᠰᠦ ᠲᠣᠯᠣᠭᠠᠢ ᠬᠡᠮᠡᠬᠦ ᠬᠥᠰᠢᠶ᠎ᠡ ᠨᠢ ᠮᠣᠩᠭᠣᠯ ᠤᠯᠤᠰ ᠤᠨ ᠳᠤᠮᠳᠠ ᠪᠠᠷᠠᠭᠠᠳ ᠬᠡᠰᠡᠭ ᠳᠠᠬᠢ ᠪᠤᠯᠭᠠᠨ ᠠᠢᠮᠠᠭ( ᠵᠢᠷᠤᠭ J-1) ᠠᠴᠠ1976 ᠤᠨ ᠳᠤ D᠂ ᠨᠠᠸᠠᠨ ᠬᠡᠮᠡᠬᠦ ᠬᠠᠭᠤᠴᠢ ᠰᠣᠳᠣᠯᠠᠭᠠᠴᠢ ᠢᠯᠡᠷᠡᠭᠦᠯᠪᠡ᠃ ᠲᠡᠭᠦᠨ ᠦ ᠲᠠᠷᠠᠭ᠎ᠠ ᠠᠷᠪᠢᠨ ᠡᠷᠳᠡᠮᠲᠡᠳ ᠬᠠᠮᠢᠶ᠎ᠠ ᠪᠦᠬᠦᠢ ᠰᠣᠳᠣᠯᠠᠯ ᠥᠭᠦᠯᠡᠯ ᠡᠳᠦᠢ ᠲᠡᠳᠦᠢ ᠴᠤᠬᠤᠰ ᠨᠡᠢᠲᠡᠯᠡᠵᠡᠢ᠂ ᠭᠡᠪᠡᠴᠦ ᠤᠩᠰᠢᠵᠤ ᠲᠠᠢᠯᠵᠤ ᠴᠢᠳᠠᠭᠰᠠᠨ ᠦᠭᠡᠢ ᠳᠥᠴᠢᠭᠡᠳ ᠵᠢᠯ ᠪᠣᠯᠪᠠᠢ᠃         
         
                 
  ᠲᠤᠬᠠᠢ ᠶᠢᠨ ᠵᠢᠯ ᠬᠦᠢᠰᠦ ᠲᠣᠯᠣᠭᠠᠢ ᠬᠡᠮᠡᠬᠦ ᠭᠠᠵᠠᠷ ᠠᠴᠠ ᠬᠣᠶᠠᠷ ᠪᠤᠯᠠᠰᠢᠨ ᠠᠴᠠ ᠬᠣᠶᠠᠷ ᠬᠥᠰᠢᠶ᠎ᠡ ᠣᠯᠳᠠᠭᠰᠠᠨ᠂ ᠨᠢᠭᠡᠳᠦᠭᠡᠷ ᠬᠥᠰᠢᠶᠡᠨ ( ᠵᠢᠷᠤᠭ J-2)[1] ᠳᠡᠭᠡᠷᠡᠬᠢ ᠦᠰᠦᠭ ᠪᠢᠴᠢᠭ ᠨᠢ ᠨᠡᠯᠢᠶᠡᠳ ᠪᠠᠯᠠᠷᠠᠵᠤ ᠡᠯᠡᠭᠳᠡᠭᠰᠡᠨ᠂ ᠡᠳᠦᠭᠡ ᠮᠣᠩᠭᠣᠯ ᠤᠯᠤᠰ ᠤᠨ ᠲᠡᠦᠬᠡ ᠰᠤᠳᠤᠯᠤᠯ ᠤᠨ ᠬᠦᠷᠢᠶᠡᠯᠡᠩ ᠦᠨ ᠡᠭᠦᠳᠡᠨ ᠳᠦ ᠪᠣᠢ᠂ ᠬᠣᠶᠠᠳᠤᠭᠠᠷ ᠬᠦᠰᠢᠶ᠎ᠡ ( ᠵᠢᠷᠤᠭ J-3) [1] ᠨᠢ ᠮᠥᠨ ᠲᠣᠰ ᠬᠦᠷᠢᠶᠡᠯᠡᠩ ᠳᠤ ᠰᠠᠢᠲᠤᠷ ᠬᠠᠳᠠᠭᠠᠯᠠᠭᠳᠠᠵᠤ ᠪᠠᠢᠭ᠎ᠠ᠃ ᠲᠣᠰ ᠦᠭᠦᠯᠡᠯ ᠳᠦ ᠬᠡᠷᠡᠭᠯᠡᠭᠰᠡᠨ ᠬᠦᠢᠰᠦ ᠲᠣᠯᠣᠭᠠᠢ ᠶᠢᠨ ᠭᠡᠷᠡᠯ ᠵᠢᠷᠤᠭ ᠢ ᠬᠠᠰᠠᠭ ᠤᠯᠤᠰ ᠤᠨ TURIK BITIG [1] ᠬᠡᠮᠡᠬᠦ ᠣᠯᠠᠨ ᠨᠡᠢᠲᠡ ᠶᠢᠨ ᠰᠠᠢᠲ ᠡᠴᠡ ᠪᠠᠭᠤᠯᠭᠠᠪᠠ᠃        
  2014 ᠣᠨ ᠤ ᠨᠠᠮᠤᠷ ᠥᠷᠥᠨᠡᠳᠠᠬᠢᠨ ᠤ Dieter Maue ᠪᠠ Alexander Vovin ᠬᠢᠭᠡᠳ ᠲᠦᠷᠺ ᠦᠨ Mehmet Ölmez ᠵᠡᠷᠭᠡ ᠡᠷᠳᠡᠮᠲᠡᠳ  ᠮᠣᠩᠭᠣᠯ ᠤᠯᠤᠰ ᠤᠨ ᠨᠡᠢᠰᠯᠡᠯ ᠤᠯᠠᠭᠠᠨᠪᠠᠭᠠᠲᠤᠷ  ᠤᠨ ᠲᠡᠥᠬᠡ ᠰᠣᠳᠣᠯᠠᠯ ᠤᠨ ᠬᠦᠷᠢᠶᠡᠯᠡᠩ ᠳᠦ ᠣᠴᠢᠵᠤ ᠮᠡᠷᠭᠡᠵᠢᠯ ᠦᠨ 3D ᠮᠠᠰᠢᠨ ᠢᠶᠠᠷ ᠬᠣᠶᠠᠳᠤᠭᠠᠷ ᠬᠥᠰᠢᠶᠡᠨ ᠳᠡᠭᠡᠷ᠎ᠡ ᠪᠢᠴᠢᠭᠰᠡᠨ ᠦᠰᠥᠭ ᠢ ᠨᠠᠷᠢᠨ ᠲᠣᠳᠣ ᠲᠡᠮᠳᠡᠭᠯᠡᠨ ᠠᠪᠴᠤ ᠭᠤᠷᠪᠠᠨ ᠵᠢᠯ ᠦᠨ ᠨᠠᠷᠢᠨ ᠨᠢᠮᠪᠠᠢ ᠰᠣᠳᠣᠯᠠᠯ ᠢᠶᠠᠷ ᠳᠠᠮᠵᠢᠨ2017 ᠣᠨ ᠤ ᠨᠠᠮᠤᠷ ᠬᠠᠩᠭᠠᠷᠢ ᠳᠤ ᠪᠣᠯᠣᠭᠰᠠᠨ ᠠᠯᠲᠠᠢ ᠰᠣᠳᠣᠯᠠᠯ ᠤᠨ ᠬᠤᠷᠠᠯ ᠤᠨ ᠳᠡᠭᠡᠷ᠎ᠡ ᠨᠡᠢᠲᠡ ᠳᠥᠷᠪᠡᠨ ᠥᠭᠦᠯᠡᠯ ᠨᠡᠢᠲᠡᠯᠡᠭᠰᠡᠨ ᠪᠠᠢᠳᠠᠭ᠃ Dieter Maue ᠪᠠ Alexander Vovin ᠬᠣᠶᠠᠷ ᠡᠷᠳᠡᠮᠲᠡᠨ ᠭᠣᠣᠯᠳᠠᠭᠤ ᠬᠡᠯᠡᠨ ᠦ ᠲᠠᠯ᠎ᠠ ᠠᠴᠠ ᠰᠣᠳᠣᠯᠠᠭᠠᠳ ᠮᠣᠩᠭᠣᠯ ᠭᠠᠷᠥᠯ ᠲᠠᠢ ᠬᠡᠯᠡ ᠬᠡᠮᠡᠨ ᠲᠣᠳᠣᠯᠠᠵᠠᠢ᠃ Étienne de la Vaissière ᠡᠷᠳᠡᠮᠲᠡᠨ ᠭᠡᠷᠡᠯᠲᠦ ᠬᠥᠰᠢᠶᠡᠨ ᠦ ᠲᠡᠦᠬᠡᠨ ᠣᠴᠢᠷ ᠶᠠᠪᠤᠳᠠᠯ ᠤᠨ ᠲᠠᠯ᠎ᠠ ᠠᠴᠠ ᠰᠣᠳᠣᠯᠠᠭᠠᠳ᠂ ᠷᠦᠷᠠᠨ ᠤ ᠰᠡᠭᠦᠯ ᠦᠨ ᠦᠶᠡᠰ ᠪᠤᠶᠤ ᠲᠥᠷᠥᠭ ᠦᠨ ᠡᠬᠢᠨ ᠦ ᠦᠶᠡᠰ ᠦᠨ ᠬᠦᠰᠢᠶ᠎ᠡ ᠬᠡᠮᠡᠨ ᠲᠠᠭᠠᠮᠠᠭᠯᠠᠵᠠᠢ᠃ ᠡᠳᠡᠭᠡᠷ ᠳ᠋ᠦᠩᠨᠡᠯᠲᠡ ᠪᠠ ᠲᠠᠭᠠᠮᠠᠭᠯᠠᠯ ᠨᠢ ᠠᠽᠢᠶ᠎ᠠ ᠶᠢᠨ ᠨᠡᠭᠦᠳᠡᠯᠴᠢᠳ ᠦᠨ ᠲᠡᠥᠬᠡ  ᠪᠠ ᠠᠯᠲᠠᠢ ᠬᠡᠯᠡᠨ ᠦ ᠰᠣᠳᠣᠯᠠᠯ ᠤᠨ ᠬᠡᠪᠴᠢᠶᠡᠨ ᠳᠦ ᠶᠡᠬᠡᠬᠡᠨ ᠳᠣᠩᠰᠣᠯᠤᠯᠲᠠ ᠪᠣᠯᠣᠭᠰᠠᠨ ᠪᠠᠢᠳᠠᠭ᠂ ᠳᠠᠷᠤᠢ ᠡᠨᠡᠬᠥ ᠬᠥᠰᠢᠶᠡᠨ ᠳᠡᠬᠢ ᠦᠰᠦᠭ ᠪᠣᠯ ᠮᠣᠩᠭᠣᠯ ᠭᠠᠷᠤᠯᠲᠠᠢ ᠦᠰᠦᠭ ᠪᠦᠭᠡᠳ ᠲᠦᠷᠦᠭ ᠦᠰᠦᠭ ᠡᠴᠡ ᠡᠷᠲᠡ ᠪᠢᠴᠢᠭᠰᠡᠨ ᠣᠴᠢᠷ ᠠᠴᠠ ᠤᠤᠯ ᠤᠨ ᠮᠣᠩᠭᠣᠯ ᠬᠡᠯᠡ ᠨᠢ ᠲᠦᠷᠦᠭ ᠬᠡᠯᠡᠨ ᠡᠴᠡ ᠡᠭᠦᠰᠦᠯᠲᠡᠢ ᠬᠡᠮᠡᠬᠦ ᠲᠡᠥᠬᠡᠨ ᠲᠠᠭᠠᠮᠠᠭᠯᠠᠯ ᠢ ᠪᠦᠷᠢᠨ ᠤᠷᠪᠠᠭᠤᠯᠬᠤ ᠪᠣᠯᠣᠯᠴᠠᠭᠠᠲᠠᠢ ᠪᠣᠯᠭᠠᠭᠰᠠᠨ ᠪᠠᠢᠳᠠᠭ᠃       

  ᠨᠥᠭᠥᠭᠡ ᠨᠢᠭᠡᠳᠦᠭᠡᠷ ᠬᠥᠰᠢᠶᠡᠨ ᠳᠡᠭᠡᠷᠡᠬᠢ ᠦᠰᠦᠭ ᠨᠢ ᠪᠠᠯᠠᠷᠬᠠᠢ ᠮᠥᠷᠲᠡᠭᠡᠨ ᠨᠠᠷᠠᠨ ᠭᠡᠷᠡᠯ ᠡᠴᠡ ᠰᠢᠯᠲᠠᠭᠠᠯᠠᠭᠳᠠᠨ3D ᠰᠢᠷᠪᠢᠬᠦ ᠪᠣᠯᠣᠮᠵᠢ ᠭᠠᠷᠤᠭᠰᠠᠨ ᠦᠭᠡᠢ ᠣᠴᠢᠷ ᠠᠴᠠ ᠡᠳᠦᠭᠡ ᠬᠦᠷᠲᠡᠯ᠎ᠡ ᠨᠠᠷᠢᠨ ᠤᠩᠰᠢᠵᠤ ᠳᠡᠢᠯᠦᠭᠡ ᠦᠭᠡᠢ ᠪᠠᠢᠨ᠎ᠠ᠃        
  ᠪᠢ ᠡᠨᠡᠬᠥ ᠦᠭᠦᠯᠡᠯ  ᠳᠡᠬᠡᠨ ᠬᠣᠶᠠᠳᠤᠭᠠᠷ ᠬᠦᠰᠢᠶᠡᠨ ᠦ ᠠᠭᠤᠯᠭ᠎ᠠ ᠶᠢ ᠰᠣᠳᠣᠯᠠᠭᠰᠠᠨ᠂ ᠡᠨᠡᠬᠥ ᠬᠥᠰᠢᠶᠡᠨ ᠦ ᠪᠢᠴᠢᠭ ( ᠵᠢᠷᠤᠭJ- 4) [1] ᠪᠣᠯᠪᠠᠰᠤ ᠲᠡᠭᠡᠷ᠎ᠡ ᠡᠴᠡ ᠳᠣᠷᠣᠭᠰᠢ ᠪᠠᠷᠠᠭᠤᠨ ᠲᠠᠯ᠎ᠠ ᠠᠴᠠ ᠵᠡᠭᠦᠨ ᠲᠠᠯ᠎ᠠ ᠲᠡᠰᠢ ᠪᠠᠷᠠᠾᠮᠢ ᠭᠠᠯᠢᠭ ᠢᠶᠠᠷ ᠪᠢᠴᠢᠭᠰᠡᠨ᠂ ᠦᠰᠦᠭ ᠪᠠ ᠦᠰᠦᠭ ᠦᠨ ᠬᠣᠭᠣᠷᠣᠨᠳᠤ ᠬᠥᠨᠳᠡᠯᠡᠨ ᠵᠢᠷᠤᠭᠠᠰᠤ ᠢᠶᠡᠷ ᠵᠠᠭᠠᠯᠠᠭᠰᠠᠨ ᠪᠠᠢᠳᠠᠭ᠃ ᠪᠠᠷᠠᠾᠮᠢ ᠭᠠᠯᠢᠭ ᠤᠨ ᠬᠠᠮᠢᠶᠠᠲᠠᠢ ᠪᠢ ᠦᠪᠡᠷ ᠢᠶᠡᠨ ᠰᠣᠳᠣᠯᠠᠭᠰᠠᠨ ᠦᠭᠡᠢ ᠣᠴᠢᠷ ᠠᠴᠠ ᠡᠨᠳᠡ ᠪᠢ ᠥᠷᠥᠨᠡᠳᠠᠬᠢᠨ ᠤ Dieter Maue ( ᠵᠢᠷᠤᠭ J-5 ᠪᠠ J-6) [2] ᠪᠠ Alexander Vovin [3] ᠡᠷᠳᠡᠮᠲᠡᠳ ᠦᠨ ᠭᠣᠷᠪᠠᠨ ᠵᠢᠯ ᠦᠨ ᠰᠢᠷᠭᠠᠭᠤ ᠰᠣᠳᠣᠯᠠᠯ ᠪᠡᠷ ᠪᠦᠲᠦᠭᠡᠭᠰᠡᠨ ᠥᠭᠦᠯᠡᠯ  ᠳᠠᠬᠢ ᠬᠦᠢᠰᠦ ᠲᠣᠯᠣᠭᠠᠢ ᠶᠢᠨ ᠪᠢᠴᠢᠭ ᠤᠨ ᠭᠠᠯᠢᠭᠯᠠᠭᠰᠠᠨ ᠯᠠᠲ᠋ᠢᠨ ᠦᠰᠦᠭ  ᠢ ᠰᠢᠭᠤᠳ ᠠᠰᠢᠭᠯᠠᠨ ᠰᠤᠳᠤᠯᠪᠠ᠃        
       
       
             
       
       
  ᠳᠣᠬᠠᠢ ᠶᠢᠨ ᠴᠠᠭ ᠦᠶ᠎ᠡ ᠶᠢᠨ ᠲᠡᠦᠬᠡᠨ ᠣᠴᠢᠷ ᠶᠠᠪᠤᠳᠠᠯ ᠵᠦᠪᠬᠡᠨ ᠬᠢᠲᠠᠳ ᠤᠨ ᠡᠷᠲᠡᠨ ᠦ ᠰᠤᠷᠪᠤᠯᠵᠢ ᠪᠢᠴᠢᠭ ᠲᠤ ᠯᠠ ᠮᠠᠰᠢ ᠨᠠᠷᠢᠨ ᠲᠡᠮᠳᠡᠭᠡᠯᠡᠵᠦ ᠪᠠᠢᠳᠠᠭ ᠤᠨ ᠣᠴᠢᠷ  ᠠᠴᠠ ᠡᠨᠡᠬᠥ ᠦᠭᠦᠯᠡᠯ ᠳᠦ ᠸᠧᠢ ᠤᠯᠤᠰ ᠤᠨ ᠪᠢᠴᠢᠭ (魏書 )[4] ᠂ ᠤᠮᠠᠷᠠᠲᠤ ᠶᠢᠨ ᠲᠡᠦᠬᠡ (北史) [5] Beishi yanyi (北史演義) [6] ᠵᠧᠦ ᠤᠯᠤᠰ ᠤᠨ ᠪᠢᠴᠢᠭ (周書) [7] ᠂ Tongjian jishi benmo (通鑑紀事本末 ) [8] ᠵᠡᠷᠭᠡ ᠬᠢᠲᠠᠳ ᠤᠨ ᠡᠷᠲᠡᠨ ᠦ ᠰᠤᠷᠪᠤᠯᠵᠢ ᠪᠢᠴᠢᠭ ᠲᠠᠬᠢ ᠰᠤᠷᠪᠤᠯᠵᠢ ᠶᠢ ᠬᠠᠪᠰᠤᠷᠭᠠᠨ ᠰᠤᠳᠤᠯᠪᠠ᠃ ᠡᠳᠡᠭᠡᠷ ᠲᠡᠦᠬᠡᠨ ᠨᠣᠮ ᠪᠢᠴᠢᠭ ᠨᠢ wikisource ᠬᠡᠮᠡᠬᠦ ᠣᠯᠠᠨ ᠨᠡᠢᠲᠡ ᠶᠢᠨ ᠰᠠᠢᠲ ᠳᠡᠭᠡᠷ᠎ᠡ ᠨᠢᠭᠡᠨᠲᠡ ᠮᠠᠰᠢ ᠨᠠᠷᠢᠨ ᠰᠠᠢᠬᠠᠨ ᠲᠡᠮᠳᠡᠭᠯᠡᠭᠰᠡᠨ ᠣᠴᠢᠷ ᠠᠴᠠ ᠡᠨᠡᠬᠥ ᠰᠠᠢᠲ ᠳᠡᠭᠡᠷ᠎ᠡ ᠪᠠᠢᠭ᠎ᠠ ᠬᠢᠲᠠᠳ ᠰᠤᠷᠪᠤᠯᠵᠢ ᠪᠢᠴᠢᠭ ᠢ ᠰᠢᠭᠤᠳ ᠠᠰᠢᠭᠯᠠᠪᠠ᠃        
  ᠲᠡᠭᠦᠨ ᠦ ᠬᠠᠮᠲᠤ ᠡᠷᠲᠡᠨ ᠦ ᠬᠢᠲᠠᠳ ᠰᠤᠷᠪᠤᠯᠵᠢ  ᠳᠠᠬᠢ ᠦᠰᠦᠭ ᠤᠨ ᠡᠷᠲᠡᠨ ᠦ ᠠᠪᠢᠶ᠎ᠠ ᠶᠢ ᠬᠢᠲᠠᠳ ᠤᠨ ᠣᠯᠠᠨ ᠨᠡᠢᠲᠡ ᠶᠢᠨ ᠠᠪᠢᠶᠠᠨ ᠤ ᠰᠠᠢᠲ [9]  [10]  ᠶᠢ ᠠᠰᠢᠭᠯᠠᠨ ᠠᠪᠢᠶ᠎ᠠ ᠶᠢ ᠨᠢ ᠰᠡᠷᠭᠦᠭᠡᠨ ᠬᠦᠢᠰᠦ ᠲᠣᠯᠣᠭᠠᠢ ᠶᠢᠨ ᠦᠰᠦᠭ ᠦᠨ ᠠᠪᠢᠶ᠎ᠠ ᠯᠤᠭ᠎ᠠ ᠬᠠᠷᠢᠴᠭᠤᠯᠠᠨ ᠰᠣᠳᠣᠯᠠᠭᠠᠳ ᠳᠣᠣᠷᠠᠬᠢ ᠮᠡᠲᠦ ᠳ᠋ᠦᠩᠨᠡᠯᠲᠡ ᠲᠠᠢ ᠪᠣᠯᠪᠠ᠂ ᠦᠵᠡᠬᠦ ᠮᠡᠷᠭᠡᠳ ᠲᠤᠩᠭᠠᠭᠲᠤᠨ᠃ ᠣᠷᠴᠢᠨ ᠴᠠᠭ ᠤᠨ ᠮᠣᠩᠭᠣᠯ ᠬᠡᠯᠡᠨ ᠳᠤ ᠪᠠᠭᠤᠯᠭᠠᠬᠤ ᠳᠠᠭᠠᠨ ᠲᠠᠢᠯᠪᠤᠷᠢᠯᠠᠵᠤ ᠴᠢᠳᠠᠭ᠎ᠠ ᠦᠭᠡᠢ ᠦᠭᠡᠰ ᠢ ᠰᠢᠭᠤᠳ ᠯᠠᠲ᠋ᠢᠨ ᠢᠶᠠᠷ ᠦᠯᠡᠳᠡᠭᠡᠨ ᠪᠢᠴᠢᠪᠡ᠃       
      
             
     
     
           
     
ᠳᠣᠣᠷ᠎ᠠ ᠪᠢᠳᠠᠨ ᠡᠨᠡᠬᠥ ᠭᠡᠷᠡᠯᠲᠦ ᠬᠥᠰᠢᠶᠡᠨ ᠦ ᠠᠭᠤᠯᠭ᠎ᠠ ᠶᠢ ᠨᠢᠭᠡ ᠨᠢᠭᠡᠨ ᠮᠦᠷ ᠢᠶᠡᠷ ᠵᠠᠳᠠᠯᠤᠶ᠎ᠠ᠃      
1 ᠬᠥᠰᠢᠶᠡᠨ ᠦ ᠡᠬᠢᠨ ᠮᠦᠷ ᠲᠦ      
bä tä1 | ña-r | k"a ga-n | dä gä-n | śä ñä-n | bo dä | sa-t va | to ro-χš

  
   
     
  bata ᠪᠣᠯ ᠪᠢᠳᠠ ᠬᠡᠮᠡᠬᠦ ᠣᠷᠴᠢᠨ ᠴᠠᠭ ᠤᠨ ᠦᠰᠦᠭ ᠳᠤ ᠪᠠᠭᠤᠯᠭᠠᠨ᠎ᠠ᠃      
  nar ᠪᠣᠯ ᠨᠠᠷ ᠬᠡᠮᠡᠬᠦ ᠣᠯᠠᠨ ᠲᠣᠭᠠᠨ ᠤ ᠳᠠᠭᠠᠪᠤᠷᠢ ᠪᠣᠯᠣᠨ᠎ᠠ᠃ ᠲᠡᠭᠡᠪᠡᠯ ᠳᠡᠭᠡᠷᠡᠬᠢ ᠪᠢᠳᠠ ᠲᠠᠢ ᠵᠠᠯᠭᠠᠪᠠᠯ ᠪᠢᠳᠠ ᠨᠠᠷ ᠪᠣᠯᠣᠨ᠎ᠠ᠂ ᠲᠡᠭᠡᠪᠡᠯ ᠡᠨᠳᠡᠬᠢ ᠪᠢᠳᠠ ᠨᠠᠷ ᠪᠣᠯ ᠨᠢᠭᠡᠨ ᠪᠦᠯᠦᠭ ᠬᠦᠮᠦᠰ ᠢ ᠵᠢᠭᠠᠵᠤ ᠪᠠᠢᠭ᠎ᠠ᠃      
  kagan ᠪᠣᠯ ᠬᠠᠭᠠᠨ ᠪᠣᠯᠥᠨ᠎ᠠ᠃      
  dagan ᠲᠢᠭᠢᠨ ᠭᠡᠵᠦ ᠪᠠᠭᠤᠯᠭᠠᠨ᠎ᠠ᠂ ᠬᠠᠭᠠ ᠤ ᠳᠡᠭᠥᠥ ᠬᠡᠮᠡᠬᠦ ᠤᠳᠬ᠎ᠠ ᠲᠠᠢ᠂ ᠲᠡᠭᠡᠪᠡᠯ ᠶᠠᠭᠠᠬᠢᠭᠠᠳ ᠲᠢᠭᠢᠨ ᠬᠡᠮᠡᠬᠦ ᠦᠰᠦᠭ ᠦᠨ ᠳᠡᠭᠡᠷ᠎ᠡ ᠪᠠᠰᠠ ᠨᠢᠭᠡᠨ ᠬᠠᠭᠠᠨ ᠨᠡᠮᠡᠭᠰᠡᠨ ᠨᠢ ᠰᠣᠨᠢᠨ ᠪᠠᠢᠨ᠎ᠠ᠃ ᠶᠣᠰᠣᠨ ᠳᠠᠭᠠᠨ ᠤᠯᠤᠰ ᠤᠨ ᠬᠠᠭᠠᠨ ᠵᠥᠪᠬᠡᠨ ᠨᠢᠭᠡᠯᠬᠡᠨ ᠪᠠᠢᠬᠤ ᠶᠣᠰᠣᠲᠠᠢ᠂ ᠲᠢᠭᠢᠨ ᠢ ᠬᠠᠭᠠᠨ ᠲᠢᠭᠢᠨ ᠭᠡᠵᠦ ᠬᠡᠯᠡᠬᠦ ᠵᠣᠬᠢᠰ ᠦᠭᠡᠢ ᠪᠦᠭᠡᠳ ᠡᠢᠮᠦᠷᠬᠦ ᠪᠣᠯᠥᠯᠴᠭ᠎ᠠ ᠴᠤ ᠪᠠᠢᠬᠤ ᠦᠭᠡᠢ᠃ ᠡᠢᠮᠦ ᠡᠴᠡ ᠡᠨᠡ ᠮᠦᠷ ᠦᠨ ᠠᠭᠤᠯᠭ᠎ᠠ ᠲᠠᠢ ᠬᠠᠷᠢᠴᠭᠤᠯᠠᠨ ᠲᠠᠢᠯᠪᠤᠷᠢᠯᠠᠪᠠᠯ ᠬᠠᠭᠠᠨ ᠪᠠ ᠲᠢᠭᠢᠨ ᠬᠣᠶᠠᠷ ᠬᠦᠮᠦᠨ ᠶᠢ ᠵᠢᠭᠠᠵᠤ ᠪᠠᠢᠬᠤ ᠶᠤᠮ᠃       
  sanan ᠬᠡᠮᠡᠬᠦ ᠦᠰᠦᠭ ᠢ ᠰᠢᠨ᠎ᠡ ᠭᠡᠵᠦ ᠣᠷᠴᠢᠨ ᠴᠠᠭ ᠤᠨ ᠮᠣᠩᠭᠣᠯ ᠬᠡᠯᠡᠨ ᠳᠦ ᠪᠠᠭᠤᠯᠭᠠᠨ᠎ᠠ᠃

  
   
     
  | bo dä | sa-t va |ᠡᠨᠡᠬᠥ ᠦᠰᠦᠭ ᠪᠣᠯ ᠪᠣᠳᠢᠰᠲᠢᠸ᠎ᠠ ᠬᠡᠮᠡᠬᠦ ᠦᠭᠡ ᠪᠤᠯᠠᠢ᠂ ᠭᠡᠪᠡᠴᠦ ᠡᠨᠡᠬᠥ ᠦᠰᠦᠭ ᠢ ᠬᠣᠶᠠᠷ ᠰᠠᠯᠭᠠᠵᠤ ᠪᠢᠴᠢᠭᠰᠡᠨ ᠨᠢ ᠶᠡᠬᠡ ᠰᠣᠨᠢᠨ᠂ ᠮᠢᠨᠢ ᠬᠤᠪᠢ  ᠶᠢᠨ ᠪᠣᠳᠣᠯ ᠢᠶᠠᠷ ᠪᠣᠯ ᠬᠦᠢᠰᠦ ᠲᠣᠯᠣᠭᠠᠢ ᠶᠢᠨ ᠬᠠᠳᠠᠨ ᠨᠢᠭᠤᠷ ᠲᠠᠯ᠎ᠠ ᠶᠢᠨ ᠬᠡᠮᠵᠢᠶ᠎ᠡ ᠪᠠᠭ᠎ᠠ ᠣᠴᠢᠷ ᠠᠴᠠ ᠵᠠᠷᠢᠮ ᠦᠭᠡᠰ ᠢ ᠲᠣᠪᠴᠢᠯᠠᠨ ᠪᠢᠴᠢᠭᠰᠡᠨ ᠪᠠᠢᠳᠠᠭ᠂ ᠳᠠᠷᠦᠢ ᠰᠡᠭᠦᠯ ᠦᠨ ᠮᠦᠷ ᠲᠦ ᠳᠠᠬᠢᠨboda ᠢᠯᠡᠷᠡᠬᠦ ᠳᠦ ᠬᠥᠷᠪᠡᠯ ᠳᠠᠷᠥᠢ ᠪᠣᠳᠢᠰᠲᠢᠸ᠎ᠠ ᠯᠤᠭ᠎ᠠ ᠠᠳᠠᠯᠢ ᠬᠡᠮᠡᠨ ᠦᠵᠡᠵᠦ ᠪᠣᠯᠥᠨ᠎ᠠ᠃      
  to ro-χš ᠪᠣᠯ ᠲᠥᠷᠥᠬᠦ ᠬᠡᠮᠡᠬᠦ ᠮᠣᠩᠭᠣᠯ ᠦᠰᠥᠭ ᠪᠣᠯᠣᠨ᠎ᠠ᠂ ᠡᠳᠦᠭᠡ ᠶᠢᠨ ᠮᠣᠩᠭᠣᠯ ᠦᠰᠥᠭ ᠦᠨ ᠳᠠᠭᠤᠳᠠᠯᠭ᠎ᠠ ᠪᠠ ᠤᠳᠬ᠎ᠠ ᠯᠤᠭ᠎ᠠ ᠢᠵᠢᠯ ᠪᠠᠢᠨ᠎ᠠ᠃      
  ᠲᠡᠭᠡᠪᠡᠯ ᠡᠨᠡᠬᠥ ᠮᠦᠷ ᠦᠨ ᠦᠰᠥᠭ ᠢ ᠰᠢᠭᠤᠳ ᠪᠢᠳᠠ ᠨᠠᠷ ᠬᠠᠭᠠᠨ ᠲᠢᠭᠢᠨ ᠰᠢᠨ᠎ᠡ ᠪᠤᠳᠢᠰᠲᠢᠸ᠎ᠠ ᠲᠥᠷᠥᠬᠦ ᠭᠡᠵᠦ ᠪᠠᠭᠤᠯᠭᠠᠨ᠎ᠠ᠃ᠳᠠᠷᠦᠢ ᠬᠠᠭᠠᠨ ᠪᠠ ᠲᠢᠭᠢᠨ ᠨᠠᠰᠤᠨ ᠥᠭᠡᠳᠡ ᠪᠣᠯᠣᠭᠠᠳ ᠰᠢᠨ᠎ᠡ ᠪᠣᠳᠢᠰᠲᠢᠸ᠎ᠠ ᠪᠣᠯᠵᠠᠢ ᠬᠡᠮᠡᠬᠦ ᠰᠠᠨᠠᠭᠠᠲᠠᠢ᠃ ᠲᠡᠭᠡᠪᠡᠯ ᠡᠨᠳᠡᠬᠢ ᠬᠠᠭᠠᠨ ᠠᠨᠦ ᠬᠡᠨ ᠪᠣᠯᠪᠠ ᠳᠡᠭᠥᠥ ᠪᠠᠰᠠ ᠬᠡᠨ ᠪᠣᠢ ᠬᠡᠮᠡᠬᠦ ᠠᠰᠠᠭᠤᠯᠲᠠ ᠭᠠᠷᠤᠨ᠎ᠠ᠃      
2 ᠬᠣᠶᠠᠳᠤᠭᠠᠷ ᠮᠦᠷ ᠲᠦ     
  kagan buda kaganu ukax ukaǰu XIRI añakay     
  kagan buda᠂ ᠬᠠᠭᠠᠨ ᠪᠣᠳᠢᠰᠲᠢᠸ᠎ᠠ ᠬᠡᠮᠡᠬᠦ ᠰᠠᠨᠠᠭᠠᠲᠠᠢ ᠳᠠᠷᠦᠢ ᠨᠢᠭᠡᠳᠦᠭᠡᠷ ᠮᠦᠷ ᠦᠨ ᠪᠣᠳᠢᠰᠲᠢᠸ᠎ᠠ ᠬᠡᠮᠡᠬᠦ ᠦᠰᠦᠭ ᠢ ᠰᠠᠯᠭᠠᠵᠤ ᠪᠢᠴᠢᠭᠰᠡᠨ ᠢ ᠳᠠᠬᠢᠨ ᠪᠠᠲᠤᠯᠠᠪᠠ᠂ ᠲᠡᠭᠥᠨᠴᠢᠯᠡᠨ ᠬᠠᠭᠠᠨ ᠪᠠ ᠲᠢᠭᠢᠨ ᠪᠣᠯ ᠬᠣᠶᠠᠷ ᠬᠦᠮᠦᠨ ᠭᠡᠰᠡᠨ ᠨᠢᠭᠡᠳᠦᠭᠡᠷ ᠮᠦᠷ ᠳᠡᠬᠢ ᠲᠠᠭᠠᠮᠠᠭᠯᠠᠯ  ᠢ ᠳᠠᠬᠢᠨᠲᠠ ᠪᠠᠲᠤᠯᠠᠭᠰᠠᠨ ᠪᠠᠢᠨ᠎ᠠ᠃     
  kaganu ᠬᠠᠭᠠᠨ ᠤ ᠬᠡᠮᠡᠨ ᠪᠠᠭᠤᠯᠭᠠᠨ᠎ᠠ᠂ ᠤ ᠬᠡᠮᠡᠬᠦ ᠮᠣᠩᠭᠣᠯ ᠬᠡᠯᠡᠨ ᠦ ᠥᠭᠬᠦ ᠣᠷᠣᠰᠢᠬᠤ ᠶᠢᠨ ᠲᠡᠢᠨ ᠢᠯᠭᠠᠯ ᠤᠨ ᠳᠠᠭᠠᠪᠤᠷᠢ ᠠᠩᠬ᠎ᠠ ᠤᠳᠠᠭ᠎ᠠ ᠢᠯᠡᠷᠡᠵᠦ ᠪᠠᠢᠭ᠎ᠠ᠃     
  ukax ukaǰu ᠪᠣᠯ ᠤᠬᠠᠬᠤ ᠤᠬᠠᠵᠤ ᠬᠡᠮᠡᠬᠦ ᠰᠠᠨᠠᠭᠠᠲᠠᠢ᠂ ᠣᠷᠴᠢᠨ ᠴᠠᠭ ᠤᠨ ᠮᠣᠩᠭᠣᠯ ᠬᠡᠯᠡ ᠲᠠᠢ ᠮᠠᠰᠢ ᠠᠳᠠᠯᠢᠬᠠᠨ᠃     
  XIRI anakay ᠡᠨᠡ ᠬᠣᠶᠠᠷ ᠦᠰᠦᠭ ᠢ ᠨᠡᠢᠯᠡᠭᠦᠯᠵᠦ ᠲᠠᠢᠯᠪᠤᠷᠢᠯᠠᠨ᠎ᠠ᠃ ᠡᠨᠳᠡ ᠭᠠᠷᠴᠤ ᠪᠠᠢᠭ᠎ᠠAnakay︵ ᠠᠨᠠᠭᠥᠢ︶ ᠪᠣᠯ ᠷᠦᠷᠠᠨ ᠭᠦᠷᠦᠨ ᠦ ᠬᠠᠭᠠᠨ ᠬᠡᠮᠡᠨ Dieter Maue ᠡᠷᠳᠡᠮᠲᠡᠨ ᠦᠭᠦᠯᠡᠯ ᠳᠡᠬᠡᠨ ᠪᠢᠴᠢᠭᠰᠡᠨ᠂ ᠮᠢᠨᠤ ᠦᠵᠡᠬᠦ ᠪᠠᠷ ᠮᠠᠰᠢ ᠵᠦᠪ᠂ ᠡᠨᠡᠬᠥ ᠬᠦᠰᠢᠶᠡᠨ ᠦ ᠠᠭᠤᠯᠭ᠎ᠠ ᠶᠢ ᠵᠠᠳᠠᠯᠬᠤ ᠳᠤ ᠬᠠᠮᠤᠭ ᠤᠨ ᠵᠠᠩᠭᠢᠯᠠᠭ᠎ᠠ ᠶᠢᠨ ᠲᠦᠯᠬᠢᠭᠦᠷ ᠦᠭᠡ ᠪᠣᠯᠣᠨ᠎ᠠ᠃ ᠲᠡᠭᠡᠭᠡᠳ ᠪᠢ ᠡᠨᠡ ᠦᠭᠦᠯᠡᠯ ᠳᠡᠬᠡᠨ ᠠᠨᠠᠭᠦᠢ ᠬᠠᠭᠠᠨ ᠤ ᠭᠡᠷ ᠪᠦᠯᠢ ᠶᠢᠨ ᠬᠦᠮᠦᠰ ᠢ ᠮᠠᠰᠢ ᠠᠩᠬᠠᠷᠤᠨ ᠰᠤᠳᠤᠯᠪᠠ᠂ ᠳᠠᠷᠦᠢ ᠬᠢᠲᠠᠳ ᠦᠨ ᠸᠧᠢ ᠤᠯᠤᠰ ᠤᠨ ᠪᠢᠴᠢᠭ[4]  ᠲᠤ Tahan︵郁久闾伏图 佗汗可汗︶ᠬᠠᠭᠠᠨ ᠪᠠ Hou ᠬᠠᠲᠤᠨ(候呂陵氏) ᠯᠤᠭ᠎ᠠ ᠵᠢᠷᠭᠤᠭᠠᠨ ᠬᠦᠪᠡᠭᠥᠨ ᠲᠠᠢ ᠠᠵᠤᠭᠤ ᠬᠡᠮᠡᠵᠡᠢ᠂ ᠲᠡᠷᠡ ᠬᠦᠪᠡᠭᠥᠳ ᠪᠣᠯᠪᠠᠰᠤ ᠶᠡᠬᠡ ᠬᠦᠪᠡᠭᠦᠨ Chounu︵丑奴︶ ᠬᠣᠶᠠᠳᠤᠭᠠᠷ ᠬᠥᠪᠡᠭᠦᠨ ᠠᠨᠠᠭᠦᠢ ︵阿那瓌︶᠂ ᠬᠦᠪᠡᠭᠥᠨ Zuhui ︵祖惠︶᠂ ᠬᠥᠪᠡᠭᠦᠨ Yǐjufa︵乙居伐︶᠂ ᠬᠥᠪᠡᠭᠦᠨTahan︵塔寒︶ᠪᠠ ᠬᠥᠪᠡᠭᠦᠨTutujiā︵秃突佳︶ ᠪᠣᠯᠣᠨ᠎ᠠ᠃     
  XIRI ᠪᠣᠯ ᠬᠢᠷᠢ ᠪᠤᠶᠤ ᠬᠠᠷ᠃ ᠲᠣᠰ ᠦᠰᠦᠭ ᠪᠣᠯ ᠷᠥᠷᠠᠨ ᠬᠠᠭᠠᠨ ᠤᠭᠰᠠᠭᠠᠨ ᠤ ᠣᠪᠣᠭ ᠪᠣᠯᠥᠨ᠎ᠠ᠂ ᠳᠣᠣᠷ᠎ᠠ ᠵᠢᠷᠭᠤᠳᠤᠭᠠᠷ ᠮᠦᠷ ᠲᠦ ᠰᠠᠢᠬᠠᠨ ᠲᠠᠢᠯᠪᠤᠷᠢᠯᠠᠨ᠎ᠠ᠃     
  ᠡᠨᠡ ᠮᠦᠷ ᠦᠨ ᠠᠭᠤᠯᠭ᠎ᠠ ᠶᠢ ᠲᠣᠪᠴᠢᠯᠠᠪᠠᠯ ᠳᠠᠷᠦᠢ ᠬᠠᠭᠠᠨ ᠪᠣᠳᠢᠰᠲᠢᠸ᠎ᠠ ᠬᠠᠭᠠᠨ ᠤ ᠤᠬᠠᠭᠠᠨ ᠪᠣᠳᠣᠯ ᠬᠢᠷᠢ ᠠᠨᠠᠭᠦᠢ ᠠᠳᠠᠯᠢ ᠬᠡᠮᠡᠨ ᠣᠢᠯᠠᠭᠠᠵᠤ ᠪᠠᠢᠨ᠎ᠠ᠃     
     
     
3 ᠭᠤᠷᠪᠠᠳᠤᠭᠠᠷ ᠮᠦᠷ ᠲᠦ     
  K?aton jax boda bagay nar baya dolu jaju hugbu     
  +tan ᠬᠠᠮᠤᠭ ᠳᠡᠭᠡᠷᠡᠬᠢ ᠦᠰᠦᠭ ᠨᠢ ᠪᠠᠯᠠᠷᠬᠠᠢ ᠪᠠᠷᠤᠭ ᠬᠠᠲᠤᠨ ᠬᠡᠮᠡᠬᠦ ᠦᠰᠦᠭ ᠪᠠᠢᠬᠤ ᠪᠣᠯᠣᠯᠴᠠᠭᠠᠲᠠᠢ᠃     
   Jax ᠵᠠᠬ᠎ᠠ ᠭᠡᠵᠦ ᠤᠩᠰᠢᠨ᠎ᠠ᠂ ᠬᠥᠮᠥᠨ ᠦ ᠨᠡᠷ᠎ᠡ ᠪᠢᠯᠡ᠃ ᠬᠡᠷᠪᠡ ᠪᠢᠳᠠᠨ ᠬᠢᠲᠠᠳ ᠰᠤᠷᠪᠤᠯᠵᠢ ᠪᠢᠴᠢᠭ ᠲᠠᠬᠢ ᠠᠨᠠᠭᠥᠢ ᠬᠠᠭᠠᠨ ᠤ ᠳᠡᠭᠦᠦ ᠶᠢᠨ ᠨᠡᠷ᠎ᠡzuhui︵祖惠︶ ᠬᠡᠮᠡᠬᠦ ᠬᠢᠲᠠᠳ ᠦᠰᠦᠭ ᠦᠨ ᠳᠤᠮᠳᠠ ᠡᠷᠲᠡᠨ ᠦ ᠦᠶ᠎ᠡ ᠶᠢᠨ ᠠᠪᠢᠶ᠎ᠠ ᠶᠢ ᠰᠡᠷᠭᠦᠭᠡᠪᠡᠯ tsuo ÄiWei ᠭᠡᠳᠡᠭ (ᠬᠦᠰᠦᠨᠦᠭ H-1)᠃ jax ᠬᠡᠮᠡᠬᠦ ᠭᠡᠷᠡᠯᠲᠦ ᠬᠦᠰᠢᠶᠡᠨ ᠦ ᠦᠭᠡ ᠲᠠᠢ ᠠᠶᠠᠯᠭᠤ ᠪᠠᠷ ᠮᠠᠰᠢ ᠢᠵᠢᠯᠢᠬᠡᠨ᠂ ᠲᠡᠢᠮᠦ ᠡᠴᠡ ᠠᠨᠠᠭᠦᠢ ᠬᠠᠭᠠᠨ ᠤ ᠳᠡᠭᠦᠦ ᠵᠠᠬ᠎ᠠ ᠪᠣᠯ ᠡᠨᠡᠬᠥ ᠭᠡᠷᠡᠯᠲᠦ ᠬᠦᠰᠢᠶᠡᠨ ᠦJax ᠪᠣᠯᠥᠨ᠎ᠠ ᠭᠡᠵᠦ ᠦᠵᠡᠵᠦ ᠪᠠᠢᠭ᠎ᠠ᠃     
  boda ᠪᠣᠳᠢ ᠬᠡᠮᠡᠪᠡᠰᠦ ᠬᠣᠶᠠᠳᠤᠭᠠᠷ ᠮᠦᠷ ᠦᠨ ᠪᠣᠳᠢ ᠯᠤᠭ᠎ᠠ ᠲᠠᠭᠠᠷᠠᠵᠤ ᠪᠠᠢᠭ᠎ᠠ᠂ ᠳᠠᠷᠦᠢ ᠵᠠᠬ᠎ᠠ ᠪᠣᠳᠢᠰᠲᠢᠸ᠎ᠠ ᠪᠣᠯᠣᠭᠰᠠᠨ᠃     
  bagay ᠪᠣᠯᠪᠠᠰᠤ ᠡᠳᠦᠭᠡ ᠶᠢᠨ ᠪᠡᠬᠢ ᠬᠡᠮᠡᠬᠦ ᠮᠣᠩᠭᠣᠯ ᠦᠰᠦᠭ ᠯᠦ᠋ᠭᠡ ᠲᠠᠭᠠᠷᠠᠨ᠎ᠠ᠃ ᠨᠣᠶᠠᠨ  ᠤ ᠠᠯᠪᠠᠨ ᠲᠤᠰᠢᠶᠠᠯ  ᠦᠨ ᠨᠡᠷ᠎ᠡ ᠪᠣᠯᠣᠯᠴᠠᠭᠠᠲᠠᠢ᠃ ᠭᠡᠪᠡᠴᠦ ᠪᠡᠬᠢ ᠶᠢᠨ ᠠᠷᠤ ᠳᠤ ᠨᠠᠷ ᠬᠡᠮᠡᠬᠦ ᠣᠯᠠᠨ ᠲᠣᠭᠠᠨ ᠤ ᠳᠠᠭᠠᠪᠤᠷᠢ ᠲᠠᠢ ᠶᠢᠨ ᠣᠴᠢᠷ ᠠᠴᠠ ᠡᠨᠳᠡᠬᠢ ᠪᠡᠬᠢ ᠨᠢ ᠵᠠᠬ᠎ᠠ  ᠶᠢᠨ ᠲᠤᠰᠢᠶᠠᠯ ᠤᠨ ᠨᠡᠷ᠎ᠡ ᠪᠣᠯᠬᠤ ᠪᠣᠯᠥᠯᠴᠭ᠎ᠠ ᠦᠭᠡᠢ᠂ ᠬᠠᠷᠢᠨ ᠥᠭᠡᠷ᠎ᠡ ᠬᠥᠮᠥᠨ ᠢ ᠵᠢᠭᠠᠵᠤ ᠪᠠᠢᠭ᠎ᠠ ᠪᠣᠯᠣᠯᠴᠠᠭᠠᠲᠠᠢ᠂ 13 ᠳ᠋ᠤᠭᠠᠷ ᠵᠠᠭᠤᠨ ᠤ ᠦᠶ᠎ᠡ ᠶᠢᠨ ᠮᠣᠩᠭᠣᠯ ᠤᠨ ᠨᠢᠭᠤᠴᠠ ᠲᠣᠪᠴᠢᠶᠠᠨ ᠳᠤ ᠪᠡᠬᠢ ᠬᠡᠮᠡᠬᠦ ᠨᠡᠷ᠎ᠡ ᠲᠠᠢ ᠬᠥᠮᠥᠰ ᠣᠯᠠᠨ ᠪᠠᠢᠳᠠᠭ᠂ ᠵᠢᠱᠢᠶᠡᠯᠡᠪᠡᠯ ᠣᠢᠷᠠᠳ ᠤᠨ ᠲᠦᠷᠦᠭᠦᠦ ᠬᠤᠳᠤᠬ᠎ᠠ ᠪᠡᠬᠢ [12] ︵141 142 144 ᠪᠦᠯᠦᠭ︶᠃ ᠪᠠᠰᠠ ᠬᠡᠷᠡᠢᠳ ᠦᠨ ᠤᠩ ᠬᠠᠭᠠᠨ ᠤ ᠥᠬᠢᠨ ᠪᠤᠶᠤ ᠰᠠᠩᠭᠥᠮ ᠤᠨ ᠬᠡᠦᠬᠡᠨ ᠳᠡᠭᠥᠥ ᠴᠠᠭᠤᠷ ᠪᠡᠬᠢ [12] ︵165 168 ᠪᠦᠯᠦᠭ︶᠂ ᠬᠤᠪᠢᠯᠠᠢ ᠬᠠᠭᠠᠨ ᠤ ᠡᠬᠡ ᠰᠤᠷᠬᠠᠭᠳᠠᠨᠢ ᠪᠡᠬᠢ ᠬᠠᠲᠤᠨ [12] ︵186 ᠪᠦᠯᠦᠭ︶ᠵᠡᠷᠭᠡ᠃ ᠡᠢᠮᠦ ᠡᠴᠡ ᠮᠣᠩᠭᠣᠯ ᠬᠡᠯᠡᠨ ᠳᠦ ᠪᠡᠬᠢ ᠶᠢ ᠡᠷᠲᠡᠨ ᠡᠴᠡ ᠪᠠᠰᠠ ᠨᠣᠶᠠᠨ ᠬᠦᠮᠦᠰ᠂ ᠪᠦᠭᠡᠴᠢᠨ ᠬᠦᠮᠦᠰ ᠪᠤᠶᠤ ᠬᠠᠲᠤᠨ ᠨᠠᠷ ᠢ ᠵᠢᠭᠠᠳᠠᠭ ᠪᠠᠢᠨ᠎ᠠ᠃     
   ᠶᠠᠫᠤᠨ ᠤ Shiratori Kurakichi ᠡᠷᠳᠡᠮᠲᠡᠨ ᠪᠠᠰᠠ ᠡᠷᠲᠡᠨ ᠦ ᠸᠧᠢ ᠤᠯᠤᠰ ᠤᠨ ᠪᠢᠴᠢᠭ ᠲᠠᠬᠢ Mohe (莫何 ) ᠪᠠ Mohe︵莫贺 ︶ᠬᠡᠮᠡᠬᠦ ᠬᠣᠶᠠᠷ ᠦᠰᠦᠭ ᠪᠣᠯ bagay ᠭᠡᠳᠡᠭ ᠠᠯᠪᠠᠨ ᠲᠤᠰᠢᠶᠠᠯ ᠤᠨ ᠨᠡᠷᠡᠰ ᠪᠣᠯᠥᠨ᠎ᠠ ᠭᠡᠵᠡᠢ [11] (P42-46) (ᠬᠦᠰᠦᠨᠦᠭ H-1)᠂ ᠡᠢᠮᠦ ᠡᠴᠡ ᠡᠨᠳᠡᠬᠢbagay nar ᠪᠣᠯ ᠬᠣᠶᠠᠷ ᠪᠣᠶᠥ ᠬᠣᠶᠠᠷ ᠠᠴᠠ ᠳᠡᠭᠡᠭᠰᠢ ᠥᠨᠳᠥᠷ ᠨᠣᠶᠠᠨ ᠲᠤᠰᠢᠶᠠᠯᠲᠠᠨ ᠢ ᠵᠢᠭᠠᠵᠤ ᠪᠠᠢᠬᠤ ᠪᠣᠯᠣᠯᠴᠠᠭᠠᠲᠠᠢ᠃     
  bayi ᠪᠣᠯ ᠪᠠᠢᠶ᠎ᠠ ᠪᠢᠲᠡᠭᠡᠢ ᠪᠣᠯᠢᠭᠠᠴᠢ ᠬᠡᠮᠡᠬᠦ ᠰᠠᠨᠠᠭᠠᠲᠠᠢ ᠃ ᠡᠳᠦᠭᠡ ᠣᠷᠳᠣᠰᠴᠤᠳ ᠤᠨ ᠠᠮᠠᠨ ᠶᠠᠷᠢᠶᠠᠨ ᠳᠤ ᠪᠢᠲᠡᠭᠡᠢ ᠭᠡᠰᠡᠨ ᠦᠭᠡ ᠶᠢ ᠪᠠᠢᠶ᠎ᠠ ᠭᠡᠵᠦ ᠬᠡᠯᠡᠵᠦ ᠪᠠᠢᠳᠠᠭ᠃     
  dolu ᠡᠨᠡ ᠦᠭᠡ ᠢ ᠮᠠᠰᠢ ᠠᠩᠬᠠᠷᠬᠤ ᠴᠢᠬᠤᠯᠠᠲᠠᠢ ᠪᠠᠢᠨ᠎ᠠ᠂ ᠳᠣᠯᠤ ᠭᠡᠵᠦ ᠤᠩᠰᠢᠨ᠎ᠠ᠂ ᠳᠠᠩ ᠭᠠᠭᠴᠠ ᠲᠣᠭ᠎ᠠ ᠪᠤᠶᠤ chounu ᠬᠠᠭᠠᠨ ᠤ ᠴᠣᠯᠠ᠃     
  ᠬᠢᠲᠠᠳ ᠰᠤᠷᠪᠤᠯᠵᠢ ᠪᠢᠴᠢᠭ ᠳᠠᠷᠦᠢ ᠸᠧᠢ ᠤᠯᠤᠰ ᠪᠢᠴᠢᠭ  ᠦᠨ103 ᠪᠣᠳᠢ ᠳᠤ[4] ᠷᠦᠷᠠᠨ ᠤ Shelun︵社崘︶ ᠬᠠᠭᠠᠨ ᠠᠴᠠ ᠡᠬᠢᠯᠡᠨ ᠬᠢᠲᠠᠳ ᠤᠨ ᠴᠣᠯᠠ ᠶᠢᠨ ᠰᠢᠰᠲ᠋ᠧᠮ ᠢ ᠳᠠᠭᠠᠨ ᠰᠤᠷᠤᠯᠴᠠᠭᠠᠳ᠂ ᠦᠪᠡᠷ ᠦᠨ ᠬᠠᠭᠠᠨ ᠴᠣᠯᠠ ᠪᠠᠨqiudou fa︵丘豆伐︶ ᠬᠡᠮᠡᠵᠦᠬᠦᠢ ᠭᠡᠵᠢ᠃     
  ᠣᠨ ᠲᠣᠭᠠᠯᠠᠯ ᠤᠨ 508 ᠣᠨ ᠳ᠋ᠤᠷ ᠷᠦᠷᠠᠨ ᠤ Tahan︵郁久闾伏图 他汗可汗︶ ᠬᠠᠭᠠᠨ ᠥᠨᠳᠥᠷ ᠲᠡᠷᠭᠡᠲᠡᠨ ᠤ ᠡᠰᠡᠷᠭᠦ ᠪᠠᠢᠯᠳᠤᠭᠠᠨ ᠳᠤ ᠣᠯᠵᠠᠯᠠᠭᠳᠠᠨ ᠠᠯᠠᠭᠳᠠᠪᠠᠢ᠂ ᠲᠣᠰ ᠵᠢᠯ ᠳ᠋ᠤᠷ ᠶᠡᠬᠡ ᠬᠦᠪᠡᠭᠥᠨchou nu ᠬᠠᠭᠠᠨ ᠰᠢᠷᠡᠭᠡᠨ ᠳ᠋ᠤᠷ ᠵᠠᠯᠠᠷᠠᠨ Douluo fuba doufa ᠬᠠᠭᠠᠨ︵豆罗伏跋豆伐︶ᠬᠡᠮᠡᠨ ᠴᠣᠯᠠᠯᠠᠵᠤ ᠴᠣᠯᠠ ᠶᠢᠨ ᠤᠳᠭ᠎ᠠ ᠨᠢ ᠳᠦᠷᠢᠮ ᠵᠢᠷᠤᠮ ᠪᠣᠯᠣᠨ᠎ᠠ ᠭᠡᠵᠦ ᠲᠡᠮᠳᠡᠭᠯᠡᠭᠰᠡᠨ ᠪᠠᠢᠳᠠᠭ᠃ ᠶᠠᠫᠤᠨ ᠤ ᠨᠡᠷᠡᠲᠦ ᠲᠡᠦᠬᠡᠴᠢᠨ Shiratori Kurakichi ᠭᠤᠸᠠᠢ ᠡᠨᠡᠬᠥ Douluo︵豆罗︶ ᠬᠡᠮᠡᠬᠦ ᠦᠰᠦᠭ ᠪᠣᠯ ᠮᠣᠩᠭᠣᠯ ᠬᠡᠯᠡᠨ ᠦ ᠲᠥᠷᠥ [11]︵P79-80︶ ᠪᠣᠯᠥᠨ᠎ᠠ ᠭᠡᠵᠦ ᠲᠠᠢᠯᠪᠤᠷᠢᠯᠠᠭᠰᠠᠨ ᠪᠠᠢᠳᠠᠭ᠃     
  ᠡᠨᠡᠬᠥ 豆罗 (Dou luo) ᠬᠡᠮᠡᠬᠦ ᠦᠭᠡ ᠶᠢᠨ ᠡᠷᠲᠡᠨ ᠦ ᠠᠪᠢᠶ᠎ᠠ ᠶᠢ ᠰᠡᠷᠭᠦᠭᠡᠪᠡᠯ ᠳᠠᠷᠦᠢ dhu LA ᠭᠡᠨ᠎ᠡ᠂ ᠡᠨᠡᠬᠥ ᠭᠡᠷᠡᠯᠲᠦ ᠬᠥᠰᠢᠶᠡᠨ ᠳᠡᠬᠢ dolu (ᠬᠦᠰᠦᠨᠦᠭ H-1) ᠯᠤᠭ᠎ᠠ ᠮᠠᠰᠢ ᠰᠠᠢᠬᠠᠨ ᠲᠠᠭᠠᠷᠠᠵᠤ ᠪᠠᠢᠭ᠎ᠠ᠃ ᠲᠡᠭᠡᠪᠡᠯ ᠡᠨᠡᠬᠥ dolu ᠨᠢ chounu ᠬᠠᠭᠠᠨ ᠤ ᠴᠣᠯᠠ ᠪᠣᠯᠬᠤ ᠪᠣᠯᠣᠯᠴᠠᠭᠠᠲᠠᠢ ᠪᠠᠢᠨ᠎ᠠ᠃    
  jaju ᠵᠢᠭᠠᠵᠤ ᠰᠤᠷᠭᠠᠬᠤ ᠬᠡᠮᠡᠬᠦ ᠦᠭᠡ ᠶᠢᠨ ᠵᠢᠭᠠᠵᠤ ᠬᠡᠮᠡᠬᠦ ᠦᠭᠡ ᠲᠠᠢ ᠲᠠᠭᠠᠷᠠᠵᠤ ᠪᠣᠢ᠃ 

  
  hugbu ᠠᠪᠴᠤ ᠥᠭᠬᠦ ᠶᠢᠨ ᠦᠭᠪᠡ ᠬᠡᠮᠡᠬᠦ ᠰᠠᠨᠠᠭᠠᠲᠠᠢ᠂ ᠲᠣᠰ ᠭᠡᠷᠡᠯᠲᠦ ᠬᠦᠰᠢᠶᠡᠨ ᠦ ᠦᠶᠡᠰ ᠠ ᠪᠠ ᠬᠠ ᠰᠡᠯᠭᠦᠴᠡᠵᠦ ᠪᠠᠢᠭᠰᠠᠨ ᠪᠠᠢᠨ᠎ᠠ᠃  ᠮᠣᠩᠭᠣᠯ ᠤᠨ ᠨᠢᠭᠤᠴᠠ ᠲᠣᠪᠴᠢᠶᠠᠨ ᠳᠤ   [12] ︵31 ᠪᠦᠯᠦᠭ︶ᠦᠷᠦᠨ᠎ᠡ ᠵᠦᠭ ᠢ ᠬᠥᠷᠥᠨ᠎ᠡ ᠵᠦᠭ ᠭᠡᠵᠦ ᠰᠢᠪᠠᠭᠤᠨ ᠤ ᠥᠳᠥᠨ ᠦᠰᠦᠨ ᠢ ᠬᠦᠰᠥᠨ ᠭᠡᠵᠦ ᠪᠢᠴᠢᠭᠰᠡᠨ ᠪᠠᠢᠳᠠᠭ᠂ ᠪᠠᠰᠠ ᠠᠷᠪᠠᠨ ᠢ ᠬᠠᠷᠪᠠᠨ [12] ︵ 53 ᠪᠦᠯᠦᠭ︶ᠭᠡᠵᠡᠢ᠃ ᠲᠡᠭᠡᠪᠡᠯ ᠡᠨᠡᠬᠥ ᠦᠭᠡᠨ ᠦ ᠠ ᠪᠠ ᠬᠠ ᠶᠢᠨ ᠰᠡᠯᠭᠦᠴᠡᠯ ᠨᠢ ᠠᠯᠢ ᠡᠷᠲᠡ ᠵᠢᠷᠭᠤᠳᠤᠭᠠᠷ ᠵᠠᠭᠤᠨ ‍ᠣ ᠮᠣᠩᠭᠣᠯ ᠬᠡᠯᠡᠨ ᠳᠦ ᠬᠠᠳᠠᠭᠠᠯᠠᠭᠳᠠᠵᠤ ᠪᠠᠢᠭᠰᠠᠨ ᠪᠠᠢᠨ᠎ᠠ᠃    
  ᠲᠡᠥᠬᠡᠨ ᠣᠴᠢᠷ ᠶᠠᠪᠣᠳᠠᠯ  ᠤᠨ ᠵᠠᠳᠠᠯᠤᠯᠲᠠ᠄    
  ᠵᠠᠬ᠎ᠠ ᠪᠣᠯᠪᠠᠰᠤ chounu ᠬᠠᠭᠠᠨ ᠤ ᠲᠡᠭᠦᠦ᠂ chounu ᠬᠠᠭᠠᠨ ᠰᠠᠭᠤᠷᠢᠨ ᠳᠤ ᠵᠠᠯᠠᠷᠠᠬᠤ ᠳᠤ ᠨᠠᠰᠤᠨ ᠪᠠᠭ᠎ᠠ ᠵᠠᠬ᠎ᠠ ᠭᠡᠨᠡᠳᠲᠡ ᠠᠯᠠᠭ᠎ᠠ ᠪᠣᠯᠵᠠᠢ᠃ ᠬᠠᠭᠠᠨ ᠠᠬ᠎ᠠ ᠪᠠ ᠤᠯᠤᠰ ᠪᠦᠬᠦᠨ ᠢᠶᠠᠷ ᠡᠷᠢᠭᠰᠡᠨ ᠪᠣᠯᠪᠠᠴᠤ ᠣᠯᠣᠭᠰᠠᠨ ᠦᠭᠡᠢ᠂ ᠶᠠᠭ ᠡᠨᠡ ᠦᠶᠡᠰ ᠵᠠᠯᠠᠭᠤ ᠡᠮᠡᠭᠲᠡᠢ ᠪᠥᠭᠡᠴᠢᠨ ᠳᠢᠸᠠᠨ︵Diwan 地萬︶ ᠬᠠᠷᠢᠨ chounu ᠬᠠᠭᠠᠨ ᠳᠤ ᠬᠠᠭᠠᠨ ᠤ ᠵᠠᠬ᠎ᠠ ᠳᠡᠭᠥᠥ ᠲᠡᠭᠷᠢ ᠳᠡᠭᠡᠷ᠎ᠡ ᠪᠠᠢᠨᠠᠮ᠂ ᠪᠢ ᠲᠡᠭᠥᠨ ᠢ ᠪᠠᠭᠤᠯᠭᠠᠵᠤ ᠳᠡᠢᠯᠦᠨᠡᠮ ᠬᠡᠮᠡᠨ ᠭᠡᠷ ᠶᠣᠭᠠᠨ ᠤᠷᠢᠨ ᠪᠦᠭᠡᠯᠡᠬᠥ ᠳ᠋ᠤᠷ ᠨᠠᠰᠤᠨ ᠪᠠᠭ᠎ᠠ ᠳᠡᠭᠥᠥ ᠨᠢ ᠭᠡᠷ ᠲᠣᠷ ᠢᠯᠡᠷᠡᠨ ᠭᠠᠷᠥᠭᠠᠳ ᠬᠠᠭᠠᠨ  ᠮᠠᠰᠢᠳᠠ ᠪᠠᠶᠠᠷᠯᠠᠨ ᠲᠠᠬᠢᠨ ᠦᠵᠡᠪᠡᠰᠦ ᠡᠨᠡ ᠳᠢᠸᠠᠨ ᠥᠩᠭᠡ ᠦᠵᠡᠰᠬᠦᠯᠡᠩ ᠰᠠᠢᠬᠠᠨ ᠡᠷᠳᠡᠮ ᠴᠢᠳᠠᠯ ᠶᠡᠬᠡᠲᠠᠢ ᠲᠤᠯᠠ ᠬᠠᠲᠤᠨ ᠪᠣᠯᠭᠠᠨ ᠠᠪᠤᠭᠰᠠᠨ᠃ ᠲᠡᠷᠡ ᠬᠠᠲᠤᠨ ᠪᠣᠯᠣᠭᠰᠠᠨ ᠤ ᠳᠠᠷᠠᠭ᠎ᠠ ᠬᠠᠭᠠᠨ ᠤ ᠢᠲᠡᠭᠡᠯ ᠢ ᠠᠰᠢᠭᠯᠠᠨ ᠲᠥᠷᠥ ᠶᠢᠨ ᠬᠡᠷᠡᠭ ᠲᠦ ᠭᠠᠷ ᠶᠡᠬᠡᠳᠡ ᠳᠦᠷᠦᠨ ᠠᠷᠪᠢᠨ ᠣᠴᠢᠷ ᠡᠭᠦᠰᠬᠡᠵᠡᠢ ᠬᠡᠮᠡᠨ ᠬᠢᠲᠠᠳ ᠰᠤᠷᠪᠤᠯᠵᠢ ᠪᠢᠴᠢᠭ[4]  ᠲᠤ ᠪᠢᠴᠢᠭᠰᠡᠨ ᠪᠠᠢᠳᠠᠭ᠃    
  ᠵᠠᠬ᠎ᠠ ᠳᠡᠭᠥᠥ ᠨᠢ ᠨᠠᠰᠤᠨ ᠳᠤ ᠬᠦᠷᠦᠭᠡᠳ ᠨᠢᠭᠡᠨ ᠡᠳᠥᠷ ᠡᠵᠢ ᠳᠡᠬᠡᠨ ᠳᠢᠸᠠᠨ ᠨᠠᠮ᠎ᠠ ᠶᠢ ᠨᠢᠭᠤᠭᠠᠳ ᠠᠬ᠎ᠠ ᠶᠢ ᠮᠢᠨᠢ ᠮᠡᠬᠡᠯᠡᠵᠡᠢ ᠬᠡᠮᠡᠨ ᠦᠨᠡᠨ ᠢ ᠬᠡᠯᠡᠭᠡᠳ᠂ ᠡᠵᠢ ᠨᠢ ᠡᠨᠡᠬᠥ ᠣᠴᠢᠷ ᠢ ᠬᠦᠪᠡᠭᠥᠨ ᠬᠠᠭᠠᠨ ᠳᠠᠭᠠ ᠬᠡᠯᠡᠬᠦ ᠳ᠋ᠤᠷ chounu ᠬᠠᠭᠠᠨ ᠶᠡᠬᠡᠳᠡ ᠠᠭᠤᠷᠯᠠᠨ ᠲᠠᠨᠤᠰ ᠳᠢᠸᠠᠨ ᠢ ᠪᠢᠲᠡᠬᠡᠢ ᠮᠠᠭᠤ ᠰᠠᠨᠠᠭᠲᠤᠨ᠂ ᠲᠡᠷᠡ ᠡᠷᠲᠡ ᠢᠷᠡᠭᠡᠳᠦᠢ ᠶᠢ ᠮᠡᠳᠡᠬᠦ ᠴᠢᠳᠠᠯ ᠲᠠᠢ ᠬᠡᠮᠡᠨ ᠣᠢᠰᠢᠶᠠᠭᠰᠠᠨ ᠦᠭᠡᠢ᠂ ᠬᠠᠷᠢᠨ ᠳᠢᠸᠠᠨ ᠡᠨᠡᠬᠥ ᠣᠴᠢᠷ ᠶᠠᠪᠤᠳᠠᠯ ᠡᠴᠡ ᠵᠠᠬ᠎ᠠ ᠳ᠋ᠤᠷ ᠬᠣᠷᠣᠰᠤᠨ ᠠᠬ᠎ᠠ ᠳᠡᠭᠥᠥ ᠶᠢᠨ ᠬᠣᠭᠣᠷᠣᠨᠳᠤ ᠬᠤᠳᠬᠤᠨ ᠪᠠᠢᠵᠤ ᠬᠠᠭᠠᠨ 520 ᠣᠨ ᠳᠤ ᠵᠠᠬ᠎ᠠ ᠳᠡᠭᠥᠥ ᠪᠡᠨ ᠠᠯᠠᠵᠠᠢ᠃ ᠡᠨᠡᠬᠥ ᠣᠴᠢᠷ ᠠᠴᠠ ᠪᠣᠯᠣᠭᠠᠳ ᠬᠠᠭᠠᠨ ᠤ ᠡᠵᠢ ᠪᠠ ᠬᠠᠭᠠᠨ ᠤ ᠬᠣᠭᠣᠷᠣᠨᠳᠤ ᠬᠠᠷᠢᠴᠠᠭ᠎ᠠ ᠬᠠᠭᠠᠴᠠᠨ ᠰᠡᠭᠥᠯ ᠦᠨ ᠣᠴᠢᠷ ᠤᠨ ᠦᠨᠳᠦᠰᠦ ᠪᠣᠯᠣᠭᠰᠠᠨ᠃ ᠳᠠᠷᠦᠢ ᠲᠣᠰ ᠵᠢᠯ ᠪᠤᠶᠤ 520 ᠣᠨ ᠳ᠋ᠤᠷ chounu ᠬᠠᠭᠠᠨ ᠤ ᠡᠵᠢ ᠪᠠ ᠲᠦᠰᠢᠮᠡᠳ ᠨᠠᠷ ︵莫何去汾李具列等︶ᠨᠡᠢᠯᠡᠨ ᠳᠢᠸᠠᠨ ᠢ ᠠᠯᠠᠭᠰᠠᠨ ᠳ᠋ᠤᠷchounu ᠬᠠᠭᠠᠨ ᠶᠡᠬᠡᠳᠡ ᠠᠭᠤᠷᠯᠠᠨ ᠲᠦᠰᠢᠮᠡᠯ ︵欲誅具列等︶ ᠨᠠᠷ ᠢ ᠰᠢᠢᠳᠬᠡᠬᠦ ᠭᠡᠰᠡᠨ ᠳᠦ ᠶᠠᠭ ᠥᠨᠳᠥᠷ ᠲᠡᠷᠭᠡᠲᠡᠨ ᠷᠦᠷᠠᠨ ᠭᠦᠷᠦᠨ ᠢ ᠴᠣᠬᠢᠬᠤ ᠳᠤ ᠲᠠᠭᠠᠷᠠᠵᠠᠢ᠃ chounu ᠬᠠᠭᠠᠨ ᠪᠠᠢᠯᠳᠤᠭᠰᠠᠨ ᠪᠣᠯᠪᠠᠴᠤ ᠢᠯᠠᠭᠳᠠᠨ ᠪᠤᠴᠠᠨ ᠳᠤᠲᠠᠭᠠᠨ ᠢᠷᠡᠬᠦ ᠳᠦ ᠡᠵᠢ ᠪᠠ ᠲᠦᠰᠢᠮᠡᠯ ᠨᠠᠷ ︵母與其大臣所殺︶ᠬᠣᠯᠪᠣᠭᠠᠯᠠᠨchounu ᠬᠠᠭᠠᠨ ᠢ ᠬᠣᠣᠷᠯᠠᠨ ᠠᠯᠠᠭᠠᠳ ᠠᠨᠠᠠᠭᠦᠢ ᠶᠢ ᠬᠠᠭᠠᠨ ᠰᠠᠭᠤᠷᠢᠨ ᠳᠤ ᠰᠠᠭᠤᠯᠭᠠᠭᠰᠠᠨ ᠭᠡᠵᠡᠢ᠃ ᠠᠷᠪᠠᠨ ᠡᠳᠦᠷ ᠦᠨ ᠳᠠᠷᠠᠭ᠎ᠠ ᠠᠨᠠᠭᠦᠢ ᠶᠢᠨ ᠡᠴᠢᠭᠡ ᠨᠢᠭᠡ ᠡᠬᠡ ᠥᠭᠡᠷ᠎ᠡ ᠠᠬ᠎ᠠ Qilifa︵俟力發 ︶ᠬᠡᠳᠦᠨ ᠲᠦᠮᠡᠨ ᠬᠥᠮᠥᠨ ᠳᠠᠢᠴᠢᠯᠠᠨ ᠠᠨᠠᠭᠦᠢ ᠶᠢ ᠳᠠᠭᠠᠷᠢᠭᠠᠳ ᠠᠨᠠᠭᠦᠢ ᠬᠠᠭᠠᠨ ᠤ ᠡᠵᠢ ᠪᠠ ᠬᠣᠶᠠᠳᠤᠭᠠᠷ ᠳᠡᠭᠥᠥ  Yǐjufa︵乙居伐︶ ᠶᠢ ᠠᠯᠠᠵᠠᠢ ᠬᠡᠮᠡᠵᠡᠢ᠃ ᠠᠨᠠᠭᠦᠢ ᠬᠠᠭᠠᠨ ᠬᠠᠷᠢᠨ ᠪᠠᠷᠠᠭ᠎ᠠ ᠰᠤᠷᠠᠭ ᠦᠭᠡᠢ ᠪᠣᠯᠣᠭᠠᠳ ᠰᠡᠭᠦᠯᠡᠷ ᠲᠣᠪᠠ ᠸᠧᠢ ᠤᠯᠤᠰ ᠲᠤ ᠬᠦᠷᠪᠡᠢ ᠭᠡᠵᠦ ᠸᠧᠢ ᠤᠯᠤᠰ ᠤᠨ ᠪᠢᠴᠢᠭ [4]  ᠳᠤ ᠲᠡᠮᠳᠡᠭᠯᠡᠵᠡᠢ᠃     
  ᠡᠳᠡᠭᠡᠷ ᠲᠡᠣᠬᠡᠨ ᠣᠴᠢᠷ ᠠᠴᠠ ᠦᠵᠡᠪᠡᠯ 520 ᠣᠨ ᠳᠤ ᠷᠦᠷᠠᠨ ᠭᠦᠷᠦᠨ ᠤ ᠳᠡᠭᠡᠷ᠎ᠡ ᠳᠠᠪᠬᠤᠷᠭᠠᠲᠠᠨ ᠳᠤᠮᠳᠠ ᠮᠠᠰᠢ ᠬᠦᠨᠳᠦ ᠨᠣᠴᠢᠲᠠᠢ ᠣᠴᠢᠷ ᠡᠭᠦᠰᠦᠭᠰᠡᠨ᠂ ᠡᠳᠡᠭᠡᠷ ᠵᠥᠷᠢᠴᠡᠯ ᠮᠥᠷᠭᠥᠯᠳᠦᠭᠡᠨ ᠦ ᠳᠤᠮᠳᠠ ᠠᠨᠠᠭᠦᠢ ᠬᠠᠭᠠᠨ ᠤ ᠠᠬ᠎ᠠ chounu ᠬᠠᠭᠠᠨ ᠪᠠ ᠬᠠᠲᠤᠨ ᠂ ᠡᠵᠢ ᠬᠠᠲᠤᠨ ᠵᠢᠴᠢ ᠳᠡᠭᠥᠥ ᠨᠠᠷ ᠳᠠᠷᠤᠢ ᠵᠠᠬ᠎ᠠ ᠪᠠ Yǐjufa︵乙居伐︶ ᠪᠦᠷ ᠦᠬᠦᠭᠰᠡᠨ ᠪᠠᠢᠳᠠᠭ᠃    
  ᠠᠪᠢᠶᠠᠨ ᠤ ᠵᠠᠳᠠᠯᠤᠯᠲᠠ᠄ ᠡᠳᠡᠭᠡᠷ ᠬᠢᠲᠠᠳ ᠲᠡᠦᠬᠡᠨ ᠲᠡᠮᠳᠡᠭᠯᠡᠯ ᠳᠡᠬᠢ ᠵᠠᠬ᠎ᠠ ᠳᠡᠭᠥᠥ ᠶᠢᠨ ᠨᠡᠷ᠎ᠡ ᠪᠠ ᠲᠦᠰᠢᠮᠡᠯ ᠦᠨ ᠠᠯᠪᠠᠨ ᠨᠡᠷ᠎ᠡ ᠵᠢᠴᠢ chounu ᠬᠠᠭᠠᠨ ᠤ ᠴᠣᠯᠠ ᠨᠢ ᠬᠦᠢᠰᠦ ᠲᠣᠯᠣᠭᠠᠢ ᠭᠡᠷᠡᠯᠲᠦ ᠬᠦᠰᠢᠶᠡᠨ ᠦ ᠡᠨᠡ ᠮᠦᠷ ᠦᠨ ᠪᠢᠴᠢᠭ ᠲᠠᠢ ᠠᠪᠢᠶᠠᠨ ᠤ ᠲᠠᠯ᠎ᠠ ᠪᠠᠷ ᠮᠠᠰᠢ ᠰᠠᠢᠬᠠᠨ ᠲᠠᠭᠠᠷᠠᠯᠴᠠᠬᠤ  ᠪᠠᠢᠳᠠᠭ᠃ ᠨᠠᠷᠢᠨ ᠠᠭᠤᠯᠭ᠎ᠠ ᠶᠢᠨ ᠬᠠᠷᠢᠴᠠᠭᠤᠯᠤᠭ᠎ᠠ ᠶᠢ ᠳᠣᠣᠷᠠᠬᠢ ᠬᠦᠰᠦᠨᠦᠭ ( H-1) ᠮᠡᠲᠦ᠃    
    
         
  ᠲᠡᠥᠬᠡᠨ ᠣᠴᠢᠷ ᠶᠠᠪᠤᠳᠠᠯ ᠲᠠᠢ ᠬᠠᠷᠢᠴᠠᠭᠤᠯᠬᠤ ᠨᠢ᠄ ᠭᠡᠷᠡᠯᠲᠦ ᠬᠦᠰᠢᠶᠡᠨ ᠦ ᠡᠨᠡ ᠮᠦᠷ ᠦᠨ ᠠᠭᠤᠯᠭ᠎ᠠ ᠶᠢ ᠲᠣᠪᠴᠢᠯᠠᠪᠠᠯ +tan( ᠬᠠᠲᠤᠨ ᠡᠵᠢ ᠪᠤᠶᠤ ᠬᠠᠲᠤᠨ ᠳᠢᠸᠠᠨ) ᠵᠠᠬ᠎ᠠ ᠪᠣᠳᠢ ᠪᠠ ᠪᠡᠬᠢ ᠨᠠᠷ ᠢ ᠪᠠᠢᠶ᠎ᠠ ᠪᠢᠲᠡᠬᠡᠢ ᠭᠡᠵᠦ ᠳᠣᠯᠤ ᠵᠢᠭᠠᠵᠤ ᠦᠭᠭᠦᠪᠡ ᠭᠡᠵᠦ ᠣᠢᠯᠠᠭᠠᠵᠤ ᠪᠣᠯᠣᠨ᠎ᠠ᠃ ᠳᠡᠭᠡᠷ᠎ᠡ ᠶᠠᠷᠢᠭᠰᠠᠨ ᠳᠠᠷᠦᠢ 520 ᠣᠨ ᠳᠦ ᠵᠠᠬ᠎ᠠ ᠳᠡᠭᠥᠥ ᠵᠢᠴᠢ ᠬᠠᠲᠤᠨ ᠡᠵᠢ ᠵᠢᠴᠢ ᠥᠨᠳᠥᠷ ᠲᠦᠰᠢᠮᠡᠯ ᠨᠣᠶᠠᠳ ᠨᠠᠷ ᠬᠠᠮᠲᠤ ᠳᠠᠭᠠᠨ ᠳᠣᠯᠤ︵ ᠬᠠᠭᠠᠨ ᠴᠣᠯᠠ︶ ᠬᠠᠭᠠᠨ ᠢ ᠰᠢᠬᠠᠮᠳᠠᠭᠤᠯᠤᠨ ᠳᠢᠸᠠᠨ ᠬᠠᠲᠤᠨ ᠲᠠᠢ ᠮᠠᠭᠤᠳᠠᠯᠴᠠᠨ  ᠨᠡᠩ ᠴᠢᠨᠠᠭᠰᠢ ᠬᠠᠭᠠᠨ ᠭᠡᠷ ᠦᠨ ᠬᠠᠷᠠᠰᠠᠯᠲᠤ ᠬᠡᠷᠡᠭ ᠪᠣᠯᠣᠭᠰᠠᠨ ᠪᠠᠢᠳᠠᠭ ᠤᠨ ᠣᠴᠢᠷ ᠰᠢᠯᠲᠠᠭᠠᠨ ᠪᠣᠯ ᠵᠠᠬ᠎ᠠ ᠳᠡᠭᠥᠥ ᠪᠠ ᠳᠢᠸᠠᠨ ᠬᠠᠲᠥᠨ ᠤ ᠬᠠᠷᠢᠴᠠᠭ᠎ᠠ ᠲᠠᠰᠤᠷᠠᠭᠰᠠᠨ ᠵᠢᠴᠢ ᠡᠵᠢ ᠬᠠᠲᠥᠨ ᠪᠠ ᠲᠦᠰᠢᠮᠡᠯ ᠨᠠᠷ ᠰᠦᠯᠪᠡᠭᠡᠯᠳᠡᠨ ᠳᠢᠸᠠᠨ ᠬᠠᠲᠤᠨ ᠢ ᠠᠯᠠᠭᠰᠠᠨ ᠣᠴᠢᠷ ᠠᠴᠠ ᠡᠭᠦᠰᠦᠯ ᠲᠠᠢ᠃    
  ᠲᠡᠢᠮᠦ ᠡᠴᠡ ᠡᠨᠡ ᠮᠦᠷ ᠲᠦ dolu ᠪᠣᠯ chounu ᠬᠠᠭᠠᠨ ᠤ ᠴᠣᠯᠠ ᠪᠣᠯᠬᠤ ᠨᠢ ᠯᠠᠪ ᠲᠠᠭᠠᠷᠠᠨ᠎ᠠ᠂ ᠵᠢᠴᠢ ᠳᠣᠯᠣᠳᠤᠭᠠᠷ ᠮᠦᠷ ᠲᠦ ᠳᠣᠯᠤ ᠬᠠᠭᠠᠨ ᠤ ᠨᠡᠷ᠎ᠡ ᠨᠢ ᠪᠠᠰᠠ ᠢᠯᠡᠷᠡᠳᠡᠭ ᠣᠴᠢᠷ ᠠᠴᠠ ᠮᠠᠰᠢ ᠪᠠᠲᠤᠯᠠᠭᠠᠲᠠᠢ ᠪᠣᠯᠵᠠᠢ᠃ ᠲᠡᠢᠮᠦ ᠡᠴᠡ ᠳᠣᠯᠤ ᠬᠠᠭᠠᠨ ᠤ ᠬᠠᠲᠤᠨ ᠪᠠ ᠳᠡᠭᠥᠥ ᠵᠠᠬ᠎ᠠ ᠵᠢᠴᠢ ᠬᠠᠲᠤᠨ ᠡᠵᠢ  ᠪᠠ ᠲᠦᠰᠢᠮᠡᠯ ᠨᠠᠷ ᠡᠶ᠎ᠡ ᠡᠪᠲᠡᠢ ᠪᠠᠢᠭᠰᠠᠨ ᠪᠣᠯ ᠬᠠᠭᠠᠨ ᠤ ᠭᠡᠷ ᠪᠦᠯᠢ ᠳᠦ ᠬᠠᠷᠠᠰᠠᠯᠲᠤ ᠬᠡᠷᠡᠭ ᠭᠠᠷᠬᠤ ᠪᠣᠯᠥᠯᠴᠭ᠎ᠠ ᠦᠭᠡᠢ ᠬᠡᠮᠡᠬᠦ ᠰᠠᠨᠠᠭ᠎ᠠ ᠶᠢ ᠳᠠᠯᠳᠠ ᠪᠠᠷ ᠢᠯᠡᠳᠬᠡᠭᠰᠡᠨ ᠪᠣᠯᠠᠢ᠃ ᠲᠡᠢᠮᠦ ᠡᠴᠡ ᠡᠨᠡ ᠮᠦᠷ ᠦᠨ ᠡᠬᠢᠨ ᠦ ᠦᠰᠦᠭ ᠪᠣᠯ ᠬᠠᠲᠤᠨ ᠪᠣᠯ ᠬᠠᠮᠤᠭ ᠲᠣᠬᠢᠷᠠᠮᠵᠢᠲᠠᠢ᠂ ᠳᠠᠷᠠᠭᠠᠯᠠᠪᠠᠯ ᠳᠢᠸᠠᠨ ᠬᠠᠲᠤᠨ ᠤ ᠨᠡᠷ᠎ᠡ ᠪᠠᠰᠠ ᠪᠠᠢᠬᠤ ᠪᠣᠯᠣᠯᠴᠠᠭᠠᠲᠠᠢ᠃    
  ᠳᠠᠬᠢᠨ ᠨᠢᠭᠡᠳᠦᠭᠡᠷ ᠮᠦᠷ ᠳᠡᠬᠢ ᠬᠠᠭᠠᠨ ᠪᠠ ᠲᠢᠭᠢᠨ ᠰᠢᠨ᠎ᠡ ᠪᠤᠳᠢᠰᠲᠢᠸ᠎ᠠ ᠲᠥᠷᠥᠬᠦ ᠭᠡᠬᠦ ᠠᠭᠤᠯᠭ᠎ᠠ ᠲᠠᠢ ᠲᠠᠭᠠᠷᠠᠯᠴᠠᠨ᠎ᠠ᠂ ᠳᠠᠷᠦᠢ520 ᠣᠨ ᠳᠤ ᠳᠣᠯᠤ ᠬᠠᠭᠠᠨ ᠪᠠ ᠬᠣᠶᠠᠷ ᠳᠡᠭᠦᠦ ᠨᠠᠷ ᠨᠢ ᠦᠬᠦᠭᠰᠡᠨ ᠪᠠᠢᠳᠠᠭ᠂ ᠪᠠᠰᠠ ᠨᠠᠢ᠌ᠮᠠᠳᠤᠭᠠᠷ ᠮᠦᠷ  ᠲᠠᠬᠢ ᠲᠤᠲᠤᠭ᠎ᠠ ᠳᠡᠭᠥᠥ ᠶᠢ ᠴᠤ ᠵᠢᠭᠠᠵᠤ ᠪᠠᠢᠬᠤ ᠪᠣᠯᠣᠯᠴᠠᠭᠠᠲᠠᠢ᠃    
  ᠬᠣᠶᠠᠳᠤᠭᠠᠷ ᠮᠦᠷ ᠦᠨᠬᠠᠭᠠᠨ ᠪᠤᠳᠢ ᠬᠠᠭᠠᠨ ᠤ ᠤᠬᠠᠬᠤ ᠤᠬᠠᠵᠤ ᠬᠢᠷᠢ ᠠᠨᠠᠭᠥᠢ  ᠳᠡᠬᠢ ᠬᠠᠭᠠᠨ ᠪᠣᠳᠢ ᠪᠣᠯ ᠠᠨᠠᠭᠦᠢ ᠶᠢᠨ ᠠᠬ᠎ᠠ ᠳᠣᠯᠤ ᠬᠠᠭᠠᠨ ᠶᠢ ᠵᠢᠭᠠᠬᠤ ᠪᠣᠯᠣᠨ᠎ᠠ᠃ ᠲᠡᠭᠦᠨᠴᠢᠯᠡᠨ ᠬᠠᠭᠠᠨ ᠪᠣᠳᠢ ᠶᠢᠨ ᠤᠬᠠᠭᠠᠨ ᠰᠠᠨᠠᠭ᠎ᠠ ᠨᠢ ᠠᠨᠠᠭᠦᠢ ᠠᠳᠠᠯᠢ ᠬᠡᠮᠡᠨ ᠪᠢᠴᠢᠬᠦ ᠨᠢ ᠠᠨᠠᠭᠦᠢ ᠬᠠᠭᠠᠨ  520 ᠣᠨ ᠤ ᠬᠡᠷᠡᠭ ᠣᠴᠢᠷ ᠲᠤ ᠠᠬ᠎ᠠ ᠶᠢ ᠢᠶᠠᠨ ᠳᠡᠮᠵᠢᠵᠦ ᠪᠠᠢᠭᠰᠠᠨ ᠨᠡᠩ ᠴᠢᠨᠠᠭᠰᠢ ᠳᠣᠯᠤ ᠬᠠᠭᠠᠨ ᠢ ᠡᠵᠢ ᠨᠢ ᠲᠦᠰᠢᠮᠡᠯ ᠨᠠᠷ ᠲᠠᠢ ᠰᠦᠯᠪᠡᠭᠡᠯᠳᠡᠨ ᠠᠯᠠᠬᠤ ᠣᠴᠢᠷ ᠲᠤ ᠣᠷᠣᠯᠴᠠᠭᠰᠠᠨ ᠦᠭᠡᠢ ᠬᠡᠮᠡᠬᠦ ᠰᠠᠨᠠᠭ᠎ᠠ ᠶᠢ ᠳᠠᠯᠳᠠ ᠪᠠᠷ ᠢᠯᠡᠳᠬᠡᠭᠰᠡᠨ ᠪᠠᠢᠨ᠎ᠠ᠃    
   ᠬᠠᠲᠤᠨ ᠵᠠᠬ᠎ᠠ ᠪᠣᠳᠢ ᠪᠡᠬᠢ ᠨᠠᠷ ᠪᠠᠢᠶ᠎ᠠ ᠳᠣᠯᠤ ᠵᠢᠭᠠᠵᠤ ᠦᠭᠭᠦᠪᠡ ᠡᠨᠡ ᠮᠦᠷ ᠲᠦ ᠵᠠᠬ᠎ᠠ ᠪᠣᠳᠢ ᠬᠡᠮᠡᠨ ᠪᠢᠴᠢᠭᠰᠡᠨ ᠡᠴᠡ ᠦᠵᠡᠪᠡᠯ  ᠬᠦᠰᠢᠶ᠎ᠡ ᠯᠠᠪᠲᠠᠢ 520 ᠣᠨ ᠤ ᠰᠡᠭᠦᠯᠡᠷ ᠪᠣᠰᠬᠠᠭᠰᠠᠨ᠃    
    
    
4 ᠳᠥᠷᠪᠡᠳᠦᠭᠡᠷ ᠮᠦᠷ ᠲᠦ    
  +? b[] tä| jä lo na-r | kra nya gu-ñ | tu va | pu ro-r | cä cä ra |pu-g tä-g | ña la-n    
  +? b[] tä| jä lo na-r | ᠡᠬᠢᠨ ᠦ ᠬᠣᠶᠠᠷ ᠦᠰᠦᠭ ᠢ ᠥᠷᠥᠨᠡᠳᠠᠬᠢᠨ ᠤ ᠡᠷᠳᠡᠮᠲᠡᠳ ᠪᠠᠲᠤ ᠴᠢᠯᠠᠭᠤᠨ ᠢᠶᠠᠷ ᠬᠡᠮᠡᠨ ᠲᠠᠢᠯᠪᠤᠷᠢᠯᠠᠵᠠᠢ᠂ ᠭᠡᠪᠡᠴᠦ ᠬᠡᠷᠪᠡ ᠡᠨᠡ ᠮᠦᠷ ᠦᠨ ᠪᠤᠰᠤᠳ ᠦᠰᠦᠭ ᠢ ᠣᠢᠯᠠᠭᠠᠬᠤ ᠳᠤ ᠬᠥᠷᠪᠡᠯ ᠪᠢᠳᠠ ᠵᠠᠯᠠᠭᠤ ᠨᠠᠷ ᠬᠡᠮᠡᠨ ᠲᠠᠢᠯᠪᠤᠷᠢᠯᠠᠪᠠᠯ ᠵᠣᠬᠢᠰᠲᠠᠢ ᠰᠢᠭ ᠪᠠᠢᠨ᠎ᠠ᠃    
  kra nya gu-ñ | tu va | pu ro-r ᠪᠣᠯ ᠮᠠᠰᠢ ᠴᠢᠬᠤᠯᠠ ᠦᠰᠦᠭ ᠪᠣᠯᠠᠢ᠃    
  kra nya gu-ñ ᠳᠣᠣᠷᠠᠬᠢ ᠮᠡᠲᠦ ᠲᠠᠢᠯᠪᠤᠷᠢᠯᠠᠨ᠎ᠠ᠃ ᠣᠨ ᠲᠣᠭᠠᠯᠠᠯ ᠤᠨ 520 ᠣᠨ ᠳᠤ ᠳᠣᠯᠤ ᠬᠠᠭᠠᠨ ᠡᠵᠢ ᠳᠡᠬᠡᠨ ᠬᠣᠣᠷᠯᠠᠭᠳᠠᠨ ᠦᠬᠦᠭᠰᠡᠨ ᠦ ᠳᠠᠷᠠᠭ᠎ᠠ ᠠᠨᠠᠭᠦᠢ ᠬᠠᠭᠠᠨ ᠰᠢᠷᠡᠭᠡᠨ ᠳᠦ ᠰᠠᠭᠤᠬᠤ ᠳᠤ ᠳᠣᠲᠣᠭᠠᠳᠤ ᠶᠢᠨ ᠰᠠᠮᠠᠭᠤᠷᠠᠯ ᠠᠴᠠ ᠪᠣᠯᠣᠭᠠᠳ ᠲᠣᠪᠠ ᠸᠧᠢ ᠤᠯᠤᠰ ᠲᠤ ᠲᠦᠰᠢᠨ ᠬᠡᠰᠡᠭ ᠬᠤᠭᠤᠴᠠᠭ᠎ᠠ ᠪᠣᠯᠣᠭᠠᠳ ᠳᠠᠬᠢᠨ ᠲᠣᠪᠠ ᠸᠧᠢ ᠤᠯᠤᠰ ᠤᠨ ᠬᠠᠪᠰᠤᠷᠤᠯᠭ᠎ᠠ ᠪᠠᠷ ᠬᠠᠭᠠᠨ ᠪᠣᠯᠣᠭᠰᠠᠨ᠂ 525 ᠣᠨ ᠳᠤ ᠲᠣᠪᠠ ᠸᠧᠢ ᠤᠯᠤᠰ ᠳᠦ ᠵᠢᠷᠭᠤᠭᠠᠨ ᠪᠠᠯᠭᠠᠰᠤᠨ ᠤ ᠪᠣᠰᠣᠯᠭ᠎ᠠ ᠭᠠᠷᠤᠭᠰᠠᠨ ᠳ᠋ᠤᠷ ᠠᠨᠠᠭᠦᠢ ᠬᠠᠭᠠᠨ ᠠᠷᠪᠠᠨ ᠲᠦᠮᠡᠨ ᠴᠡᠷᠢᠭ ᠳᠠᠢᠴᠢᠯᠠᠨ ᠪᠣᠰᠣᠯᠭ᠎ᠠ ᠶᠢ ᠳᠠᠷᠤᠭᠠᠳ ᠦᠪᠡᠷ ᠢ ᠪᠡᠨ Chilian toubing doufa︵敕連頭兵豆伐︶ ᠬᠠᠭᠠᠨ ᠬᠡᠮᠡᠨ ᠡᠷᠭᠦᠮᠵᠢᠯᠡᠵᠡᠢ ᠭᠡᠵᠦ ᠬᠢᠲᠠᠳ ᠰᠤᠷᠪᠤᠯᠵᠢ ᠪᠢᠴᠢᠭ ᠤᠨ  ᠸᠧᠢ ᠤᠯᠤᠰ ᠤᠨ ᠪᠢᠴᠢᠭ[4] ᠪᠠ Tongjian jishi benmo︵通鑑紀事本末/第二十一卷︶[8] ᠪᠢᠴᠢᠭ ᠲᠤ ᠲᠡᠮᠳᠡᠭᠯᠡᠵᠡᠢ᠃ ᠬᠠᠷᠢᠨ ᠬᠢᠲᠠᠳ ᠤᠨ ᠤᠮᠠᠷᠠᠲᠤ ᠶᠢᠨ ᠲᠡᠦᠬᠡ 98 ᠳ᠋ᠤᠭᠠᠷ ᠪᠣᠳᠢ ᠳ᠋ᠤᠷ Chilian toubing fa︵敕連 頭兵 伐 ︶ᠬᠠᠭᠠᠨ ᠭᠡᠵᠡᠢ᠂ ᠳᠠᠷᠤᠢ dou︵豆︶ ᠬᠡᠮᠡᠬᠦ ᠦᠭᠡ ᠦᠭᠡᠢ᠂ ᠲᠡᠭᠡᠪᠡᠯ ᠡᠨᠳᠡ ᠪᠢ ᠠᠨᠠᠭᠦᠢ ᠴᠣᠯᠠ ᠶᠢ ᠤᠷᠢᠳᠠᠪᠠᠷ ᠬᠢᠲᠠᠳ ᠤᠨ ᠤᠮᠠᠷᠠᠲᠤ ᠶᠢᠨ ᠲᠡᠦᠬᠡ ᠶᠢ[5] ᠠᠪᠴᠤ ᠰᠣᠳᠣᠯᠠᠨ᠎ᠠ᠃    
  ᠲᠡᠭᠦᠨᠴᠢᠯᠡᠨ ᠡᠳᠡᠭᠡᠷ ᠬᠢᠲᠠᠳ ᠪᠢᠴᠢᠭ ᠲᠦ ᠠᠨᠠᠭᠦᠢ ᠬᠠᠭᠠᠨ ᠤ ᠬᠤᠯᠤᠨᠴᠠ ᠡᠪᠦᠭᠡ Wuti︵吴提︶ ᠶᠢᠨ ᠬᠠᠭᠠᠨ ᠤ ᠴᠣᠯᠠ ᠨᠢ Chi lian︵敕連︶ ᠭᠡᠵᠦ ᠪᠠᠢᠭᠰᠠᠨ ᠳᠠᠷᠤᠢ ᠠᠨᠠᠭᠦᠢ ᠬᠠᠭᠠᠨ ᠤ ᠴᠣᠯᠠ ᠶᠢᠨ ᠡᠮᠦᠨᠡᠬᠢ ᠬᠣᠶᠠᠷ ᠦᠰᠦᠭ ᠯᠦ᠋ᠭᠡ ᠢᠵᠢᠯ ᠪᠠᠢᠳᠠᠭ ᠪᠦᠭᠡᠳ ᠳᠣᠣᠷᠠᠬᠢ ᠮᠡᠲᠦ ᠨᠠᠷᠢᠨ ᠪᠢᠴᠢᠭᠰᠡᠨ ᠪᠠᠢᠳᠠᠭ︵子吳提立,號敕連可汗,魏言神聖也。︶ ᠭᠡᠵᠡᠢ᠂ ᠣᠷᠴᠢᠭᠤᠯᠪᠠᠯ ᠳᠠᠷᠦᠢ ᠬᠦᠦ wuti ᠬᠠᠭᠠᠨ ᠰᠢᠷᠡᠭᠡᠨ ᠳᠦ ᠰᠠᠭᠤᠪᠠᠢ᠂ ᠴᠣᠯᠠ ᠠᠨᠤ Chi lian︵敕連︶᠂ ᠬᠢᠲᠠᠳ ᠬᠡᠯᠡᠨ ᠳᠦ ᠪᠤᠷᠬᠠᠨ ᠰᠠᠬᠢᠭᠤᠯᠰᠤᠨ ᠭᠡᠨ᠎ᠡ ᠭᠡᠵᠡᠢ᠃    
  ᠬᠠᠷᠢᠨ ᠠᠨᠠᠭᠦᠢ ᠬᠠᠭᠠᠨ ᠤ ᠴᠣᠯᠠ ᠶᠢ ︵阿那瓌部落既和,士馬稍盛,乃號敕連頭兵豆伐可汗,魏言把攬也。︶ ᠬᠡᠮᠡᠨ ᠲᠡᠮᠳᠡᠭᠯᠡᠵᠡᠢ᠂ ᠣᠷᠴᠢᠭᠤᠯᠪᠠᠯ ᠠᠨᠠᠭᠦᠢ ᠶᠢᠨ ᠠᠢᠮᠠᠭ ᠪᠦᠯᠦᠭ ᠡᠶ᠎ᠡ ᠡᠪᠲᠠᠢ ᠪᠣᠯᠣᠮᠠᠭᠴᠠ ᠴᠡᠷᠢᠭ ᠮᠣᠷᠢᠨ ᠪᠤᠵᠠᠭᠠᠢᠷᠠᠨ᠂ ᠦᠪᠡᠷ ᠢ ᠪᠡᠨ Chilian toubing fa︵敕連頭兵伐︶ ᠬᠠᠭᠠᠨ ᠬᠡᠮᠡᠨ ᠴᠣᠯᠠᠯᠠᠵᠠᠢ᠂ ᠬᠢᠲᠠᠳ ᠬᠡᠯᠡᠨ ᠳᠦ ᠵᠠᠬᠢᠷᠤᠭᠴᠢ ᠭᠡᠨ᠎ᠡ ᠭᠡᠵᠦ ᠲᠡᠮᠳᠡᠭᠯᠡᠵᠡᠢ᠃ ᠲᠡᠭᠡᠪᠡᠯ ᠠᠨᠠᠭᠦᠢ ᠬᠠᠭᠠᠨ ᠤ ᠴᠣᠯᠠ ᠨᠢ ᠬᠤᠯᠤᠨᠴᠠ ᠡᠪᠦᠭᠡ ᠬᠠᠭᠠᠨ ᠤ ᠴᠣᠯᠠ ᠡᠴᠡ ᠭᠤᠷᠪᠠᠨ ᠦᠰᠦᠭ ᠢᠯᠡᠭᠦᠦ ᠪᠠᠢᠳᠠᠭ ᠪᠦᠭᠡᠳ chilian  ᠨᠢ ᠪᠤᠷᠬᠠᠨ ᠰᠠᠬᠢᠭᠤᠯᠰᠤᠨ ᠬᠡᠮᠡᠬᠦ ᠤᠳᠭ᠎ᠠ ᠲᠠᠢ᠂ ᠲᠡᠭᠡᠪᠡᠯ ᠠᠨᠠᠭᠦᠢ ᠬᠠᠭᠠᠨ ᠤ ᠴᠣᠯᠠ ᠶᠢᠨ ᠵᠠᠬᠢᠷᠤᠭᠴᠢ ᠬᠡᠮᠡᠬᠦ ᠲᠠᠢᠯᠪᠤᠷᠢ ᠨᠢ ᠵᠥᠪᠬᠡᠨ chilian ᠡᠴᠡ ᠪᠤᠰᠤᠳ ᠦᠭᠡ ᠶᠢ ᠨᠢ ᠵᠢᠭᠠᠵᠤ ᠪᠠᠢᠭ᠎ᠠ ᠶᠤᠮ᠃    
  ᠳᠣᠣᠷ᠎ᠠ ᠪᠢᠳᠠᠨ ᠡᠨᠡ ᠭᠤᠷᠪᠠᠨ ᠦᠭᠡ ᠶᠢ ᠬᠣᠢᠨ᠎ᠠ ᠠᠴᠠ ᠨᠢ ᠡᠮᠦᠨᠡᠰᠢ ᠲᠠᠢᠯᠪᠤᠷᠢᠯᠠᠶ᠎ᠠ᠃    
  ᠤᠷᠢᠳᠠᠪᠠᠷ puror ᠬᠡᠮᠡᠬᠦ ᠦᠰᠦᠭ ᠢ ᠦᠵᠡᠶ᠎ᠡ᠃ ᠺᠠᠨᠠᠳᠠ ᠤᠯᠤᠰ ᠤᠨ Sanping Chen ᠡᠷᠳᠡᠮᠲᠡᠨ ᠨᠣᠮ[12]︵P119-157︶ ᠳᠠᠭᠠᠨ ᠬᠢᠲᠠᠳ ᠲᠡᠦᠬᠡᠨ ᠰᠤᠷᠪᠤᠯᠵᠢ ᠪᠢᠴᠢᠭ ᠲᠠᠬᠢ ᠨᠡᠭᠦᠳᠡᠯᠴᠢᠨ ᠦᠨᠳᠦᠰᠦᠲᠡᠨ ᠦ ᠨᠣᠶᠠᠳ ᠲᠦᠰᠢᠮᠡᠳ ᠦᠨ ᠠᠯᠪᠠᠨ ᠨᠡᠷ᠎ᠡ fu︵弗︶ ᠵᠡᠷᠭᠡ ᠦᠭᠡᠰ ᠪᠣᠯ ᠰᠣᠭᠳᠠ ᠦᠭᠡ ᠶᠢᠨpuhr ᠬᠡᠮᠡᠬᠦ ᠦᠭᠡ ᠮᠦᠨ ᠭᠡᠵᠦ ᠮᠠᠰᠢ ᠨᠠᠷᠢᠨ ᠲᠠᠢᠯᠪᠤᠷᠢᠯᠠᠭᠰᠠᠨ ᠪᠠᠢᠳᠠᠭ᠂ ᠨᠡᠭᠦᠳᠡᠯᠴᠢᠳ ᠡᠨᠡᠬᠥ puhr ᠬᠡᠮᠡᠬᠦ ᠰᠣᠭᠳᠠ ᠦᠭᠡ ᠬᠡᠷᠡᠭᠯᠡᠬᠦ ᠳᠡᠬᠡᠨ ᠤᠤᠯ ᠤᠨ ᠬᠦᠦ ᠭᠡᠬᠦ ᠤᠤᠳᠬ᠎ᠠ ᠪᠠᠨ ᠠᠯᠳᠠᠵᠤ ᠬᠠᠭᠠᠨ ᠨᠣᠶᠠᠳ ᠤᠨ ᠵᠡᠷᠭᠡ ᠬᠡᠷᠬᠡᠮ ᠦᠨ ᠨᠡᠷ᠎ᠡ ᠦᠭᠡ ᠪᠣᠯᠣᠨ ᠬᠤᠪᠢᠷᠠᠭᠰᠠᠨ ᠪᠠᠢᠳᠠᠭ᠃    
  ᠵᠢᠱᠢᠶᠡᠯᠡᠪᠡᠯ Sanping Chen ᠡᠷᠳᠡᠮᠲᠡᠨ ᠦ ᠦᠵᠡᠬᠦ ᠪᠡᠷ ᠠᠯᠲᠠᠢ ᠬᠡᠯᠡᠨ ᠦ ᠪᠠᠭᠠᠲᠤᠷ ᠭᠡᠬᠦ ᠦᠰᠦᠭ ᠪᠣᠯ ᠬᠢᠲᠠᠳ ᠰᠤᠷᠪᠤᠯᠵᠢ ᠪᠢᠴᠢᠭ ᠲᠦ mohe fu︵莫何 弗︶  ᠭᠡᠵᠦ ᠲᠡᠮᠳᠡᠭᠯᠡᠵᠦ ᠪᠠᠢᠭᠰᠠᠨ ᠪᠥᠭᠡᠳ ᠪᠠᠭᠠᠲᠤᠷ ᠭᠡᠬᠦ ᠦᠭᠡ ᠨᠢ ᠰᠣᠭᠳᠠ ᠦᠭᠡ ᠶᠢᠨ ᠲᠡᠭᠷᠢ︵baga︶ ᠶᠢᠨ ᠬᠦᠦ︵ puhr︶ ᠭᠡᠰᠡᠨ ᠬᠣᠶᠠᠷ ᠦᠭᠡᠰ ᠢᠶᠡᠷ ᠪᠦᠷᠢᠯᠳᠦᠳᠡᠭ᠂ ᠡᠨᠡᠬᠥ ᠦᠭᠡ ᠨᠢ ᠤᠷᠲᠤ ᠤᠳᠠᠭᠠᠨ ᠣᠨ ᠴᠠᠭ ᠪᠣᠯᠣᠭᠠᠳ puhr ᠦᠨ ᠫ ᠭᠡᠢᠭᠦᠯᠦᠭᠴᠢ ᠠᠪᠢᠶ᠎ᠠ ᠨᠢ ᠲ ᠠᠪᠢᠶ᠎ᠠ ᠪᠣᠯᠣᠭᠠᠳ ᠡᠳᠦᠭᠡ ᠶᠢᠨ ᠠᠯᠲᠠᠢ ᠬᠡᠯᠡᠨ ᠦ ᠪᠠᠭᠠᠲᠤᠷ ᠪᠣᠯᠪᠠ ᠭᠡᠵᠡᠢ᠃    
  ᠲᠡᠷᠡ fu︵弗︶ ᠲᠠᠢ ᠠᠪᠢᠶ᠎ᠠ ᠢᠵᠢᠯᠢᠬᠡᠨ fa︵發᠂伐 ︶ ᠵᠡᠷᠭᠡ ᠦᠭᠡᠰ ᠨᠢ ᠪᠣᠯ ᠬᠢᠲᠠᠳ ᠲᠡᠦᠬᠡᠴᠢᠳ ᠨᠡᠭᠦᠳᠡᠯᠴᠢᠨ ᠦᠨᠳᠦᠰᠦᠲᠡᠨ ᠦ puhr ᠭᠡᠬᠦ ᠨᠢᠭᠡ ᠦᠭᠡ ᠶᠢ ᠠᠳᠠᠯᠢ ᠪᠤᠰᠤ ᠬᠢᠲᠠᠳ ᠦᠭᠡ ᠪᠠᠷ ᠲᠡᠮᠳᠡᠭᠯᠡᠭᠰᠡᠨ ᠤᠴᠢᠷ ᠠᠴᠠ ᠡᠨᠡᠬᠥ ᠭᠡᠷᠡᠯᠲᠦ ᠬᠦᠰᠢᠶᠡᠨ ᠦ puror ᠪᠣᠯ ᠰᠣᠭᠳᠠ ᠦᠰᠦᠭ puhr ᠪᠣᠯᠬᠤ ᠪᠥᠭᠡᠳ ᠬᠢᠲᠠᠳ ᠤᠨ ᠰᠤᠷᠪᠤᠯᠵᠢ ᠪᠢᠴᠢᠭ ᠲᠡᠬᠢ ᠠᠨᠠᠭᠦᠢ ᠬᠠᠭᠠᠨ ᠤ ᠴᠣᠯᠠ ᠶᠢᠨfa︵伐︶ ᠯᠤᠭ᠎ᠠ ᠰᠢᠭᠤᠳ ᠲᠠᠭᠠᠷᠠᠯᠴᠠᠬᠤ ᠪᠣᠯᠣᠨ᠎ᠠ᠃ ᠡᠨᠳᠡ ᠮᠣᠩᠭᠣᠯ ᠬᠡᠯᠡᠨ ᠳᠦ ᠫᠦᠷᠦᠷ ᠭᠡᠵᠦ ᠪᠠᠭᠤᠯᠭᠠᠨ᠎ᠠ᠃   
  ᠳᠠᠬᠢᠨtuwa ᠭᠡᠬᠦ ᠦᠭᠡ ᠶᠢ ᠠᠭᠤᠯᠭ᠎ᠠ ᠶᠢᠨ ᠲᠠᠯ᠎ᠠ ᠠᠴᠠ ᠵᠠᠳᠠᠯᠤᠯᠲᠠ ᠬᠢᠶ᠎ᠡ᠂ ᠬᠢᠲᠠᠳ ᠰᠤᠷᠪᠤᠯᠵᠢ ᠪᠢᠴᠢᠭ[4] ᠲᠦ ᠷᠦᠷᠠᠨ ᠤ qili fa︵俟力發︶ ᠪᠠ qini fa︵俟匿伐 ︶ᠵᠡᠷᠭᠡ ᠬᠠᠭᠠᠨ ᠡᠵᠡᠨ ᠦ ᠠᠪᠠᠭ᠎ᠠ ᠡᠴᠢᠭᠡ ᠶᠢᠨ ᠬᠦᠪᠡᠭᠥᠳ ᠪᠠ ᠡᠴᠢᠭᠡ ᠨᠢᠭᠡ ᠡᠬᠡ ᠥᠭᠡᠷ᠎ᠡ ᠬᠥᠪᠡᠭᠦᠳ ᠨᠣᠶᠠᠳ ᠦᠨ ᠠᠯᠪᠠᠨ ᠨᠡᠷ᠎ᠡ ᠪᠠᠢᠳᠠᠭ ᠪᠥᠭᠡᠳ ᠪᠦᠷ ᠬᠠᠭᠠᠨ ᠴᠣᠯᠠ ᠲᠠᠢ ᠠᠳᠠᠯᠢ fa︵ 發 ᠪᠤᠶᠤ伐 ︶ᠬᠡᠮᠡᠬᠦ ᠠᠷᠤ ᠶᠢᠨ ᠦᠰᠦᠭ ᠲᠠᠢ᠂ ᠳᠡᠭᠡᠷ᠎ᠡ ᠶᠠᠷᠢᠭᠰᠠᠨ ᠳᠠᠷᠦᠢ ᠡᠨᠡ ᠭᠡᠷᠡᠯᠲᠦ ᠬᠦᠰᠢᠶᠡᠨ ᠦ puror ᠪᠣᠯᠣᠨ᠎ᠠ᠃ ᠲᠡᠭᠡᠪᠡᠯ ᠪᠢᠳᠠᠨ俟力 ᠪᠠ俟匿 ᠶᠢ ᠠᠪᠢᠶᠠᠨ ᠤ ᠲᠠᠯ᠎ᠠ ᠪᠠᠷ ᠵᠠᠳᠠᠯᠤᠯᠲᠠ ᠬᠢᠪᠡᠯ ᠳᠣᠣᠷᠠᠬᠢ ᠬᠦᠰᠦᠨᠦᠭ ᠮᠡᠲᠦ᠂ ᠳᠠᠷᠦᠢ ᠮᠣᠩᠭᠣᠯ ᠬᠡᠯᠡᠨ ᠦ ᠵᠢᠵᠢᠭ ᠬᠡᠮᠡᠬᠦ ᠦᠰᠦᠭ  ᠤᠨ ᠠᠪᠢᠶ᠎ᠠ ᠠᠪ ᠠᠳᠠᠯᠢᠬᠠᠨ ᠪᠠᠢᠳᠠᠭ (ᠬᠦᠰᠦᠨᠦᠭ H- 2)᠃    
    
       
  ᠬᠡᠷᠪᠡ ᠡᠳᠡᠭᠡᠷ ᠨᠣᠶᠠᠳ ᠨᠢ ᠵᠢᠵᠢᠭ ᠫᠦᠷᠦᠷ︵fa發︶ ᠨᠣᠶᠠᠳ ᠪᠣᠯᠬᠤ ᠳᠤ ᠬᠦᠷᠪᠡᠯ ᠯᠠᠪ ᠶᠡᠬᠡ ᠫᠦᠷᠦᠷ︵fa發︶ ᠪᠠᠢᠬᠤ ᠪᠥᠭᠡᠳ ᠵᠥᠪᠬᠡᠨ ᠬᠠᠭᠠᠨ ᠬᠦᠮᠦᠨ ᠢ ᠯᠠ ᠵᠢᠭᠠᠬᠤ ᠪᠣᠯᠬᠤ ᠶᠤᠮ᠃ ᠬᠡᠷᠪᠡ ᠪᠢᠳᠠᠨ ᠳᠠᠬᠢᠭᠠᠳ ᠬᠢᠲᠠᠳ ᠰᠤᠷᠪᠤᠯᠵᠢ ᠪᠢᠴᠢᠭ ᠲᠠᠬᠢ ᠠᠨᠠᠭᠦᠢ ᠬᠠᠭᠠᠨ ᠤ ᠴᠣᠯᠠ ᠶᠢᠨ TouBing︵頭兵︶ᠬᠡᠮᠡᠬᠦ ᠦᠭᠡ ᠶᠢᠨ ᠡᠷᠲᠡ ᠦ ᠦᠶ᠎ᠡ  ᠶᠢᠨ ᠠᠪᠢᠶ᠎ᠠ ᠶᠢ ᠰᠡᠷᠭᠦᠭᠡᠪᠡᠯ d«u piaN (ᠬᠦᠰᠦᠨᠦᠭ H-2) ᠪᠣᠯᠣᠨ᠎ᠠ ᠳᠠᠷᠦᠢ ᠡᠨᠡ ᠮᠦᠷ ᠦᠨ tuwa ᠬᠡᠮᠡᠬᠦ ᠦᠰᠦᠭ ᠠᠪᠢᠶᠠᠨ ᠤ ᠲᠠᠯ᠎ᠠ ᠪᠠᠷ ᠢᠵᠢᠯᠢᠬᠡᠨ ᠲᠠᠭᠠᠷᠠᠵᠤ ᠪᠣᠢ᠃    
  ᠡᠢᠮᠦ ᠡᠴᠡ toubing ᠪᠣᠯ ᠳᠠᠷᠦᠢ ᠬᠦᠢᠰᠦ ᠲᠣᠯᠣᠭᠠᠢ ᠶᠢᠨ ᠪᠢᠴᠢᠭ ᠦᠨ tuwa ᠪᠣᠯᠬᠤ ᠪᠥᠭᠡᠳ ᠲᠥᠪ ᠬᠡᠮᠡᠬᠦ ᠮᠣᠩᠭᠣᠯ ᠦᠰᠦᠭ ᠪᠣᠯᠥᠨ᠎ᠠ᠂ ᠲᠡᠭᠡᠪᠡᠯ ᠡᠨᠡ ᠨᠢ ᠯᠠᠪᠲᠠᠢ ᠵᠢᠵᠢᠭ ᠫᠦᠷᠦᠷ︵fa發 ᠪᠤᠶᠤ伐︶  ᠨᠣᠶᠠᠳ ᠨᠠᠷ ᠤᠨ ᠲᠥᠪ ᠵᠠᠬᠢᠷᠤᠭᠴᠢ ᠬᠠᠭᠠᠨ ᠯᠠ ᠪᠣᠯᠬᠤ ᠶᠤᠮ᠂ ᠲᠡᠢᠮᠦ ᠡᠴᠡ ᠬᠢᠲᠠᠳ ᠰᠤᠷᠪᠤᠯᠵᠢ ᠪᠢᠴᠢᠭ ᠦᠨ ᠠᠨᠠᠭᠦᠢ ᠶᠢᠨ ᠴᠣᠯᠠ ᠶᠢᠨ ᠵᠠᠬᠢᠷᠤᠭᠴᠢ ᠭᠡᠬᠦ ᠲᠠᠢᠯᠤᠮᠵᠢ ᠲᠠᠢ ᠶᠠᠪ ᠴᠠᠪ ᠲᠠᠭᠠᠷᠠᠨ᠎ᠠ᠃   
  ᠳᠠᠬᠢᠨ ᠬᠠᠮᠤᠭ ᠡᠮᠦᠨᠡᠬᠢ kra nya gu-ñ ᠭᠡᠬᠦ ᠦᠰᠦᠭ ᠢ ᠦᠵᠡᠶ᠎ᠡ᠃ ᠬᠢᠲᠠᠳ ᠰᠤᠷᠪᠤᠯᠵᠢ ᠪᠢᠴᠢᠭ ᠲᠠᠬᠢ ᠠᠨᠠᠭᠦᠢ ᠬᠠᠭᠠᠨ ᠤ ᠴᠣᠯᠠ ᠶᠢᠨ chilian  ᠤ ᠡᠷᠲᠡᠨ ᠦ ᠠᠪᠢᠶ᠎ᠠ [9] ᠶᠢ ᠰᠡᠷᠭᠦᠭᠡᠪᠡᠯ xA(I l˜(En ᠪᠣᠯᠣᠨ᠎ᠠ᠂ ᠡᠨᠡᠬᠥ ᠭᠡᠷᠡᠯᠲᠦ ᠬᠦᠰᠢᠶᠡᠨ ᠦ kra nya gu-ñ ᠯᠣᠭ᠎ᠠ ᠮᠠᠰᠢ ᠢᠵᠢᠯᠢᠬᠡᠨ ᠪᠠᠢᠨ᠎ᠠ᠂ ᠳᠠᠷᠦᠢ ᠬᠦᠰᠦᠨᠦᠭ ( H- 3) ᠳᠤ ᠬᠤᠷᠢᠶᠠᠩᠭᠤᠢᠯᠠᠭᠰᠠᠨ ᠮᠡᠲᠦ᠃   
   
       
   
  ᠳᠡᠭᠡᠷᠡᠬᠢ ᠭᠤᠷᠪᠠᠨ ᠦᠭᠡᠰ ᠦᠨ ᠠᠪᠢᠶ᠎ᠠ ᠪᠠ ᠠᠭᠤᠯᠭ᠎ᠠ ᠶᠢ ᠬᠤᠷᠢᠶᠠᠩᠭᠤᠢᠯᠠᠪᠠᠯ ᠳᠠᠷᠦᠢ kra nya gu-ñ | tu va | pu ro-r ᠬᠡᠮᠡᠬᠦ ᠦᠰᠦᠭ ᠪᠣᠯ ᠬᠢᠲᠠᠳ ᠤᠨ ᠰᠤᠷᠪᠤᠯᠵᠢ ᠪᠢᠴᠢᠭ ᠲᠠᠬᠢ ᠠᠨᠠᠭᠦᠢ ᠬᠠᠭᠠᠨ ᠤ ᠴᠣᠯᠠ Chilian toubing fa ᠪᠣᠯᠣᠨ᠎ᠠ᠃ ᠮᠣᠩᠭᠣᠯ ᠢᠶᠠᠷ ᠬᠠᠷᠠᠶᠦᠨ ᠲᠥᠪ ᠫᠦᠷᠦᠷ ᠭᠡᠵᠦ ᠪᠠᠭᠤᠯᠭᠠᠨ᠎ᠠ᠃   
  cicira ᠬᠡᠮᠡᠬᠦ ᠦᠰᠦᠭ ᠬᠣᠢᠨᠠᠬᠢ ᠦᠰᠦᠭ pugtag ᠨᠢ ᠠᠯᠪᠠᠨ ᠨᠡᠷ᠎ᠡ ᠪᠣᠯᠬᠤ ᠣᠴᠢᠷ ᠠᠴᠠ ᠴᠠᠴᠠᠷᠠ ᠨᠢ ᠬᠦᠮᠦᠨ ᠦ ᠨᠡᠷ᠎ᠡ ᠪᠣᠯᠤᠨ᠎ᠠ᠂ ᠰᠠᠴᠤᠷᠠ ᠬᠡᠮᠡᠬᠦ ᠮᠣᠩᠭᠣᠯ ᠨᠡᠷ᠎ᠡ ᠲᠠᠢ ᠮᠠᠰᠢ ᠢᠵᠢᠯᠢᠬᠡᠨ ᠪᠠᠢᠨ᠎ᠠ᠃   
  pugta-g ᠷᠦᠷᠠᠨ ᠤ ᠨᠣᠶᠠᠳ ᠤᠨ ᠠᠯᠪᠠᠨ ᠲᠤᠰᠢᠶᠠᠯ ᠤᠨ ᠨᠡᠷ᠎ᠡ ᠪᠣᠯᠣᠨ᠎ᠠ᠃ ᠬᠢᠲᠠᠳ ᠤᠨ ᠤᠮᠠᠷᠠᠲᠤ ᠶᠢᠨ ᠲᠡᠦᠬᠡ︵北史/卷098︶ ᠬᠡᠮᠡᠬᠦ ᠪᠢᠴᠢᠭ [5] ᠲᠦ阿那瑰遣其吐豆登鬱久閭匿伏、俊利阿夷普掘、蒱提棄之伏等迎公主于新城之南。 ᠬᠡᠮᠡᠨ ᠲᠡᠮᠳᠡᠭᠯᠡᠵᠡᠢ᠃ ᠣᠷᠴᠢᠭᠤᠯᠪᠠᠯ ᠠᠨᠠᠭᠦᠢ ᠬᠠᠭᠠᠨ ᠲᠥᠳᠡᠨ ᠬᠢᠷᠢ yifu ᠪᠠ junli ayi pujue ᠵᠢᠴᠢ putiqi zhifu ᠭᠤᠷᠪᠠᠨ ᠨᠣᠶᠠᠳ ᠢ ᠢᠯᠡᠭᠡᠨ ᠰᠢᠨ᠎ᠡ ᠬᠣᠲᠠ ᠶᠢᠨ ᠡᠮᠦᠨ᠎ᠡ ᠭᠦᠭᠵᠥ ᠶᠢ ᠤᠭᠲᠤᠪᠠ ᠭᠡᠵᠡᠢ᠃ ᠡᠨᠳᠡᠬᠢ putiqi︵蒱提棄︶  ᠬᠡᠮᠡᠬᠦ ᠠᠯᠪᠠᠨ ᠨᠡᠷ᠎ᠡ ᠶᠢᠨ ᠡᠷᠲᠡᠨ ᠤ ᠠᠪᠢᠶ᠎ᠠ ᠶᠢ ᠰᠡᠷᠭᠦᠭᠡᠪᠡᠯ bhuo dhiei khi ᠪᠣᠯᠣᠨ᠎ᠠ (ᠬᠦᠰᠦᠨᠦᠭ H- 4)᠃ ᠡᠨᠡ ᠨᠢ putag ᠯᠤᠭ᠎ᠠ ᠠᠪᠢᠶ᠎ᠠ ᠨᠢ ᠶᠠᠪ ᠴᠠᠪ ᠲᠠᠭᠠᠷᠠᠬᠤ ᠶᠢᠨ ᠣᠴᠢᠷ ᠠᠴᠠputag ᠪᠣᠯ ᠷᠦᠷᠠᠨ ᠤ ᠨᠣᠶᠠᠳ ᠤᠨ ᠠᠯᠪᠠᠨ ᠨᠡᠷ᠎ᠡ ᠪᠣᠯᠣᠨ᠎ᠠ᠃ ᠳᠠᠬᠢᠭᠠᠳ ᠪᠢ putiqi︵蒱提棄︶ᠬᠡᠮᠡᠬᠦ ᠦᠭᠡ ᠶᠢ ᠬᠢᠲᠠᠳ ᠤᠨ ᠪᠤᠰᠤᠳ ᠰᠤᠷᠪᠤᠯᠵᠢ ᠪᠢᠴᠢᠭ ᠡᠴᠡ ᠡᠷᠢᠭᠰᠡᠨ ᠪᠣᠯᠪᠠᠴᠤ ᠣᠯᠵᠤ ᠳᠡᠢᠯᠦᠭᠰᠡᠨ ᠦᠭᠡᠢ᠂ ᠲᠡᠢᠮᠦ ᠡᠴᠡ ᠬᠦᠢᠰᠦ ᠲᠣᠯᠣᠭᠠᠢ ᠶᠢᠨ ᠪᠢᠴᠢᠭᠡᠰᠦ ᠪᠣᠯ ᠷᠦᠷᠠᠨ ᠬᠠᠭᠠᠨᠲᠤ ᠭᠦᠷᠦᠨ ᠦ ᠪᠢᠴᠢᠭᠡᠰᠦ ᠪᠣᠯᠣᠨ᠎ᠠ ᠭᠡᠰᠡᠨ ᠢ ᠪᠠᠰᠠ ᠨᠢᠭᠡᠨ ᠠᠯᠬᠤᠮ ᠪᠠᠲᠤᠯᠠᠭᠰᠠᠨ ᠪᠠᠢᠨ᠎ᠠ᠃   
   
     
  nalan ᠬᠠᠮᠲᠤᠷᠠᠨ ᠨᠡᠢᠯᠡᠨ ᠬᠡᠮᠡᠬᠦ ᠦᠭᠡ᠂ ᠡᠳᠡᠭᠡᠷ ᠨᠣᠶᠠᠳ ᠲᠦᠰᠢᠮᠡᠳ ᠨᠡᠢᠯᠡᠨ ᠬᠡᠮᠡᠨ ᠣᠢᠯᠠᠭᠠᠨ᠎ᠠ᠃  
  ᠲᠡᠭᠡᠪᠡᠯ ᠡᠨᠡ ᠮᠦᠷ ᠦᠨ ᠠᠭᠤᠯᠭ᠎ᠠ ᠶᠢ ᠲᠠᠢᠯᠪᠤᠷᠢᠯᠠᠪᠠᠯ+ ᠪᠢᠳᠠ ᠵᠠᠯᠠᠭᠤ ᠨᠠᠷ ᠬᠠᠷᠠᠶᠣᠨ ᠲᠥᠪ ᠫᠦᠷᠦᠷ︵ ᠠᠨᠠᠭᠦᠢ ᠬᠠᠭᠠᠨ︶ᠴᠠᠴᠠᠷᠠ ᠫᠦᠲᠢᠭᠡ ᠨᠡᠢᠯᠡᠨ ᠭᠡᠵᠦ ᠪᠠᠭᠤᠯᠭᠠᠨ᠎ᠠ᠃ᠡᠨᠳᠡ ᠬᠠᠷᠠᠶᠦᠨ ᠲᠥᠪ ᠫᠦᠷᠦᠷ ᠬᠡᠮᠡᠬᠦ ᠦᠭᠡ 525 ᠣᠨ ᠳᠤ ᠠᠨᠠᠭᠦᠢ ᠬᠠᠭᠠᠨ ᠤ ᠴᠣᠯᠠ ᠪᠣᠯᠣᠭᠰᠠᠨ ᠣᠴᠢᠷ ᠡᠨᠡᠬᠥ ᠭᠡᠷᠡᠯᠲᠦ ᠬᠦᠰᠢᠶ᠎ᠡ ᠨᠢ ᠯᠠᠪᠲᠠᠢ 525 ᠣᠨ ᠡᠴᠡ ᠬᠣᠢᠰᠢ ᠪᠣᠰᠬᠠᠭᠰᠠᠨ᠃  
  
5 ᠲᠠᠪᠤᠳᠤᠭᠠᠷ ᠮᠦᠷ ᠳᠤ  
  × | k[] ga + + ka to | ña[-?]r | du gä-d | nä rä | ka ga-n | tu rūg | ka ga-n  
  ᠡᠮᠦᠨᠡᠬᠢ ᠬᠡᠳᠦᠨ ᠦᠭᠡ ᠶᠢ ᠬᠠᠭᠠᠨ ᠤ ᠬᠠᠲᠤᠨ ᠨᠠᠷ ᠳᠡᠭᠦᠦ ᠤᠳ ᠬᠡᠮᠡᠨ ᠪᠠᠭᠤᠯᠭᠠᠨ᠎ᠠ᠃  
  | nä rä | ka ga-n | tu rūg | ka ga-n ᠳᠦᠷᠪᠡᠨ ᠦᠰᠦᠭ ᠢ ᠨᠢᠷᠢ ᠬᠠᠭᠠᠨ ᠪᠠ ᠲᠥᠷᠥᠭ ᠬᠠᠭᠠᠨ ᠭᠡᠵᠦ ᠪᠠᠭᠤᠯᠭᠠᠨ᠎ᠠ᠃  
ᠡᠨᠡᠬᠥ ᠮᠦᠷ ᠲᠦ ᠮᠠᠰᠢ ᠴᠢᠬᠤᠯᠠ ᠨᠢᠭᠡᠨ ᠦᠭᠡ ᠪᠣᠯ ᠨᠢᠷᠢ ᠬᠠᠭᠠᠨ ᠪᠣᠯᠣᠨ᠎ᠠ᠂ Dieter Maue ᠡᠷᠳᠡᠮᠲᠡᠨ ᠡᠨᠡ ᠦᠭᠡ ᠶᠢ ᠪᠠᠷᠠᠭᠤᠨ ᠲᠦᠷᠦᠭ ᠤᠯᠤᠰ ᠤᠨ ᠨᠢᠷᠢ ᠬᠠᠭᠠᠨ ᠬᠡᠮᠡᠵᠡᠢ᠂ ᠹᠷᠠᠨᠼᠢ ᠤᠯᠤᠰ ᠤᠨ ᠡᠷᠳᠡᠮᠲᠡᠨ Étienne de la Vaissière ᠭᠤᠸᠠᠢ ᠦᠭᠦᠯᠡᠯ [14] ᠳᠡᠬᠡᠨ ᠡᠨᠡᠬᠥ ᠭᠡᠷᠡᠯᠲᠦ ᠬᠦᠰᠢᠶ᠎ᠡ ᠪᠣᠯ ᠷᠦᠷᠠᠨ ᠤ ᠰᠡᠭᠦᠯᠴᠢ ᠪᠤᠶᠤ ᠲᠦᠷᠦᠭ ᠤᠯᠤᠰ ᠤᠨ ᠡᠬᠢᠨ ᠦ ᠦᠶᠡᠰ ᠦᠨ ᠪᠠᠢᠭᠤᠯᠤᠭᠰᠠᠨ ᠮᠠᠭᠠᠳ ᠭᠡᠵᠡᠢ᠃ ᠪᠠᠷᠠᠭᠤᠨ ᠲᠦᠷᠦᠭ ᠤᠯᠤᠰ ᠤᠨ ᠨᠢᠷᠢ ᠬᠠᠭᠠᠨ ᠪᠣᠯ ᠨᠡᠢᠲᠡ ᠣᠨ ᠲᠣᠭᠠᠯᠠᠯ ᠤᠨ595-604 ᠣᠨ ᠤ ᠬᠣᠭᠣᠷᠣᠨᠳᠤ ᠬᠠᠭᠠᠨ ᠰᠠᠭᠤᠷᠢᠨ ᠳᠤ ᠪᠠᠢᠭᠰᠠᠨ᠂ ᠲᠥᠷᠥᠭ ᠨᠢᠷᠢ ᠬᠠᠭᠠᠨ ᠤ ᠬᠦᠰᠢᠶ᠎ᠡ ( ᠵᠢᠷᠤᠭ J-5) [16] (P6) ᠶᠢ ᠶᠠᠫᠤᠨ ᠤ ᠲᠡᠤᠬᠡ ᠰᠣᠳᠣᠯᠠᠭᠴᠢ Takashi OSAWA ᠡᠷᠳᠡᠮᠲᠡᠨ ᠬᠦᠢᠰᠦ ᠲᠣᠯᠣᠭᠠᠢ ᠶᠢᠨ ᠬᠥᠰᠢᠶᠡᠨ ᠡᠴᠡ1900km ᠬᠣᠯᠠ ᠪᠠᠢᠭ᠎ᠠ ᠬᠢᠲᠠᠳ ᠤᠯᠤᠰ ᠤᠨ ᠰᠢᠨᠵᠢᠶᠠᠩ ᠤᠢᠭᠤᠷ ᠤᠨ ᠦᠪᠡᠷᠲᠡᠭᠡᠨ ᠵᠠᠰᠠᠬᠤ ᠣᠷᠣᠨ ᠤ ᠲᠡᠭᠷᠢ ᠠᠭᠤᠯᠠᠨ ᠬᠠᠵᠠᠭᠤ ᠳᠠᠬᠢ ᠮᠣᠩᠭᠣᠯ ᠬᠦᠷᠢᠶ᠎ᠡ ᠬᠡᠮᠡᠬᠦ ᠭᠠᠵᠠᠷ ᠲᠤ ᠢᠯᠡᠷᠡᠭᠦᠯᠦᠨ ᠲᠠᠢᠯᠪᠤᠷᠢᠯᠠᠭᠰᠠᠨ ᠪᠠᠢᠨ᠎ᠠ᠃  
  
     
  Étienne de la Vaissière ᠡᠷᠳᠡᠮᠲᠡᠨ [14] ᠦ ᠦᠵᠡᠬᠦ ᠪᠡᠷ ᠨᠢᠷᠢ ᠬᠠᠭᠠᠨ ᠤ ᠬᠦᠰᠢᠶ᠎ᠡ ᠯᠠᠪᠲᠠᠢ ᠦᠪᠡᠷ ᠦᠨ ᠬᠠᠭᠠᠨ ᠤᠯᠤᠰ ᠤᠨ ᠬᠠᠷᠢᠶ᠎ᠠ ᠬᠡᠪᠴᠢᠶᠡᠨ ᠳᠡᠬᠡᠨ ᠪᠠᠢᠭᠤᠯᠬᠤ ᠶᠢᠨ ᠤᠴᠢᠷ ᠠᠴᠠ ᠡᠨᠳᠡᠬᠢ ᠬᠦᠢᠰᠦ ᠲᠣᠯᠣᠭᠠᠢ ᠭᠡᠷᠡᠯᠲᠦ ᠬᠥᠰᠢᠶᠡᠨ ᠦ ᠨᠢᠷᠢ ᠬᠠᠭᠠᠨ ᠪᠣᠯ ᠪᠠᠷᠠᠭᠤᠨ ᠲᠦᠷᠦᠭ ᠦᠨ ᠬᠠᠭᠠᠨ ᠪᠢᠰᠢ ᠭᠡᠵᠡᠢ᠃ ᠳᠠᠬᠢᠨ ᠬᠡᠯᠡᠪᠡᠯ ᠨᠢᠷᠢ ᠬᠠᠭᠠᠨ ᠪᠠ ᠠᠨᠠᠭᠦᠢ ᠬᠠᠭᠠᠨ ᠨᠢᠭᠡᠨ ᠦᠶ᠎ᠡ ᠠᠯᠤᠰᠯᠠᠭᠰᠠᠨ ᠣᠴᠢᠷ ᠠᠴᠠ ᠡᠨᠳᠡᠬᠢ ᠨᠢᠷᠢ ᠪᠠ ᠠᠨᠠᠭᠦᠢ ᠶᠢ ᠬᠣᠯᠪᠣᠵᠤ ᠪᠢᠴᠢᠭᠰᠡᠨ ᠨᠢ ᠶᠡᠬᠡ ᠬᠠᠴᠢᠨ ᠬᠡᠮᠡᠵᠡᠢ᠃  
  ᠲᠡᠭᠡᠪᠡᠯ ᠡᠳᠡᠭᠡᠷ ᠡᠷᠳᠡᠮᠲᠡᠳ Niri ᠬᠡᠮᠡᠬᠦ ᠦᠰᠦᠭ ᠢ ᠵᠦᠪᠬᠡᠨ ᠬᠠᠭᠠᠨ ᠤ ᠨᠡᠷ᠎ᠡ ᠭᠡᠳ ᠲᠠᠢᠯᠪᠤᠷᠢᠯᠠᠬᠤ ᠨᠢ ᠮᠤᠬᠤᠷ ᠵᠠᠮ ᠢᠶᠠᠷ ᠣᠷᠣᠭᠰᠠᠨ ᠪᠠᠢᠨ᠎ᠠ᠂ ᠬᠠᠷᠢᠨ ᠷᠦᠷᠠᠨ ᠬᠡᠮᠡᠨ ᠲᠠᠢᠯᠪᠤᠷᠢᠯᠠᠪᠠᠯ ᠠᠯᠢᠪᠠ ᠣᠴᠢᠷ ᠲᠠᠢᠯᠥᠭ᠌ᠳᠠᠨ᠎ᠠ᠂ ᠳᠠᠷᠦᠢ Niri ᠬᠡᠮᠡᠬᠦ ᠦᠰᠦᠭ ᠨᠢ ᠮᠣᠩᠭᠣᠯ ᠤᠨ ᠨᠢᠷᠤᠭᠤᠨ ᠭᠥᠷᠥᠨ ᠬᠡᠮᠡᠨ ᠲᠠᠢᠯᠪᠠᠰᠤ ᠵᠥᠪ ᠪᠣᠯᠣᠨ᠎ᠠ᠂ ᠮᠣᠩᠭᠣᠯ ᠤᠨ ᠠᠷᠪᠢᠨ ᠲᠡᠦᠬᠡᠴᠢᠳ ᠶᠡᠷᠦᠨᠢ ᠷᠦᠷᠠᠨ ᠢ ᠨᠢᠷᠤᠭᠤᠨ ᠬᠡᠮᠡᠨ ᠲᠠᠢᠯᠪᠤᠷᠢᠯᠠᠵᠤ ᠢᠷᠡᠭᠰᠡᠨ᠂ ᠭᠡᠪᠡᠴᠦ ᠪᠦᠷ ᠲᠠᠭᠠᠮᠠᠭᠯᠠᠯ ᠪᠤᠶᠤ ᠬᠢᠲᠠᠳ ᠰᠤᠷᠪᠤᠯᠵᠢ ᠪᠢᠴᠢᠭ ᠦᠨ ᠦᠭᠡᠰ ᠦᠨ ᠠᠪᠢᠶᠠᠨ ᠤ ᠰᠡᠷᠭᠦᠭᠡᠯᠲᠡ ᠪᠠᠢᠭᠰᠠᠨ᠂ ᠡᠨᠡᠬᠥ ᠭᠡᠷᠡᠯᠲᠦ ᠬᠦᠰᠢᠶᠡᠨ ᠦ Niri ᠬᠡᠮᠡᠬᠦ ᠦᠰᠦᠭ ᠪᠣᠯ ᠰᠢᠭᠤᠳ ᠪᠠᠷᠢᠮᠲᠠ ᠪᠣᠯᠣᠭᠰᠠᠨ ᠣᠴᠢᠷ ᠮᠠᠰᠢ ᠴᠢᠬᠤᠯᠠ ᠠᠴᠢ ᠬᠣᠯᠪᠣᠭᠳᠠᠯ ᠲᠠᠢ᠃ ᠠᠭᠤᠯᠭ᠎ᠠ ᠶᠢᠨ ᠲᠠᠯ᠎ᠠ ᠠᠴᠠ ᠬᠡᠯᠡᠪᠡᠯ ᠡᠨᠡᠬᠥ ᠭᠡᠷᠡᠯᠲᠦ ᠬᠦᠰᠢᠶᠡᠨ ᠪᠣᠯ ᠠᠨᠠᠭᠦᠢ ᠬᠠᠭᠠᠨ ᠠᠬ᠎ᠠ ᠪᠠ ᠳᠡᠭᠦᠦ  ᠵᠢᠴᠢ ᠬᠠᠲᠤᠨ ᠨᠠᠷ ᠲᠤ ᠪᠣᠰᠬᠠᠵᠤ ᠥᠭᠭᠦᠭᠰᠡᠨ ᠪᠥᠭᠡᠳ ᠠᠨᠠᠭᠦᠢ ᠬᠠᠭᠠᠨ ᠤ ᠨᠡᠷ᠎ᠡ ᠵᠢᠴᠢ ᠴᠣᠯᠠ ᠨᠢ ᠪᠠᠢᠳᠠᠭ᠂ ᠪᠠᠰᠠ ᠠᠬ᠎ᠠ ᠬᠠᠨ᠎ᠠ ᠬᠠᠭᠠᠨ ᠤ ᠴᠣᠯᠠ ᠪᠠ ᠨᠡᠷ᠎ᠡ ᠨᠢ ᠪᠠᠢᠳᠠᠭ᠂ ᠲᠡᠭᠦᠨᠴᠢᠯᠡᠨ ᠵᠠᠬ᠎ᠠ ᠳᠡᠭᠦᠦ ᠂ ᠵᠢᠷᠭᠤᠳᠤᠭᠠᠷ ᠮᠦᠷ ᠦᠨ ᠠᠨᠠᠭᠦᠢ ᠬᠠᠭᠠᠨ ᠤ ᠬᠥᠪᠡᠭᠦᠨ ᠠᠷᠭᠢᠨ ᠵᠢᠴᠢ ᠨᠠᠢ᠌ᠮᠠᠳᠤᠭᠠᠷ ᠮᠦᠷ ᠲᠦ ᠠᠨᠠᠭᠦᠢ ᠶᠢᠨ ᠲᠤᠲᠤᠭ᠎ᠠ ᠳᠡᠭᠥᠥ ᠨᠠᠷ ᠤᠨ ᠨᠡᠷ᠎ᠡ ᠵᠢᠴᠢ ᠬᠠᠭᠠᠨ ᠡᠴᠢᠭᠡ ᠶᠢᠨ ᠴᠣᠯᠠ ᠴᠤ ᠭᠠᠷᠴᠤ ᠢᠷᠡᠳᠡᠭ  ᠤᠨ ᠣᠴᠢᠷ ᠡᠴᠡNiri ᠬᠡᠮᠡᠬᠦ ᠦᠭᠡ ᠶᠢ ᠨᠢᠷᠢ ︵ ᠨᠢᠷᠤᠭᠤᠨ︶ ᠤᠯᠤᠰ ᠤᠨ ᠨᠡᠷ᠎ᠡ ᠭᠡᠵᠦ ᠬᠡᠯᠡᠬᠦ ᠨᠢ ᠪᠦᠷ ᠮᠠᠰᠢ ᠪᠠᠲᠤᠯᠠᠭᠠᠲᠠᠢ ᠪᠣᠯᠵᠠᠢ᠃ ᠲᠡᠭᠡᠪᠡᠯ ᠡᠨᠡ ᠮᠦᠷ ᠦᠨ ᠦᠰᠦᠭ ᠢ ᠳᠠᠬᠢᠨ ᠪᠠᠭᠤᠯ



  
     
     