-
2142393
ᠭᠡᠭᠡᠷ ᠤᠨ ᠨᠢᠷᠤᠭᠤᠨ ᠲᠡᠭᠡᠷ᠎ᠡ ᠠᠴᠠ ᠰᠢᠭᠤᠤᠨ ᠨᠡᠪᠳᠡᠷᠡᠭᠦᠯᠭᠡ ᠬᠢᠵᠤ ᠨᠡᠶᠢᠰᠯᠡᠯ ᠪᠡᠭᠡᠵᠢᠩ ᠢ ᠵᠤᠷᠢᠯᠡ
2019-11-01 19:43
293
0
ᠮᠠᠯᠴᠢᠨ ᠵᠠᠯᠠᠭᠤ ᠬᠤᠷᠴᠠ ᠪᠢᠯᠢᠭ ᠤᠨ ᠭᠡᠭᠡᠷ ᠤᠨ ᠨᠢᠷᠤᠭᠤᠨ ᠲᠡᠭᠡᠷ᠎ᠡ ᠠᠴᠠ ᠰᠢᠭᠤᠤᠨ ᠨᠡᠪᠳᠡᠷᠡᠭᠦᠯᠭᠡ ᠬᠢᠵᠤ ᠨᠡᠶᠢᠰᠯᠡᠯ ᠪᠡᠭᠡᠵᠢᠩ ᠢ ᠵᠤᠷᠢᠯᠡ
10 ᠰᠠᠷ᠎ᠡ ᠶᠢᠨ 29 ᠤ ᠡᠳᠤᠷ᠂ ᠮᠠᠨ ᠤ ᠤᠷᠤᠨ ᠤ ᠠᠪᠤᠷᠭᠤ ᠪᠠᠭᠠᠷᠢᠨ ᠭᠡᠭᠡᠷᠡᠭᠦ ᠠᠴᠠ ᠬᠤᠰᠢᠭᠤᠨ ᠲᠦᠪ ᠳ᠋ᠠᠪᠠᠨ ᠪᠠᠯᠭᠠᠰᠤᠨ ᠳᠠᠭᠠᠨ ᠪᠢᠯᠢᠭ ᠤᠨ ᠭᠡᠭᠡᠷ ᠤᠨ ᠨᠢᠷᠤᠭᠤᠨ ᠲᠡᠭᠡᠷ᠎ᠡ ᠠᠴᠠ ︽ᠪᠤᠰᠢᠭᠤ ᠭᠠᠷ︾ ᠰᠢᠭᠤᠤᠨ ᠨᠡᠪᠳᠡᠷᠡᠭᠦᠯᠭᠡ ᠬᠢᠵᠤ ᠨᠡᠶᠢᠰᠯᠡᠯ ᠪᠡᠭᠡᠵᠢᠩ ᠢ ᠵᠤᠷᠢᠬᠰᠠᠨ ᠮᠠᠯᠴᠢᠨ ᠵᠠᠯᠠᠭᠤ ᠬᠤᠷᠴᠠ ᠳᠤ ᠪᠤᠷᠴᠠ ᠪᠡᠯᠡᠭᠯᠡᠨ ᠵᠤᠷᠢᠬᠵᠢᠭᠤᠯᠤᠬᠰᠠᠨ ᠪᠠᠶᠢᠨ᠎ᠠ᠃
ᠪᠢᠯᠢᠭ ᠤᠨ ᠭᠡᠭᠡᠷ ᠤᠨ ᠨᠢᠷᠤᠭᠤᠨ ᠲᠡᠭᠡᠷ᠎ᠡ ᠠᠴᠠ ︽ᠪᠤᠰᠢᠭᠤ ᠭᠠᠷ︾ ᠰᠢᠭᠤᠤᠨ ᠨᠡᠪᠳᠡᠷᠡᠭᠦᠯᠭᠡ ᠬᠢᠵᠤ ᠪᠡᠭᠡᠵᠢᠩ ᠢ ᠴᠢᠭᠯᠡᠭᠰᠡᠨ ᠬᠤᠷᠴᠠ ᠪᠤᠯ ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠦᠷ ᠰᠤᠮᠤ ᠶᠢᠨ ᠪᠠᠶᠠᠨᠴᠠᠭᠠᠨ ᠭᠠᠴᠠᠭᠠᠨ ᠤ ᠮᠠᠯᠴᠢᠨ ᠵᠠᠯᠠᠭᠤ ᠪᠤᠯᠤᠨ᠎ᠠ᠃ ᠮᠠᠯᠴᠢᠨ ᠬᠤᠷᠴᠡ ᠮᠤᠩᠭᠤᠯ ᠮᠤᠷᠢᠨ ᠤ ᠮᠤᠬᠤᠰᠢ ᠦᠭᠡᠢ ᠵᠤᠷᠢᠭ ᠰᠠᠨᠠᠭ᠎ᠠ ᠶᠢ ᠪᠠᠳᠠᠷᠠᠭᠤᠯᠵᠤ᠂ ᠨᠡᠶᠢᠰᠯᠡᠯ ᠪᠡᠭᠡᠵᠢᠩ ᠢ ᠮᠤᠷᠢᠳᠡᠢ ᠴᠢᠭᠯᠡᠭᠡᠳ ᠨᠢᠭᠡᠨᠳᠡ ᠬᠠᠭᠠᠰ ᠰᠠᠷ᠎ᠡ ᠪᠤᠯᠵᠤ ᠪᠠᠶᠢᠨ᠎ᠠ᠃ ᠲᠡᠷᠡ ᠪᠠᠷ ᠨᠢᠭᠡ ᠲᠠᠯ᠎ᠡ ᠪᠠᠷ ᠪᠢᠯᠢᠭ ᠤᠨ ᠭᠡᠭᠡᠷ ᠤᠨ ᠨᠢᠷᠤᠭᠤᠨ ᠲᠡᠭᠡᠷ᠎ᠡ ᠠᠴᠠ ︽ᠪᠤᠰᠢᠭᠤ ᠭᠠᠷ︾ ᠰᠢᠭᠤᠤᠨ ᠨᠡᠪᠳᠡᠷᠡᠭᠦᠯᠭᠡ ᠬᠢᠵᠤ᠂ ᠮᠠᠯᠵᠢᠬᠤ ᠠᠮᠢᠳᠤᠷᠠᠯ᠂ ᠮᠤᠩᠭᠤᠯ ᠮᠤᠷᠢ ᠪᠠᠨ ᠤᠬᠠᠭᠤᠯᠵᠤ᠂ ᠤᠳᠤ ᠨᠢᠭᠡᠨᠳᠡ 6.9 ᠲᠦᠮᠡᠡ ᠭᠡᠷᠡᠭᠯᠡᠭᠴᠢ ᠲᠡᠭᠦᠨ ᠢ ᠪᠠᠶᠢᠩᠭᠤ ᠠᠩᠬᠠᠷᠴᠤ᠂ ︽ᠭᠡᠭᠡᠷ᠎ᠡ ᠲᠠᠯ᠎ᠡ ᠪᠠᠷ ᠭᠡᠷ ᠢᠶᠠᠨ ᠪᠤᠯᠭᠠᠵᠤ᠂ ᠭᠡᠭᠡᠷ ᠮᠤᠷᠢ ᠪᠠᠷ ᠬᠠᠨᠢ ᠪᠠᠨ ᠪᠤᠯᠭᠠᠵᠤ︾ ᠰᠡᠳᠬᠢᠯ ᠲᠦᠭᠦᠷᠡᠩ ᠶᠠᠪᠤᠨ᠎ᠠ᠃
ᠮᠠᠨ ᠤ ᠤᠷᠤᠨ ᠤ ᠪᠢᠯᠢᠭ ᠤᠨ ᠭᠡᠭᠡᠷ ᠤᠨ ᠨᠢᠷᠤᠭᠤᠨ ᠲᠡᠭᠡᠷ᠎ᠡ ᠠᠴᠠ ︽ᠪᠤᠰᠢᠭᠤ ᠭᠠᠷ︾ ᠰᠢᠭᠤᠤᠨ ᠨᠡᠪᠳᠡᠷᠡᠭᠦᠯᠭᠡ ᠬᠢᠭᠰᠡᠨ ᠤᠤᠭᠠᠨ ᠮᠠᠯᠴᠢᠨ ᠪᠤᠯᠤᠬᠰᠠᠨ ᠤ ᠬᠤᠪᠢ ᠳᠤ᠂ ᠲᠡᠷᠡ ᠪᠠᠷ ᠲᠦᠷᠦᠭᠰᠡᠨ ᠨᠤᠳᠤᠭ ᠪᠠᠶᠠᠨᠴᠠᠭᠠᠨ ᠭᠠᠴᠠᠭᠠᠨ ᠠᠴᠠ ᠮᠤᠷᠳᠠᠵᠤ᠂ ᠵᠠᠭᠦᠨ ᠪᠠᠭᠠᠷᠢᠨ᠂ ᠪᠠᠷᠠᠭᠤᠨ ᠪᠠᠭᠠᠷᠢᠨ᠂ ᠤᠩᠨᠢᠭᠤᠤᠨ᠂ ᠤᠯᠠᠭᠠᠨᠬᠠᠳᠡ ᠬᠤᠳᠡ᠂ ᠬᠠᠷᠠᠴᠢᠨ ᠬᠤᠰᠢᠭᠤ ᠵᠡᠷᠭᠡ ᠭᠠᠵᠠᠷ ᠤᠷᠤᠨ ᠢ ᠲᠠᠮᠵᠢᠨ ᠪᠡᠭᠡᠵᠢᠩ ᠭᠦᠷᠭᠦ ᠪᠤᠯᠤᠨ᠎ᠠ᠃ ᠡᠭᠦᠨ ᠳᠤ᠂ ᠮᠢᠩᠭᠠᠨ ᠪᠦᠭᠡ ᠶᠢᠨ ᠮᠠᠩᠯᠠᠢ ᠵᠡᠭᠦᠨ ᠪᠠᠭᠠᠷᠢᠨ ᠤ ᠠᠯᠳᠠᠨᠰᠦ᠋ᠭᠡ᠂ ᠤᠷᠤᠨ ᠤ ᠠᠪᠤᠷᠭᠤ ᠪᠠᠷᠠᠭᠤᠨ ᠪᠠᠭᠠᠷᠢᠨ ᠤ ᠭᠡᠭᠡᠷᠡᠭᠦ ᠵᠡᠷᠭᠡ ᠠᠯᠳᠠᠷᠳᠤ ᠪᠦᠭᠡᠴᠤᠤᠯ ᠲᠠᠢ ᠠᠭᠤᠯᠵᠠᠨ ᠡᠷ᠎ᠡ ᠶᠢᠨ ᠬᠡᠶᠢᠮᠤᠷᠢ ᠰᠡᠷᠭᠦᠭᠡᠨ ᠪᠦᠭᠡ ᠮᠤᠷᠢᠨ ᠤ ᠵᠤᠭᠤᠭ ᠲᠡᠯᠭᠡᠭᠰᠡᠨ ᠪᠤᠯ᠂ ᠨᠤᠳᠤᠭ ᠨᠤᠳᠤᠭ ᠤᠨ ᠨᠠᠷᠠᠨ ᠤ ᠪᠤᠷᠤ ᠮᠠᠯᠴᠢᠨ ᠲᠦᠮᠡᠨ ᠲᠠᠢ ᠪᠠᠨ ᠠᠭᠤᠯᠵᠠᠨ ᠬᠠᠭᠤᠴᠢ ᠰᠤᠨᠤᠰᠴᠤ ᠶᠠᠪᠤᠨ᠎ᠠ︔ ᠲᠡᠷᠡ ᠪᠠᠰᠠ ᠪᠢᠯᠢᠭ ᠤᠨ ᠭᠡᠭᠡᠷ ᠤᠨ ᠨᠢᠷᠤᠭᠤᠨ ᠲᠡᠭᠡᠷ᠎ᠡ ᠠᠴᠠ ︽ᠪᠤᠰᠢᠭᠤ ᠭᠠᠷ︾ ᠰᠢᠭᠤᠤᠨ ᠨᠡᠪᠳᠡᠷᠡᠭᠦᠯᠭᠡ ᠬᠢᠵᠤ᠂ ᠦᠷᠦᠭᠡᠯ ᠪᠤᠰᠤᠤᠨ ᠦᠨᠳᠦᠰᠦᠳᠡᠨ ᠶᠠᠰᠤᠳᠠᠨ ᠳᠤ ᠮᠠᠯᠵᠢᠬᠤ ᠠᠮᠢᠳᠤᠷᠠᠯ᠂ ᠮᠤᠩᠭᠤᠯ ᠮᠤᠷᠢ ᠪᠠᠨ ᠤᠬᠠᠭᠤᠯᠵᠤ ᠰᠤᠷᠳᠠᠯᠴᠢᠯᠠᠵᠤ ᠶᠠᠪᠤᠭ᠎ᠠ ᠠᠵᠢ᠃
— ᠪᠢ ᠬᠠᠭᠠᠰ ᠰᠠᠷ᠎ᠡ ᠶᠢᠨ ᠲᠠᠷᠠᠭ᠎ᠠ ᠪᠡᠭᠡᠵᠢᠩ ᠳᠤ ᠭᠦᠷᠭᠦ ᠪᠠᠷ ᠲᠦᠯᠦᠪᠯᠡᠵᠤ᠂ ᠲᠠᠷᠠᠭ᠎ᠠ ᠨᠢ ᠤᠳᠠᠢ ᠠᠭᠤᠯᠠᠨ ᠳᠤ ᠭᠦᠷᠭᠦ ᠰᠠᠨᠠᠭ᠎ᠠ ᠲᠠᠢ᠃ ᠲᠡᠭᠡᠭᠡᠳ ᠪᠢᠯᠢᠭ ᠤᠨ ᠭᠡᠭᠡᠷ ᠤᠨ ᠢᠶᠠᠨ ᠪᠠᠶᠢᠳᠠᠯ ᠢ ᠠᠵᠢᠬᠯᠠᠨ᠎ᠠ᠃ ᠬᠡᠷᠪᠡ ᠮᠤᠷᠢᠨ ᠤ ᠭᠦᠴᠦ ᠲᠠᠷ ᠨᠢ ᠭᠦᠢᠴᠠᠪᠠᠯ ᠭᠦᠬᠡᠬᠤᠳᠡ — ᠤᠷᠳᠤᠰ — ᠴᠢᠩᠬᠢᠰ ᠤᠨ ᠤᠩᠭᠤᠨ ᠭᠦᠷᠳᠡᠯ᠎ᠡ ᠶᠠᠪᠤᠬᠤ ᠪᠤᠳᠤᠯ ᠴᠤ ᠤᠷᠭᠤᠵᠤ ᠪᠠᠶᠢᠨ᠎ᠠ᠃ ᠬᠡᠭᠦ ᠳᠡᠭᠡᠨ ᠠᠩᠬᠠᠨ ᠤ ᠬᠠᠷᠠᠯᠳᠡ ᠪᠤᠯ ᠨᠡᠶᠢᠰᠯᠡᠯ ᠪᠡᠭᠡᠵᠢᠩ᠂ ᠴᠢᠨᠠᠭᠰᠢᠯᠠᠭᠠᠳ ᠤᠳᠠᠢ ᠠᠭᠤᠯᠡ ᠭᠦᠷᠭᠦ ᠰᠠᠨᠠᠭᠠᠳᠠᠢ ᠭᠡᠵᠤ ᠮᠠᠯᠴᠢᠨ ᠵᠠᠯᠠᠭᠤ ᠬᠤᠷᠴᠠ ᠪᠠᠶᠢᠳᠠᠯ ᠢᠶᠠᠨ ᠲᠤᠪᠴᠢ ᠲᠠᠨᠢᠯᠴᠠᠭᠤᠯᠪᠡ᠃ ᠵᠣᠬᠢᠶᠠᠭᠴᠢ᠄ ᠪᠠᠶᠠᠨᠮᠦ᠋ᠩᠭᠡ