 

ᠠᠮᠢᠳᠠᠨ ᠤ ᠬᠦᠨᠳᠤ ᠶᠡᠭᠡ ᠬᠡᠮ ᠬᠢᠵᠢᠭ ᠎ ᠢ ᠰᠡᠷᠬᠡᠶᠢᠯᠡᠨ ᠵᠠᠰᠠᠬᠤ ᠎ ᠲᠠᠢ ᠬᠤᠯᠪᠤᠭᠳᠠᠭᠰᠠᠨ ᠮᠡᠳᠡᠯᠬᠡ  ᠤᠳ

2019-05-17 10:01
  289
  0
 



    1. ᠶᠠᠭᠤ ᠶᠢ ᠨᠢᠬᠡᠳᠤᠭᠡᠷ᠂ ᠬᠤᠶᠠᠳᠤᠭᠠᠷ᠂ ᠭᠤᠷᠪᠠᠳᠤᠭᠠᠷ ᠲᠦᠷᠦᠯ ᠤᠨ ᠬᠢᠵᠢᠭ ᠬᠡᠬᠦ ᠪᠤᠢ︖
     ᠠᠮᠢᠳᠠᠨ ᠤ ᠬᠢᠵᠢᠭ ᠤᠨ ᠬᠡᠮ ᠡᠬᠦᠰᠭᠡᠭᠴᠢ ᠮᠢᠺᠷᠤᠪ ᠤᠨ ᠬᠤᠤᠷ ᠬᠦᠨᠦᠬᠡᠯ ᠤᠨ ᠬᠡᠮᠵᠢᠶ᠎ᠡ ᠶᠢ ᠦᠨᠳᠤᠰᠤᠯᠡᠵᠦ᠂
ᠠᠮᠢᠳᠠᠨ ᠤ ᠬᠢᠵᠢᠭ ᠢ ᠳᠤᠤᠷᠠᠬᠢ ᠮᠡᠳᠤ ᠭᠤᠷᠪᠠᠨ ᠲᠦᠷᠦᠯ ᠬᠤᠪᠢᠶᠠᠳᠠᠭ᠄
    ᠨᠢᠬᠡᠳᠤᠭᠡᠷ ᠲᠦᠷᠦᠯ ᠤᠨ ᠬᠢᠵᠢᠭ   ᠡᠨᠡ ᠨᠢ ᠬᠦᠮᠤᠨ ᠪᠤᠯᠤᠨ ᠠᠮᠢᠳᠠᠨ ᠳᠤ ᠬᠦᠨᠳᠤ ᠨᠤᠴᠢᠲᠠᠢ
ᠬᠤᠤᠷ ᠬᠦᠨᠦᠬᠡᠯ ᠲᠠᠢ ᠪᠦᠬᠡᠳ ᠡᠷᠡᠰ ᠴᠢᠩᠭ᠎ᠠ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠤ ᠤᠷᠢᠳᠴᠢᠯᠠᠨ ᠰᠡᠷᠭᠡᠶᠢᠯᠡᠬᠦ᠂ ᠡᠵᠡᠮᠳᠡᠨ ᠬᠤᠷᠢᠭᠯᠠᠬᠤ᠂
 ᠠᠯᠠᠵᠦ ᠤᠰᠠᠳᠬᠠᠬᠤ ᠬᠢᠵᠢᠭ ᠢ ᠵᠢᠭᠠᠵᠦ ᠪᠠᠶᠢᠨ᠎ᠠ᠃
    ᠬᠤᠶᠠᠳᠤᠭᠠᠷ ᠲᠦᠷᠦᠯ ᠤᠨ ᠬᠢᠵᠢᠭ   ᠡᠨᠡ  ᠨᠢ ᠬᠦᠨᠳᠤ ᠶᠡᠭᠡ ᠠᠵᠦ ᠠᠬᠤᠢ ᠶᠢᠨ ᠬᠤᠬᠢᠷᠠᠯ
ᠤᠴᠠᠷᠠᠭᠤᠯᠵᠦ ᠮᠡᠳᠡᠬᠦ ᠪᠦᠭᠡᠳ ᠴᠢᠩᠭ᠎ᠠ ᠬᠢᠵᠠᠭᠠᠷᠯᠠᠬᠤ ᠪᠠ ᠠᠯᠠᠵᠦ ᠤᠰᠠᠳᠬᠠᠬᠤ ᠵᠡᠷᠬᠡ ᠠᠷᠭ᠎ᠠ ᠶᠢ ᠠᠪᠴᠤ᠂ ᠦᠷᠪᠢᠰᠤᠨ ᠳᠡᠯᠬᠡᠷᠡᠬᠦ ᠶᠢ ᠨᠢ
ᠰᠡᠷᠭᠡᠶᠢᠯᠡᠬᠦ ᠬᠢᠵᠢᠭ ᠢ ᠵᠢᠭᠠᠵᠦ ᠪᠠᠶᠢᠨ᠎ᠠ᠃
    ᠭᠤᠷᠪᠠᠳᠤᠭᠠᠷ ᠲᠦᠷᠦᠯ ᠤᠨ ᠬᠢᠵᠢᠭ   ᠡᠨᠡ  ᠨᠢ ᠦᠷᠬᠦᠯᠵᠢ ᠲᠤᠬᠢᠶᠠᠯᠳᠤᠳᠠᠭ ᠪᠠ ᠤᠯᠠᠨᠳᠠ ᠡᠬᠦᠰᠴᠤ᠂
ᠬᠦᠨᠳᠤ ᠶᠡᠭᠡ ᠠᠵᠦ ᠠᠬᠤᠢ ᠶᠢᠨ ᠬᠤᠬᠢᠷᠠᠯ ᠤᠴᠠᠷᠠᠭᠤᠯᠵᠦ ᠮᠡᠳᠡᠬᠦ ᠪᠦᠭᠡᠳ ᠬᠤᠷᠢᠭᠯᠠᠬᠤ ᠪᠠ ᠴᠡᠪᠡᠷᠰᠢᠬᠦᠯᠬᠦ ᠴᠢᠬᠤᠯᠠ ᠲᠠᠢ ᠬᠢᠵᠢᠭ ᠢ 
ᠵᠢᠭᠠᠵᠦ ᠪᠠᠶᠢᠨ᠎ᠠ᠃
    ᠠᠮᠢᠳᠠᠨ ᠤ ᠨᠢᠬᠡᠳᠤᠭᠡᠷ᠂ ᠬᠤᠶᠡᠳᠤᠭᠠᠷ᠂ ᠭᠤᠷᠪᠠᠳᠤᠭᠠᠷ ᠲᠦᠷᠦᠯ ᠤᠨ ᠬᠢᠵᠢᠭ ᠤᠨ ᠪᠤᠳᠠᠲᠠᠢ ᠬᠡᠯᠪᠡᠷᠢ ᠶᠢᠨ
ᠭᠠᠷᠴᠠᠭ ᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠬᠡ ᠶᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤᠭᠳᠠᠭᠠᠨ ᠨᠡᠶᠢᠳ ᠡᠯᠡᠨ᠎ᠠ᠃
    2. ᠠᠮᠢᠳᠠᠨ ᠤ ᠬᠠᠯᠳᠠᠪᠤᠷᠢᠳᠤ ᠬᠡᠮ ᠤᠨ ᠳᠡᠯᠭᠡᠷᠡᠬᠦ ᠳᠤ ᠡᠷᠬᠡᠪᠰᠢ ᠪᠦᠷᠢᠳᠤᠬᠦ ᠦᠨᠳᠤᠰᠤᠨ ᠨᠦᠬᠦᠴᠡᠯ  ᠨᠢ ᠶᠠᠭᠤ
ᠪᠤᠢ︖
    ᠠᠮᠢᠳᠠᠨ ᠤ ᠬᠠᠯᠳᠠᠪᠤᠷᠢᠳᠤ ᠬᠡᠮ ᠤᠨ ᠡᠷᠬᠡᠪᠰᠢ ᠪᠦᠷᠢᠳᠤᠬᠦ ᠨᠦᠬᠦᠴᠡᠯ ᠨᠢ ᠬᠡᠪᠡᠯ᠄
    ︵1︶ ᠬᠠᠯᠳᠠᠪᠤᠷᠢᠯᠠᠬᠤ ᠡᠭᠦᠰᠤᠯ ᠪᠠᠰᠠ ᠬᠠᠯᠳᠠᠪᠤᠷᠢᠯᠠᠬᠤ ᠢᠷᠡᠯᠳᠡ ᠬᠡᠳᠡᠭ᠃ ᠡᠨᠡ  ᠨᠢ ᠶᠠᠮᠠᠷ ᠨᠢᠬᠡᠨ
ᠬᠠᠯᠳᠠᠪᠤᠷᠢᠳᠤ ᠬᠡᠮ ᠤᠨ ᠠᠩᠬᠠᠨ ᠤ ᠪᠡᠶ᠎ᠡ ᠨᠢ ᠲᠡᠭᠦᠨ ᠳᠤ ᠠᠮᠢᠳᠤᠷᠠᠨ ᠤᠷᠤᠩᠨᠠᠬᠤ᠂ ᠦᠰᠴᠤ ᠪᠤᠶᠢᠵᠢᠬᠤ᠂ ᠦᠷᠡᠵᠢᠨ ᠲᠦᠯᠵᠢᠬᠦ ᠪᠠ ᠲᠡᠷᠡᠴᠢᠯᠡᠨ
ᠪᠡᠶ᠎ᠡ ᠠᠴᠠ ᠭᠠᠳᠠᠭᠰᠢᠯᠠᠭᠰᠠᠨ ᠠᠮᠢᠳᠠᠨ ᠤ ᠤᠷᠭᠠᠨᠢᠭ ᠴᠤᠭᠴᠠ  ᠠᠴᠠ ᠬᠠᠯᠳᠠᠪᠤᠷᠢᠯᠠᠨ᠎ᠠ ︔
    ︵2︶ ᠬᠠᠯᠳᠠᠮᠠᠳᠠᠭᠠᠢ ᠠᠮᠢᠳᠠᠨ  ᠡᠨᠡ ᠨᠢ ᠶᠠᠮᠠᠷ ᠨᠢᠬᠡᠨ ᠬᠠᠯᠳᠠᠪᠤᠷᠢᠳᠤ ᠬᠡᠮ ᠠᠮᠠᠷᠬᠠᠨ ᠬᠠᠯᠳᠠᠪᠤᠷᠢᠯᠠᠳᠠᠭ
ᠠᠮᠢᠳᠠᠨ ᠢ ᠵᠢᠭᠠᠵᠦ ᠪᠤᠢ︔
    ︵3︶ ᠬᠠᠯᠳᠠᠪᠤᠷᠢᠯᠠᠬᠤ ᠵᠠᠮ ᠮᠦᠷ  ᠡᠨᠡ  ᠨᠢ ᠬᠡᠮ ᠤᠨ ᠠᠩᠬᠠᠨ ᠤ ᠴᠤᠭᠴᠠ ᠨᠢ ᠬᠠᠯᠳᠠᠪᠤᠷᠢᠯᠠᠬᠤ ᠡᠬᠦᠰᠤᠯ ᠢ
ᠭᠠᠳᠠᠭᠰᠢᠯᠠᠭᠤᠯᠤᠭᠰᠠᠨ ᠤ ᠳᠠᠷᠠᠭ᠎ᠠ᠂ ᠵᠤᠬᠢᠬᠤ ᠬᠡᠯᠪᠡᠷᠢ ᠪᠠᠷ ᠲᠠᠬᠢᠨᠳᠠ ᠪᠤᠰᠤᠳ ᠬᠠᠯᠳᠠᠮᠠᠳᠠᠭᠠᠢ ᠠᠮᠢᠳᠠᠨ ᠳᠤ ᠬᠠᠯᠳᠠᠪᠤᠷᠢᠯᠠᠨ᠎ᠠ᠃
    3. ᠰᠢᠯᠤᠬᠡᠢ ᠡᠭᠦᠰᠦᠭᠰᠡᠨ ᠤ ᠰᠡᠭᠦᠯᠡᠷ ᠠᠪᠬᠤ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠳᠤ ᠶᠠᠮᠠᠷ ᠬᠡᠳᠤᠨ ᠠᠭᠤᠯᠭ᠎ᠠ
ᠪᠠᠭᠳᠠᠬᠤ ᠪᠤᠢ ︖
    ᠰᠢᠯᠦᠭᠡᠢ ᠡᠭᠦᠰᠦᠭᠰᠡᠨ ᠤ ᠰᠡᠭᠦᠯᠡᠷ᠂ ᠬᠢᠵᠢᠭ ᠢ ᠪᠦᠳᠦᠮᠵᠢᠲᠠᠢ ᠪᠠᠷ ᠳᠠᠷᠤᠬᠤ ᠶᠢᠨ ᠲᠤᠰᠠᠳᠠ᠂ ᠲᠤᠬᠠᠢ ᠶᠢᠨ ᠭᠠᠵᠠᠷ
᠎ ᠤᠨ ᠠᠷᠠᠳ ᠤᠨ ᠵᠠᠰᠠᠭ ᠤᠨ ᠤᠷᠳᠤᠨ ᠵᠢᠴᠢ ᠮᠠᠯ ᠡᠮᠨᠡᠯᠭᠡ ᠶᠢᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ ᠮᠦᠴᠢᠷ ᠤᠳ ᠬᠠᠤᠯᠢ
ᠴᠠᠭᠠᠵᠠ ᠬᠠᠤᠯᠢ ᠳᠦᠷᠢᠮ ᠤᠨ ᠲᠤᠭᠳᠠᠭᠠᠯ ᠶᠤᠰᠤᠭᠠᠷ᠂ ᠠᠯᠢ ᠤᠯᠠᠨ ᠬᠡᠷᠡᠭᠵᠢᠭᠦᠯᠦᠰᠢᠲᠠᠢ ᠠᠯᠪᠠᠳᠠᠨ ᠬᠡᠷᠡᠭᠵᠢᠭᠦᠯᠬᠦ ᠠᠷᠭ᠎ᠠ ᠬᠡᠮᠵᠢᠶ᠎ᠡ ᠠᠪᠬᠤ
ᠴᠢᠬᠤᠯᠠ ᠲᠠᠢ ᠶᠤᠮ ᠃ ᠡᠭᠦᠨ ᠳᠤ ᠠᠯᠪᠠᠲᠠᠨ ᠪᠢᠳᠡᠭᠦᠮᠵᠢᠯᠡᠬᠦ᠂ ᠠᠯᠪᠠᠲᠠᠨ ᠡᠬᠡᠯᠢᠬᠡ ᠬᠢᠬᠦ ᠂ ᠠᠯᠪᠠᠲᠠᠨ ᠠᠯᠠᠵᠦ ᠨᠢᠳᠤᠯᠬᠤ᠂ ᠠᠯᠪᠠᠲᠠᠨ
ᠠᠷᠢᠭᠤᠳᠬᠠᠬᠤ᠂ ᠠᠯᠪᠠᠲᠠᠨ ᠬᠢᠵᠢᠭ ᠪᠠᠶᠢᠴᠠᠭᠠᠬᠤ ᠪᠠᠭᠲᠠᠨ᠎ᠠ᠃
     4. ᠶᠠᠭᠤ ᠶᠢ ᠬᠤᠤᠷ ᠬᠦᠨᠦᠭᠡᠯ ᠦᠭᠡᠢ ᠰᠢᠢᠳᠪᠤᠷᠢᠯᠡᠬᠦ ᠭᠡᠬᠦ ᠪᠤᠢ︖
    ᠬᠢᠵᠢᠭ ᠤᠨ ᠡᠭᠦᠰᠦᠯ ᠦᠷᠭᠡᠳᠬᠦ ᠶᠢ ᠬᠤᠷᠢᠭᠯᠠᠬᠤ ᠶᠢᠨ ᠲᠦᠯᠦᠭᠡ ᠪᠦᠳᠦᠮᠵᠢᠲᠠᠢ ᠠᠷᠭ᠎ᠠ ᠬᠡᠮᠵᠢᠶ᠎ᠡ ᠠᠪᠬᠤ ᠴᠢᠬᠤᠯᠠ ᠲᠠᠢ
ᠶᠤᠮ᠃ ᠵᠢᠱᠢᠶᠡᠯᠡᠪᠡᠯ ᠠᠮᠢᠲᠠᠨ ᠤ ᠦᠬᠦᠳᠡᠯ ᠢ ᠰᠢᠲᠠᠭᠠᠬᠤ ᠪᠤᠶᠤ ᠭᠦᠨ ᠪᠤᠯᠠᠬᠤ᠂ ᠬᠢᠵᠢᠭ ᠲᠠᠢ ᠠᠮᠢᠲᠠᠨ ᠤ ᠢᠯᠭᠠᠲᠠᠰᠤ ᠶᠢ ᠤᠪᠤᠭᠠᠯᠠᠨ
ᠢᠰᠦᠯᠳᠦᠭᠦᠯᠬᠦ᠂ ᠬᠢᠵᠢᠭ ᠲᠠᠢ ᠠᠮᠢᠲᠠᠨ ᠤ ᠬᠠᠰᠢᠶ᠎ᠠ ᠬᠤᠷᠤᠭ᠎ᠠ  ᠶᠢ ᠠᠷᠢᠭᠤᠳᠬᠠᠯ ᠤᠨ ᠡᠮ ᠰᠦᠷᠴᠢᠨ ᠠᠷᠢᠭᠤᠳᠬᠠᠬᠤ᠂ ᠲᠡᠵᠢᠭᠡᠬᠦ ᠬᠡᠷᠡᠭᠰᠡᠭᠡ
ᠵᠡᠷᠭᠡ ᠬᠡᠷᠡᠭᠰᠡᠯ ᠢ ᠭᠠᠯ ᠢᠶᠠᠷ ᠰᠢᠷᠠᠵᠦ ᠤᠳᠤᠨ ᠠᠷᠢᠭᠤᠳᠬᠠᠬᠤ ᠵᠡᠷᠭᠡ ᠶᠢ ᠬᠤᠤᠷ ᠬᠦᠨᠦᠭᠡᠯ ᠦᠭᠡᠢ ᠰᠡᠶᠢᠳᠪᠤᠷᠢᠯᠡᠬᠦ ᠭᠡᠵᠦ ᠬᠡᠯᠡᠳᠡᠭ᠃
     5. ᠶᠠᠭᠤ  ᠶᠢ ᠲᠤᠰᠭᠠᠷᠯᠠᠬᠤ ᠭᠡᠳᠡᠭ ᠪᠤᠢ︖
     ᠲᠤᠰᠭᠠᠷᠯᠠᠬᠤ ᠭᠡᠳᠡᠭ ᠪᠤᠯ ᠬᠢᠵᠢᠭ ᠲᠠᠢ ᠠᠮᠢᠲᠠᠨ ᠪᠠ ᠰᠡᠵᠢᠭᠲᠡᠢ ᠠᠮᠢᠲᠠᠨ ᠢ ᠠᠰ ᠢᠶᠠᠷ ᠨᠢ ᠲᠡᠵᠢᠭᠡᠵᠦ ᠮᠠᠯᠵᠢᠨ
᠂ ᠬᠢᠨᠠᠨ ᠠᠵᠢᠭᠯᠠᠵᠦ ᠂ ᠬᠠᠯᠳᠠᠪᠤᠷᠢᠯᠠᠬᠤ ᠡᠭᠦᠰᠦᠯ ᠢ ᠬᠤᠷᠢᠭᠯᠠᠬᠤ ᠨᠢᠭᠡᠨ ᠵᠦᠢᠯ ᠤᠨ ᠰᠡᠷᠭᠡᠶᠢᠯᠡᠯᠲᠠ ᠶᠢᠨ ᠠᠷᠭ᠎ᠠ ᠬᠡᠮᠵᠢᠶ᠎ᠡ ᠶᠢ ᠬᠡᠯᠡᠨ᠎ᠡ᠃
     6. ᠶᠠᠭᠤ  ᠶᠢ ᠪᠢᠲᠡᠭᠦᠮᠵᠢᠯᠡᠬᠦ ᠭᠡᠳᠡᠭ ᠪᠤᠢ︖
     ᠪᠢᠲᠡᠭᠦᠮᠵᠢᠯᠡᠬᠦ ᠭᠡᠳᠡᠭ ᠪᠤᠯ ᠶᠠᠮᠠᠷ ᠨᠢᠭᠡᠨ ᠬᠦᠨᠳᠤ ᠶᠡᠭᠡ ᠬᠠᠯᠲᠠᠪᠤᠷᠢᠲᠤ ᠭᠡᠮ ᠡᠭᠦᠰᠦᠭᠰᠡᠨ ᠦᠶ᠎ᠡ ᠳᠤ᠂ ᠭᠡᠮ ᠤᠨ
ᠡᠭᠦᠰᠦᠯ ᠳᠤ ᠪᠢᠲᠡᠭᠦᠮᠵᠢᠯᠡᠬᠦ ᠠᠷᠭ᠎ᠠ ᠬᠡᠮᠵᠢᠶ᠎ᠡ ᠠᠪᠴᠤ᠂ ᠬᠢᠵᠢᠭ ᠬᠡᠮ ᠨᠢ ᠠᠮᠦᠷ ᠲᠦᠪᠰᠢᠨ ᠭᠠᠵᠠᠷ ᠤᠷᠤᠨ ᠳᠤ ᠳᠡᠯᠭᠡᠷᠡᠬᠦ ᠪᠠ ᠡᠷᠡᠭᠦᠯ ᠮᠠᠯ
ᠰᠦᠷᠦᠭ ᠬᠢᠵᠢᠭᠲᠦ ᠤᠷᠤᠨ ᠳᠤ ᠤᠷᠤᠵᠦ ᠬᠢᠵᠢᠭ ᠲᠤ ᠬᠠᠯᠳᠠᠪᠤᠷᠢᠯᠠᠭᠳᠠᠬᠤ ᠶᠢ ᠰᠡᠷᠭᠡᠶᠢᠯᠡᠨ ᠬᠤᠷᠢᠭᠯᠠᠬᠤ ᠨᠢᠭᠡᠨ ᠵᠦᠢᠯ ᠤᠨ
ᠰᠡᠷᠭᠡᠶᠢᠯᠠᠯᠲᠠ ᠶᠢᠨ ᠠᠷᠭ᠎ᠠ ᠬᠡᠮᠵᠢᠶ᠎ᠡ  ᠶᠢ ᠬᠡᠯᠡᠨ᠎ᠡ᠃
     7. ᠠᠮᠢᠲᠠᠨ ᠤ ᠬᠦᠨᠳᠤ ᠶᠡᠭᠡ ᠬᠠᠯᠳᠠᠪᠤᠷᠢᠳᠤ ᠭᠡᠮ ᠢ ᠳᠠᠷᠤᠵᠦ ᠤᠰᠠᠳᠬᠠᠬᠤ ᠠᠷᠭ᠎ᠠ ᠬᠡᠮᠵᠢᠶ᠎ᠡ ᠳᠤ ᠶᠠᠮᠠᠷ
ᠠᠭᠤᠯᠭ᠎ᠠ ᠤᠳ ᠪᠠᠭᠲᠠᠬᠤ ᠪᠤᠢ︖
     ᠭᠤᠤᠯ ᠨᠢ 《 ᠲᠠᠪᠤ ᠶᠢ ᠠᠯᠪᠠᠳᠠᠬᠤ ᠬᠤᠶᠠᠷ ᠢ ᠴᠢᠩᠭᠠᠳᠬᠠᠬᠤ 》᠂ ᠲᠤᠬᠠᠶᠢᠯᠠᠪᠠᠯ ᠠᠯᠪᠠᠳᠠᠨ ᠡᠭᠡᠯᠢᠭᠡ
ᠬᠢᠭᠦ᠂ ᠠᠯᠪᠠᠳᠠᠨ ᠬᠢᠵᠢᠭ ᠪᠠᠶᠢᠴᠠᠭᠠᠬᠤ᠂ ᠠᠯᠪᠠᠳᠠᠯᠭ᠎ᠠ ᠪᠠᠷ ᠪᠢᠲᠡᠭᠦᠮᠵᠢᠯᠡᠬᠦ᠂ ᠠᠯᠪᠠᠳᠠᠨ ᠠᠯᠠᠵᠦ ᠨᠢᠳᠤᠯᠬᠤ᠂ ᠠᠯᠪᠠᠳᠠᠨ 
ᠠᠷᠢᠭᠤᠳᠬᠠᠬᠤ ᠪᠠ ᠬᠢᠵᠢᠭ  ᠤᠨ ᠪᠠᠶᠢᠳᠠᠯ ᠤᠨ ᠬᠠᠮᠢᠶᠠᠷᠤᠯᠲᠠ ᠶᠢ ᠴᠢᠩᠭᠠᠳᠬᠠᠬᠤ᠂ ᠬᠢᠵᠢᠭ ᠤᠨ ᠪᠠᠶᠢᠳᠠᠯ ᠢ ᠬᠢᠨᠠᠨ ᠬᠡᠮᠵᠢᠬᠦ ᠶᠢ
ᠴᠢᠩᠭᠠᠳᠬᠠᠬᠤ ᠪᠠᠭᠲᠠᠨ᠎ᠠ᠃
     8. ᠰᠢᠯᠦᠭᠡᠢ ᠡᠭᠦᠰᠦᠭᠰᠡᠨ ᠦᠶᠡᠰ ᠬᠢᠵᠢᠭ ᠤᠨ ᠴᠢᠭ ᠲᠤ ᠶᠠᠮᠠᠷ ᠠᠯᠪᠠᠳᠠᠯᠭ᠎ᠠ  ᠶᠢᠨ ᠠᠷᠭ᠎ᠠ ᠬᠡᠮᠵᠢᠶ᠎ᠡ ᠠᠪᠬᠤ
ᠪᠤᠢ︖
     ᠠᠯᠪᠠᠳᠠᠨ ᠠᠯᠠᠵᠦ ᠨᠢᠲᠤᠯᠠᠬᠤ  ᠬᠢᠵᠢᠭ ᠤᠨ ᠴᠢᠭ᠋ ᠲᠠᠬᠢ ᠪᠦᠬᠦ ᠬᠢᠵᠢᠭ ᠲᠠᠢ ᠠᠮᠢᠲᠠᠨ ᠵᠢᠴᠢ
ᠰᠦᠷᠦᠭ ᠨᠢᠬᠡᠲᠠᠢ ᠬᠠᠯᠳᠠᠮᠠᠳᠠᠭᠠᠢ ᠠᠮᠢᠲᠠᠨ ᠢ ᠠᠯᠠᠵᠦ ᠨᠢᠳᠤᠯᠬᠤ ᠶᠢᠨ ᠳᠠᠭᠠᠤ ᠬᠢᠵᠢᠭᠳᠡᠨ ᠦᠭᠦᠭᠰᠡᠨ ᠠᠮᠢᠲᠠᠨ᠂ ᠠᠯᠠᠵᠦ ᠨᠢᠲᠦᠯᠠᠭᠰᠠᠨ ᠠᠮᠢᠲᠠᠨ ᠵᠢᠴᠢ ᠲᠡᠭᠦᠨ ᠤ ᠭᠠᠷᠤᠯᠲᠠ᠂ ᠢᠯᠭᠠᠳᠠᠰᠤ᠂ ᠪᠤᠬᠢᠷᠳᠤᠭᠰᠠᠨ ᠲᠡᠵᠢᠭᠡᠯ ᠪᠤᠷᠳᠤᠭ᠎ᠠ ᠵᠡᠷᠭᠡ ᠶᠢ ᠴᠦᠮ ᠬᠤᠤᠷ ᠬᠦᠨᠦᠭᠡᠯ ᠦᠭᠡᠢ ᠪᠠᠷ ᠰᠢᠢᠳᠪᠤᠷᠢᠯᠠᠨ᠎ᠠ᠃
     ᠠᠯᠪᠠᠳᠠᠨ ᠠᠷᠢᠭᠤᠳᠬᠠᠬᠤ   ᠪᠤᠬᠢᠷᠳᠤᠭᠰᠠᠨ ᠪᠤᠶᠤ ᠪᠤᠬᠢᠷᠳᠤᠭᠰᠠᠨ ᠰᠡᠵᠢᠭ ᠲᠠᠢ ᠡᠳ᠋ ᠪᠤᠳᠠᠰ᠂
ᠵᠠᠮ ᠬᠠᠷᠢᠯᠴᠠᠭᠠᠨ ᠤ ᠪᠠᠭᠠᠵᠢ᠂ ᠭᠠᠵᠠᠷ ᠲᠠᠯᠠᠪᠠᠢ ᠶᠢ ᠴᠢᠩᠭ᠎ᠠ ᠪᠦᠭᠡᠳ ᠲᠤᠶᠢᠯᠪᠤᠷᠢᠲᠠᠢ ᠠᠷᠢᠭᠤᠳᠬᠠᠵᠦ᠂ ᠬᠢᠵᠢᠭ ᠤᠨ ᠴᠢᠭ ᠢ ᠪᠤᠯ ᠡᠳᠦᠷ ᠪᠦᠷᠢ ᠨᠢᠭᠡ ᠤᠳᠠᠭ᠎ᠠ᠂ ᠦᠷᠭᠦᠯᠵᠢᠯᠡᠨ 1 ᠭᠠᠷᠠᠭ ᠠᠷᠢᠭᠤᠳᠬᠠᠵᠦ᠂ ᠰᠡᠭᠦᠯᠡᠷ ᠨᠢ ᠬᠤᠶᠠᠷ ᠡᠳᠦᠷ ᠲᠤ ᠨᠢᠭᠡ ᠤᠳᠠᠭ᠎ᠠ ᠠᠷᠢᠭᠤᠳᠬᠠᠨ᠎ᠠ᠃
     9. ᠰᠢᠯᠦᠭᠡᠢ ᠡᠭᠦᠰᠦᠭᠰᠡᠨ ᠤ ᠰᠡᠭᠦᠯᠡᠷ ᠪᠢᠲᠡᠭᠦᠮᠵᠢᠯᠡᠭᠳᠡᠭᠰᠡᠨ ᠭᠠᠵᠠᠷ ᠤᠷᠤᠨ ᠳᠤ ᠶᠠᠮᠠᠷ ᠠᠯᠪᠠᠳᠠᠯᠭ᠎ᠠ ᠠᠷᠭ᠎ᠠ
ᠬᠡᠮᠵᠢᠶ᠎ᠡ ᠨᠦᠭᠦᠳ ᠢ ᠠᠪᠬᠤ ᠪᠤᠢ︖
     ᠠᠯᠪᠠᠳᠠᠨ ᠡᠭᠡᠯᠢᠭᠡ ᠬᠢᠬᠦ   ᠬᠢᠵᠢᠭᠲᠦ ᠤᠷᠤᠨ ᠤ ᠪᠦᠬᠦ ᠬᠠᠯᠳᠠᠮᠠᠳᠠᠭᠠᠢ ᠠᠮᠢᠲᠠᠨ ᠳᠤ ᠪᠠᠴᠢᠮ ᠸᠡᠺᠼᠢᠨ ᠲᠠᠷᠢᠨ᠎ᠠ᠃
    ᠠᠯᠪᠠᠳᠠᠨ ᠬᠢᠵᠢᠭ ᠪᠠᠶᠢᠴᠠᠭᠠᠬᠤ  ᠬᠠᠯᠳᠠᠮᠠᠳᠠᠭᠠᠢ ᠠᠮᠢᠲᠠᠨ ᠳᠤ ᠡᠬᠡᠯᠢᠬᠡ ᠶᠢᠨ ᠳᠠᠭᠠᠭᠠᠭᠴᠢ ᠴᠤᠭᠴᠠ  ᠶᠢᠨ
ᠬᠢᠨᠠᠨ ᠬᠡᠮᠵᠢᠯᠲᠠ ᠪᠠ ᠡᠪᠡᠳᠴᠢᠨ ᠤ ᠡᠭᠦᠰᠦᠯ ᠤᠨ ᠰᠤᠳᠤᠯᠤᠯ ᠤᠨ ᠬᠢᠨᠠᠨ ᠬᠡᠮᠵᠢᠯᠳᠡ ᠬᠢᠨ᠎ᠠ᠃
     ᠠᠯᠪᠠᠳᠠᠨ ᠪᠢᠲᠡᠭᠦᠮᠵᠢᠯᠡᠬᠦ    ᠬᠢᠵᠢᠭᠲᠦ ᠤᠷᠤᠨ ᠤ ᠡᠷᠭᠢᠨ ᠲᠤᠭᠤᠷᠢᠨ ᠳᠤ ᠰᠡᠷᠡᠮᠵᠢ ᠶᠢᠨ ᠲᠤᠬᠢᠶ᠎ᠠ
ᠲᠡᠮᠳᠡᠭ ᠪᠤᠰᠬᠠᠵᠦ᠂ ᠬᠢᠵᠢᠭᠲᠦ ᠤᠷᠤᠨ ᠳᠤ ᠤᠷᠤᠵᠦ ᠭᠠᠷᠬᠤ ᠵᠠᠮ ᠬᠠᠷᠢᠯᠴᠠᠭᠠᠨ ᠤ ᠠᠭᠤᠯᠵᠠᠷ ᠲᠤ ᠠᠮᠢᠲᠠᠨ
᠎ ᠤ ᠬᠢᠵᠢᠭ ᠪᠠᠶᠢᠴᠠᠭᠠᠬᠤ᠂ ᠠᠷᠢᠭᠤᠳᠬᠠᠬᠤ ᠦᠷᠲᠡᠭᠡ ᠭᠠᠷᠭᠠᠵᠦ᠂ ᠤᠷᠤᠵᠦ ᠭᠠᠷᠬᠤ ᠲᠡᠷᠭᠡ ᠬᠦᠰᠭᠡ ᠪᠠ ᠬᠠᠮᠢᠶ᠎ᠠ ᠪᠦᠬᠦᠢ ᠪᠤᠳᠠᠰ ᠢ
ᠠᠷᠢᠭᠤᠭᠬᠠᠨ᠎ᠠ᠃
    ᠠᠯᠪᠠᠳᠠᠨ ᠠᠷᠢᠭᠤᠳᠬᠠᠬᠤ   ᠬᠤᠶᠠᠷ ᠡᠳᠦᠷ ᠪᠦᠷᠢ ᠨᠢᠭᠡ ᠤᠳᠠᠭ᠎ᠠ ᠠᠷᠢᠭᠤᠳᠬᠨ᠎ᠠ᠃
    ᠴᠢᠬᠤᠯᠠ ᠲᠠᠢ ᠦᠶᠡᠰ ᠬᠢᠵᠢᠭᠲᠦ ᠤᠷᠤᠨ ᠤ ᠲᠤᠲᠤᠷᠠᠬᠢ ᠪᠦᠬᠦ ᠬᠠᠯᠳᠠᠮᠠᠳᠠᠭᠠᠢ ᠠᠮᠢᠲᠠᠨ ᠢ ᠠᠯᠠᠵᠦ ᠨᠢᠳᠤᠯᠬᠤ ᠪᠠ ᠬᠤᠤᠷ
ᠬᠦᠨᠦᠭᠡᠯ ᠦᠭᠡᠢ  ᠪᠠᠷ ᠰᠢᠢᠳᠪᠤᠷᠢᠯᠠᠨ᠎ᠠ᠃
    10. ᠰᠢᠯᠦᠭᠡᠢ ᠡᠭᠦᠰᠦᠭᠰᠡᠨ ᠤ ᠰᠡᠭᠦᠯᠡᠷ ᠰᠦᠷᠳᠡᠭᠦᠯᠦᠭᠲᠠᠵᠦ ᠪᠠᠶᠢᠭ᠎ᠠ ᠤᠷᠤᠨ ᠳᠤ ᠶᠠᠮᠠᠷ ᠠᠯᠪᠠᠳᠠᠯᠭ᠎ᠠ ᠶᠢᠨ ᠴᠢᠨᠠᠷᠲᠠᠢ
ᠠᠷᠭ᠎ᠠ ᠬᠡᠮᠵᠢᠶ᠎ᠡ  ᠶᠢ ᠠᠪᠬᠤ ᠪᠤᠢ︖
    ᠠᠯᠪᠠᠳᠠᠨ ᠡᠭᠡᠯᠢᠭᠡ ᠬᠢᠬᠦ   ᠰᠦᠷᠳᠡᠭᠦᠯᠦᠭᠳᠡᠵᠦ ᠪᠠᠶᠢᠭ᠎ᠠ ᠤᠷᠤᠨ ᠤ ᠲᠤᠲᠤᠷᠠᠬᠢ ᠪᠦᠬᠦ ᠬᠠᠯᠳᠠᠮᠠᠳᠠᠭᠠᠢ ᠠᠮᠢᠲᠠᠨ
᠎ ᠳᠤ ᠪᠠᠴᠢᠮ ᠸᠡᠺᠼᠢᠨ ᠤ ᠲᠠᠷᠢᠯᠭ᠎ᠠ ᠬᠢᠨ᠎ᠠ᠃
    ᠠᠯᠪᠠᠳᠠᠨ ᠬᠢᠵᠢᠭ ᠪᠠᠶᠢᠴᠠᠭᠠᠬᠤ   ᠬᠠᠯᠳᠠᠮᠠᠳᠠᠭᠠᠢ ᠠᠮᠢᠲᠠᠨ ᠳᠤ ᠡᠭᠡᠯᠢᠭᠡ ᠶᠢᠨ ᠳᠠᠭᠠᠭᠠᠭᠴᠢ ᠴᠤᠭᠴᠠ ᠶᠢᠨ ᠬᠢᠨᠠᠨ
ᠬᠡᠮᠵᠢᠯᠲᠠ ᠬᠢᠬᠦ ᠪᠠ ᠭᠡᠮ ᠤᠨ ᠡᠭᠦᠰᠦᠯ ᠤᠨ ᠰᠤᠳᠤᠯᠤᠯ ᠤᠨ ᠬᠢᠨᠠᠨ ᠬᠡᠮᠵᠢᠯᠲᠠ ᠬᠢᠨ᠎ᠡ᠃
    11.  ᠪᠢᠲᠡᠭᠦᠮᠵᠢᠯᠡᠯ  ᠢ ᠶᠠᠮᠠᠷ ᠨᠦᠬᠦᠴᠡᠯ ᠳᠤᠤᠷ᠎ᠠ ᠲᠠᠶᠢᠯᠬᠤ ᠪᠤᠢ︖
    ᠬᠢᠵᠢᠭ ᠤᠨ ᠴᠢᠭ ᠤᠨ ᠲᠤᠲᠤᠷ᠎ᠠ ᠬᠠᠮᠤᠭ ᠰᠡᠭᠦᠯ ᠤᠨ ᠨᠢᠭᠡ ᠬᠢᠵᠢᠭᠲᠦ ᠮᠠᠯ ᠦᠬᠦᠭᠰᠡᠨ ᠪᠤᠶᠤ ᠠᠯᠠᠵᠦ ᠨᠢᠲᠤᠯᠠᠭᠰᠠᠨ ᠤ
ᠰᠡᠭᠦᠯᠡᠷ ᠠᠯᠢ ᠤᠬᠤᠷ ᠲᠠᠭᠠᠨ 14 ᠬᠤᠨᠤᠭ ᠠᠵᠢᠭᠯᠠᠨ ᠪᠠᠶᠢᠴᠠᠭᠠᠭᠠᠳ᠂ ᠰᠢᠨ᠎ᠡ ᠡᠪᠡᠳᠴᠢᠨ ᠤ ᠵᠦᠢ ᠡᠭᠦᠰᠦᠭᠰᠡᠨ ᠦᠭᠡᠢ ᠪᠠᠶᠢᠬᠤ︔
ᠬᠢᠵᠢᠭ ᠤᠨ ᠤᠷᠤᠨ᠂ ᠰᠦᠷᠳᠡᠭᠦᠯᠦᠭᠲᠠᠵᠦ ᠪᠠᠶᠢᠭ᠎ᠠ ᠤᠷᠤᠨ ᠳᠤ ᠪᠠᠴᠢᠮ ᠸᠡᠺᠼᠢᠨ ᠤ ᠲᠠᠷᠢᠯᠭ᠎ᠠ ᠬᠢᠭᠰᠡᠨ ᠪᠠᠶᠢᠬᠤ︔ ᠬᠢᠵᠢᠭ ᠤᠨ ᠴᠢᠭ ᠢ
ᠲᠤᠤᠱᠠᠲᠠᠢ ᠠᠷᠢᠭᠤᠳᠬᠠᠭᠰᠠᠨ ᠪᠠᠶᠢᠬᠤ︔ ᠬᠢᠵᠢᠭ ᠤᠨ ᠪᠠᠶᠢᠳᠠᠯ ᠢ ᠬᠢᠨᠠᠨ ᠬᠡᠮᠵᠢᠭᠡᠳ ᠪᠢᠯᠢᠭ ᠴᠢᠨᠠᠷᠲᠠᠢ ᠪᠠᠶᠢᠬᠤ︔ ᠬᠤᠰᠢᠭᠤ ᠰᠢᠶᠠᠨ ᠤ ᠱᠠᠳᠤᠨ
᠎ ᠠᠴᠠ ᠳᠡᠭᠡᠭᠰᠢᠬᠢ ᠠᠮᠢᠲᠠᠨ ᠤ ᠬᠢᠵᠢᠭ ᠰᠡᠭᠡᠶᠢᠯᠡᠯᠲᠠ ᠶᠢᠨ ᠰᠠᠯᠠᠭ᠎ᠠ ᠮᠦᠴᠢᠷ ᠪᠠᠶᠢᠴᠠᠭᠠᠭᠠᠳ ᠬᠢᠷᠢ ᠳᠤ ᠲᠡᠩᠴᠡᠭᠰᠡᠨ ᠪᠠ ᠠᠮᠢᠲᠠᠨ ᠤ ᠬᠢᠵᠢᠭ ᠰᠡᠷᠭᠡᠶᠢᠯᠡᠯᠲᠠ ᠶᠢᠨ ᠬᠠᠤᠯᠢ ᠵᠡᠷᠭᠡ ᠬᠠᠤᠯᠢ ᠴᠠᠭᠠᠵᠠ ᠬᠠᠤᠯᠢ ᠳᠦᠷᠢᠮ ᠤᠨ ᠲᠤᠭᠲᠠᠭᠠᠯ ᠳᠤ ᠨᠡᠶᠢᠴᠡᠵᠦ᠂ ᠤᠤᠯ ᠤᠨ ᠪᠢᠲᠡᠭᠦᠮᠵᠢᠯᠡᠬᠦ ᠵᠠᠷᠯᠢᠭ ᠨᠡᠶᠢᠲᠡᠯᠡᠭᠰᠡᠨ ᠠᠷᠠᠳ ᠤᠨ ᠵᠠᠰᠠᠭ ᠤᠨ ᠤᠷᠳᠤᠨ ᠠᠴᠠ ᠪᠢᠳᠡᠬᠦᠮᠵᠢᠯᠡᠯ ᠢ ᠲᠠᠶᠢᠯᠬᠤ ᠵᠠᠷᠯᠢᠭ ᠨᠡᠶᠢᠲᠡᠯᠡᠭᠰᠡᠨ ᠪᠠᠶᠢᠪᠠᠯ᠂ ᠪᠢᠳᠡᠭᠦᠮᠵᠢᠯᠡᠯ ᠢ ᠲᠠᠶᠢᠯᠵᠦ ᠪᠤᠯᠤᠨ᠎ᠠ᠃ ︵ ᠰᠢᠨᠵᠢᠯᠡᠬᠦ ᠤᠬᠠᠭᠠᠨ ᠰᠡᠳᠭᠦᠯ ︶
                 



  
     
     