 

ᠵᠢᠤᠢ ᠫᠢᠩ᠄ ᠠᠶ᠎ᠠ ᠶᠢ ᠨᠢ ᠳᠠᠭᠠᠭᠤᠯᠵᠤ ᠪᠠᠯᠴᠢᠷ ᠪᠠᠭ᠎ᠠ ᠨᠠᠰᠤᠨ ᠤ ᠵᠤᠯ ᠵᠢᠷᠭᠠᠯ ᠢ ᠡᠳ᠋ᠯᠡᠬᠦᠯᠬᠦ ᠬᠡᠷᠡᠭᠳᠠᠢ

2019-08-24 16:58
  725
  0
   ᠮᠠᠨ ᠤ ᠤᠯᠤᠰ ᠤᠨ ᠪᠠᠭᠠᠴᠤᠳ ᠬᠡᠤᠭᠡᠳ ᠤᠨ ᠫᠷᠤᠭ᠍ᠷᠠᠮ ᠤᠨ ᠠᠩᠬᠠᠳᠠᠬᠴᠢ ᠲᠤᠬᠠᠢᠢᠯᠠᠬᠰᠠᠨ ᠠᠵᠢᠯ ᠤᠨ ᠬᠦᠲᠦᠯᠦᠭᠴᠢ ᠪᠤᠯᠤᠬᠰᠠᠨ ᠵᠢᠤᠢ ᠫᠢᠩ ᠡᠭᠡᠴᠢ ᠪᠦᠬᠦ ᠤᠯᠤᠰ ᠤᠨ ᠲᠦᠭ ᠲᠦᠮᠡᠨ ᠪᠢᠴᠢᠬᠠᠨ ᠦᠵᠡᠭᠴᠢᠳ ᠤᠨ ᠬᠦᠷᠢᠶᠡᠯᠡᠯ ᠢ ᠤᠯᠵᠤ ᠪᠠᠶᠢᠭ᠎ᠠ ᠶᠤᠮ᠃ ᠳᠡᠭᠡᠪᠡᠯ ᠪᠤᠳᠠᠳᠠᠢ ᠠᠮᠢᠳᠤᠷᠠᠯ ᠤᠨ ᠲᠤᠮᠳᠠ ᠵᠢᠤᠢ ᠫᠢᠩ ᠡᠭᠡᠴᠢ ᠴᠤᠬᠤᠮ ᠶᠠᠭᠠᠬᠢᠵᠤ ᠦᠪᠡᠷ ᠤᠨ ᠬᠡᠤᠭᠡᠳ ᠢᠶᠠᠨ ᠰᠤᠷᠭᠠᠵᠤ ᠪᠠᠶᠢᠭ᠎ᠠ ᠪᠤᠢ︖ ᠰᠤᠷᠪᠤᠯᠵᠢᠯᠠᠬᠴᠢ ᠶᠢᠨ ᠰᠤᠷᠪᠤᠯᠵᠢᠯᠠᠭ᠎ᠠ ᠶᠢ ᠬᠦᠯᠢᠶᠡᠬᠦ ᠦᠶᠡᠰ ᠵᠢᠤᠢ ᠫᠢᠩ ᠡᠭᠡᠴᠢ᠄ ︽ᠭᠡᠤᠭᠡᠳ ᠢ ᠰᠤᠷᠭᠠᠨ ᠬᠦᠮᠦᠵᠢᠬᠦᠯᠬᠦ ᠳᠤ ᠡᠩ ᠲᠡᠷᠢᠬᠦᠨ ᠳᠤ ᠠᠶ᠎ᠠ ᠶᠢ ᠨᠢ ᠳᠠᠭᠠᠭᠤᠯᠵᠤ ᠪᠠᠶᠠᠷ ᠬᠦᠷ ᠲᠠᠢ ᠪᠠᠷ ᠦᠰᠭᠡᠵᠤ ᠪᠤᠶᠢᠵᠢᠭᠤᠯᠬᠤ ᠬᠡᠷᠡᠭᠲᠡᠢ︾ ᠭᠡᠪᠠ᠃
   ᠪᠠᠯᠴᠢᠷ ᠪᠠᠭ᠎ᠠ ᠨᠠᠰᠤᠨ ᠤ ᠵᠤᠯ ᠵᠢᠷᠭᠠᠯ ᠢ ᠨᠢ ᠡᠳ᠋ᠯᠡᠬᠦᠯᠬᠦ ᠭᠡᠷᠡᠭᠲᠡᠢ
  ᠵᠢᠤᠢ ᠫᠢᠩ ᠤᠨ ᠬᠦᠦ ᠨᠢ ᠶᠤᠤ ᠶᠤᠤ ᠭᠡᠰᠡᠨ ᠨᠡᠷ᠎ᠠ ᠲᠠᠢ᠂ ᠡᠨᠡ ᠵᠢᠯ ᠠᠷᠪᠠᠨ ᠬᠤᠶᠠᠷ ᠨᠠᠰᠤᠳᠠᠢ᠂ ᠭᠡᠪᠡᠴᠤ ᠲᠡᠷᠡ ᠡᠵᠢ ᠪᠠᠨ ︽ᠵᠢᠤᠢ ᠫᠢᠩ ᠡᠭᠡᠴᠢ︾ ᠭᠡᠬᠦ ᠠᠯᠳᠠᠷ ᠴᠤᠤ ᠲᠠᠢ ᠭᠡᠰᠡᠨ ᠳᠡᠭᠡᠨ ᠶᠡᠷᠦ ᠤᠷᠬᠢᠵᠤ ᠬᠦᠭᠡᠷᠦᠭᠰᠡᠨ ᠦᠭᠡᠢ᠂ ᠬᠠᠷᠢᠨ ᠳᠠᠷᠤᠤ ᠰᠠᠶᠢᠬᠠᠨ ᠪᠦᠭᠡᠳ ᠴᠠᠭᠠᠬᠠᠨ ᠰᠡᠳᠬᠢᠯ ᠲᠠᠢ ᠶᠤᠮ᠂ ᠵᠢᠤᠢ ᠫᠢᠩ ᠪᠤᠰᠤᠳ ᠤᠨ ᠦᠭᠡ ᠪᠠᠷ ᠬᠡᠯᠡᠪᠠᠯ ᠮᠢᠨᠦ ᠬᠦᠤ ︽ᠶᠡᠭᠡ ᠦᠷᠦᠰᠢᠶᠡᠯ ᠵᠢᠷᠤᠮ ᠲᠠᠢ︾ ᠬᠡᠤᠭᠡᠳ ᠶᠤᠮ᠃ ᠵᠢᠤᠢ ᠫᠢᠩ᠄ ︽ᠬᠤᠷᠮᠤᠰᠳᠠ ᠳᠡᠭᠷᠢ ᠭᠡᠷ ᠪᠤᠯᠭᠠᠨ ᠳᠤ ᠬᠦᠷᠴᠤ ᠳᠡᠶᠢᠯᠬᠦ ᠦᠭᠡᠢ ᠪᠤᠯᠬᠤᠷ ᠡᠵᠢ ᠶᠢ ᠡᠬᠦᠳᠴᠠᠢ᠂ ᠡᠵᠢ ᠨᠢ ᠭᠡᠤᠭᠡᠳ ᠲᠤ ᠠᠪᠴᠤ ᠬᠡᠯᠡᠪᠡᠯ ᠮᠠᠰᠢ ᠴᠢᠬᠤᠯᠠ ᠶᠤᠮ᠃ ᠲᠡᠭᠦᠨ ᠤ ᠨᠢᠳᠤᠨ ᠳᠤ ᠪᠢ ᠪᠤᠯ ᠶᠦᠮᠦᠷᠯᠢᠭ ᠮᠦᠷᠲᠡᠭᠡᠨ ᠱᠤᠭᠳᠠᠢ ᠂ ᠬᠠᠮᠤᠭ ᠤᠨ ᠰᠠᠶᠢᠨ ᠡᠵᠢ ᠨᠢ ᠶᠤᠮ︕︾ ᠬᠡᠯ᠎ᠠ᠃
  ᠬᠦᠤ ᠪᠠᠨ ᠰᠤᠷᠭᠠᠨ ᠬᠦᠮᠦᠵᠢᠬᠦᠯᠦᠭᠰᠡᠨ ᠠᠰᠠᠭᠤᠳᠠᠯ ᠤᠨ ᠲᠤᠬᠠᠢ ᠶᠠᠷᠢᠬᠤ ᠳᠠᠭᠠᠨ ᠵᠢᠤᠢ ᠫᠢᠩ ᠤᠨ ᠴᠢᠷᠠᠢ ᠳᠤ ᠤᠮᠤᠭᠰᠢᠯ ᠤᠨ ᠮᠦᠰᠢᠶᠡᠳᠤ ᠪᠠᠷ ᠲᠦᠬᠦᠷᠦᠨ᠎ᠠ᠃ ᠲᠡᠭᠦᠨ ᠤ ᠦᠵᠡᠬᠦ ᠪᠠᠷ᠂ ᠬᠡᠤᠭᠡᠳ ᠦᠶ᠎ᠠ ᠪᠤᠯ ᠬᠦᠮᠦᠨ ᠤ ᠨᠢᠭᠡ ᠨᠠᠰᠤᠨ ᠤ ᠬᠠᠮᠤᠭ ᠤᠨ ᠰᠠᠶᠢᠨ ᠰᠠᠶᠢᠬᠠᠨ ᠴᠠᠭ ᠦᠶ᠎ᠠ ᠮᠦᠨ᠂ ᠡᠨᠡ ᠨᠢ ᠲᠤᠩ ᠤᠬᠤᠷᠬᠠᠨ ᠪᠠᠶᠢᠳᠠᠭ ᠪᠤᠯᠬᠤᠷ ᠬᠡᠤᠭᠡᠳ ᠲᠤ ᠢᠯᠡᠬᠦᠭᠡᠨ ᠨᠠᠭᠠᠳᠬᠤ ᠴᠠᠭ ᠦᠯᠡᠳᠡᠭᠡᠵᠤ ᠦᠭᠬᠦ ᠬᠡᠷᠡᠭᠲᠡᠢ᠃ ︽ᠬᠦᠤ ᠪᠠᠨ ᠪᠢ ᠠᠶ᠎ᠠ ᠶᠢ ᠨᠢ ᠳᠠᠭᠠᠭᠤᠯᠵᠤ ᠦᠰᠭᠡᠵᠤ ᠬᠦᠮᠦᠵᠢᠬᠦᠯᠳᠡᠭ᠂ ᠬᠠᠷᠢᠨ ᠳᠡᠭᠦᠨ ᠢ ᠡᠶᠢᠮᠦ ᠲᠡᠶᠢᠮᠦ ᠡᠷᠳᠡᠮᠳᠡᠨ ᠴᠢᠳᠠᠪᠦᠷᠢᠳᠠᠨ ᠪᠤᠯᠭᠠᠬᠤ ᠭᠡᠵᠤ ᠬᠦᠰᠡᠳᠡᠭ ᠦᠭᠡᠢ ᠪᠤᠯᠬᠤᠷ ᠬᠢᠷᠢ ᠪᠦᠲᠦᠮᠵᠢ ᠨᠢ ᠴᠤ ᠠᠩᠬᠢ ᠳᠠᠭᠠᠨ ᠤᠷᠦ᠋ᠢᠯᠠᠵᠤ ᠪᠠᠶᠢᠭ᠎ᠠ ᠪᠢᠰᠢ ᠶᠤᠮ︾ ᠭᠡᠪᠡ᠃
  ᠰᠠᠶᠢᠨ ᠬᠦᠮᠦᠨ ᠪᠤᠯᠬᠤ ᠨᠢ ᠬᠠᠮᠤᠭ ᠤᠨ ᠴᠢᠬᠤᠯᠠ
  ᠵᠢᠤᠢ ᠫᠢᠩ ︽ᠦᠭᠡ ᠶᠠᠷᠢᠶ᠎ᠠ ᠦᠢᠯᠡ ᠠᠵᠢᠯᠯᠠᠭ᠎ᠠ ᠪᠠᠷ ᠢᠶᠠᠨ ᠬᠦᠮᠦᠵᠢᠬᠦᠯᠬᠦ ᠨᠢ ᠬᠠᠮᠤᠭ ᠤᠨ ᠴᠢᠬᠤᠯᠠ ᠶᠤᠮ︾ ᠭᠡᠵᠤ ᠦᠵᠡᠳᠡᠭ᠃ ᠲᠡᠷᠡ᠄ ︽ᠬᠡᠤᠭᠡᠳ ᠢ ᠬᠦᠮᠦᠵᠢᠬᠦᠯᠬᠦ ᠳᠤ ᠬᠦᠮᠦᠨ ᠴᠢᠨᠠᠷ ᠤᠨ ᠰᠠᠶᠢᠨ ᠮᠠᠭᠤ ᠶᠢ ᠦᠵᠡᠬᠦ ᠨᠢ ᠬᠠᠮᠤᠭ ᠤᠨ ᠴᠢᠬᠤᠯᠠ ᠶᠤᠮ᠂ ᠰᠠᠶᠢᠨ ᠬᠦᠮᠦᠨ ᠪᠤᠯᠵᠤ᠂ ᠠᠪᠤ ᠡᠵᠢ ᠳᠡᠭᠡᠨ ᠠᠴᠢᠯᠠᠯ ᠲᠠᠢ ᠬᠦᠮᠦᠨ ᠪᠤᠯᠬᠤ ᠨᠢ ᠬᠦᠮᠦᠨ ᠪᠤᠯᠵᠤ ᠶᠠᠪᠤᠬᠤ ᠶᠢᠨ ᠬᠠᠮᠤᠭ ᠤᠨ ᠦᠨᠳᠤᠰᠦᠨ ᠵᠦᠢᠯ ᠪᠤᠯᠤᠨ᠎ᠠ᠂ ᠪᠠᠭᠠᠴᠤᠤᠯ ᠬᠡᠤᠭᠡᠳ ᠤᠨ ᠬᠠᠮᠤᠭ ᠠᠩᠬᠠᠨ ᠤ ᠬᠦᠷᠲᠡᠬᠦ ᠬᠦᠮᠦᠵᠢᠯ ᠪᠤᠯᠤᠨ᠎ᠠ ᠬᠡᠵᠤ ᠠᠪᠤ ᠡᠵᠢ ᠮᠢᠨᠢ ᠨᠠᠮᠠᠢᠢ ᠨᠦᠯᠦᠭᠡᠯᠡᠭᠰᠡᠭᠡᠷ ᠢᠷᠡᠭᠰᠡᠨ᠃ ᠪᠢ ᠪᠦᠬᠦ ᠤᠯᠤᠰ ᠤᠨ ᠠᠷᠪᠠᠨ ᠰᠢᠯᠢᠳᠡᠭ ᠪᠠᠭᠠᠴᠤᠳ ᠢ ᠰᠢᠯᠭᠠᠷᠠᠭᠤᠯᠬᠤ ᠺᠤᠮᠢᠰ ᠤᠨ ᠭᠡᠰᠢᠬᠦᠨ ᠪᠤᠯᠵᠤ ᠦᠩᠬᠡᠷᠡᠭᠰᠡᠨ᠂ ᠰᠢᠯᠭᠠᠷᠠᠭᠤᠯᠤᠯᠳᠠ ᠬᠢᠬᠦ ᠶᠠᠪᠤᠴᠠ ᠳᠤ ᠪᠢ ᠵᠠᠷᠢᠮ ᠬᠡᠤᠭᠡᠳ ᠤᠨ ᠬᠡᠯᠡᠵᠤ ᠪᠠᠶᠢᠬᠤ ᠦᠭᠡ ᠨᠢ ᠪᠦᠷ ᠲᠤᠮᠤ ᠬᠦᠮᠦᠨ ᠤ ᠬᠡᠯᠡᠵᠤ ᠪᠠᠶᠢᠬᠤ ᠬᠡᠪᠰᠢᠭᠰᠡᠨ ᠦᠭᠡ ᠤᠳ ᠪᠤᠯᠬᠤ ᠶᠢ ᠦᠵᠡᠵᠤ ᠭᠠᠷᠴᠠᠢ᠂ ᠡᠨᠡ ᠨᠢ ᠬᠡᠤᠭᠡᠳ ᠲᠤ ᠯᠡ ᠪᠠᠶᠢᠳᠠᠭ ᠴᠠᠭᠠᠬᠠᠨ ᠴᠡᠪᠡᠷ ᠮᠦᠷᠲᠡᠭᠡᠨ ᠬᠦᠭᠡᠷᠦᠭᠦᠨ ᠰᠠᠶᠢᠬᠠᠨ ᠵᠠᠩ ᠠᠭᠠᠯᠢ ᠶᠢ ᠠᠯᠳᠠᠭᠤᠯᠤᠭᠰᠠᠨ ᠪᠠᠶᠢᠨ᠎ᠠ︾ ᠬᠡᠯ᠎ᠠ᠃
  ᠪᠠᠭ᠎ᠠ ᠠᠴᠠ ᠨᠢ ᠪᠠᠶ᠎ᠠ ᠪᠠᠨ ᠲᠠᠭᠠᠭᠠᠬᠤ ᠴᠢᠳᠠᠪᠤᠷᠢ ᠲᠠᠢ ᠪᠤᠯᠭᠠᠬᠤ ᠬᠡᠷᠡᠭᠲᠡᠢ
  ᠠᠶ᠎ᠠ ᠶᠢ ᠨᠢ ᠳᠠᠭᠠᠭᠤᠯᠬᠤ ᠶᠢᠨ ᠬᠠᠮᠳᠤ᠂ ᠪᠢ ᠬᠡᠤᠭᠡᠳ ᠤᠨ ᠪᠡᠶ᠎ᠠ ᠪᠠᠨ ᠳᠠᠭᠠᠭᠠᠬᠤ ᠴᠢᠳᠠᠪᠦᠷᠢ ᠪᠠ ᠬᠦᠴᠤᠷᠭᠡᠭᠵᠢᠬᠦ ᠪᠠᠷ ᠴᠢᠷᠮᠠᠶᠢᠬᠤ ᠵᠤᠷᠢᠭ ᠢ ᠬᠦᠮᠦᠵᠢᠬᠦᠯᠬᠦ ᠶᠢ ᠬᠡᠵᠢᠶᠡᠳᠡ ᠴᠢᠬᠤᠯᠠᠴᠢᠯᠠᠳᠠᠭ᠂ ᠤᠴᠢᠷ ᠨᠢ ᠬᠤᠵᠢᠮ ᠬᠤᠶᠢᠰᠢᠳᠠ ᠲᠡᠷᠡ 4 ᠨᠠᠰᠤᠳᠠᠨ ᠢ ᠠᠰᠠᠷᠠᠨ ᠳᠡᠵᠢᠬᠡᠬᠦ ᠶᠠᠪᠤᠳᠠᠯ ᠳᠤ ᠲᠤᠯᠭᠠᠷᠠᠬᠤ ᠪᠤᠯᠬᠤᠷ ᠠᠮᠢᠳᠤᠷᠠᠯ ᠤᠨ ᠬᠦᠴᠢᠷ ᠪᠠᠷᠭᠡᠰᠢᠶᠠᠯ᠂ ᠨᠤᠭᠤᠷᠠᠯ ᠪᠦᠲᠦᠷᠢᠯ ᠳᠤ ᠤᠴᠠᠷᠠᠬᠤ ᠨᠢ ᠵᠠᠶᠢᠯᠠᠰᠢ ᠦᠭᠡᠢ ᠶᠤᠮ᠃
  ᠶᠤᠤ ᠶᠤᠤ ᠶᠢᠨ ᠨᠢᠯᠬ᠎ᠠ ᠪᠠᠯᠴᠢᠷ ᠦᠶ᠎ᠠ ᠠᠴᠠ ᠤᠳᠤ ᠪᠤᠯᠳᠠᠯᠠᠬᠢ ᠬᠠᠮᠤᠭ ᠤᠨ ᠶᠡᠭᠡ ᠡᠷᠢᠯ ᠬᠦᠰᠡᠯ ᠪᠤᠯ ᠡᠵᠢ ᠲᠠᠢ ᠪᠠᠨ ᠴᠤᠭ ︽6.1︾ ᠤ ᠬᠡᠤᠭᠡᠳ ᠤᠨ ᠪᠠᠶᠠᠷ ᠢ ᠦᠩᠬᠡᠷᠡᠭᠡᠵᠤ᠂ ᠳᠠᠪᠠᠳᠠᠢ ᠰᠠᠶᠢᠬᠠᠨ ᠨᠠᠭᠠᠳᠤᠨ ᠲᠤᠭᠯᠠᠨ᠎ᠠ᠂ ᠭᠡᠪᠡᠴᠤ ᠡᠨᠡᠬᠦ ᠬᠦᠰᠡᠯ ᠢ ᠨᠢ ᠪᠢ ᠤᠳᠤ ᠪᠤᠯᠳᠠᠯ᠎ᠠ ᠪᠡᠶᠡᠯᠡᠬᠦᠯᠵᠤ ᠦᠭᠬᠦᠭᠡᠳᠦᠢ᠃ ᠡᠬᠦᠨ ᠢ ᠲᠤᠷᠠᠳᠬᠤ ᠪᠦᠷᠢ ᠵᠢᠤᠢ ᠫᠢᠩ ᠬᠦᠤ ᠳᠡᠭᠡᠨ ᠤᠰᠤᠯᠳᠤᠭᠰᠠᠨ ᠪᠤᠳᠤᠯ ᠤᠷᠤᠳᠠᠭ᠄ ︽ᠡᠵᠢ ᠶᠢᠨ ᠬᠤᠪᠢ ᠳᠤ ᠮᠢᠨᠦ ᠬᠠᠮᠤᠭ ᠤᠨ ᠬᠠᠷᠠᠮᠰᠠᠯᠳᠠᠢ ᠶᠠᠪᠤᠳᠠᠯ ᠪᠤᠯ ᠳᠡᠭᠦᠨ ᠲᠠᠢ ᠬᠠᠮᠳᠤ ᠪᠠᠶᠢᠬᠤ ᠴᠠᠭ ᠳᠡᠩᠳᠡᠬᠦᠤ ᠤᠬᠤᠷ ᠪᠠᠶᠢᠨ᠎ᠠ᠂ ᠭᠠᠷᠠᠭ ᠤᠨ ᠰᠡᠭᠦᠯᠴᠢ ᠪᠤᠯᠬᠤ ᠪᠦᠷᠢ ᠪᠢ ᠦᠨᠳᠦᠰᠦᠨ ᠳᠡᠭᠡᠨ ᠭᠡᠷ ᠲᠡᠭᠡᠨ ᠪᠠᠶᠢᠳᠠᠭ ᠦᠭᠡᠢ᠃ ᠶᠤᠤ ᠶᠤᠤ ᠨᠠᠭᠠᠴᠤ ᠡᠮᠡᠭᠡ ᠪᠠᠨ ᠳᠠᠭᠠᠵᠤ᠂ ᠠᠰᠠᠷᠠᠭᠴᠢ ᠲᠠᠢ ᠬᠠᠮᠳᠤ ᠪᠠᠶᠢᠳᠠᠭ᠃ ᠳᠡᠷᠡ ᠪᠦᠬᠦᠳᠡ ᠶᠢ ᠨᠠᠶᠢᠳᠠᠬᠤ ᠬᠡᠤᠭᠡᠳ ᠤᠨ ᠴᠡᠴᠡᠷᠯᠢᠭ ᠲᠤ ᠰᠠᠭᠤᠵᠤ᠂ ᠪᠠᠶᠢᠷᠢ ᠳᠤ ᠰᠠᠭᠤᠬᠤ ᠲᠦᠷᠢᠮᠲᠦ ᠪᠠᠭ᠎ᠠ ᠰᠤᠷᠭᠠᠭᠤᠯᠢ ᠳᠤ ᠪᠢᠴᠢᠭ ᠦᠵᠡᠵᠠᠢ᠂ ᠦᠷᠯᠦᠭᠡ ᠡᠷᠳᠡ ᠪᠤᠰᠴᠤ ᠦᠪᠡᠰᠦᠪᠡᠨ ᠬᠤᠭᠤᠯᠠ ᠪᠠᠨ ᠬᠠᠯᠠᠭᠠᠵᠤ ᠢᠳᠡᠭᠡᠳ ᠤᠷᠤᠢ ᠨᠢ ᠪᠠᠶ᠎ᠠ ᠪᠠᠨ ᠤᠬᠢᠶᠠᠭᠠᠳ ᠤᠨᠳᠠᠴᠢᠬᠠᠳᠠᠭ︾᠃ ᠵᠢᠤᠢ ᠫᠢᠩ᠂ ᠤᠳᠤ ᠴᠦᠭᠡᠨ ᠪᠤᠰᠤ ᠭᠡᠷ ᠤᠨ ᠠᠬᠠᠮᠠᠳ ᠬᠡᠤᠭᠡᠳ ᠢᠶᠠᠨ ᠳᠡᠩᠳᠡᠬᠦᠤ ᠡᠩᠬᠦᠷᠡᠶᠢᠯᠡᠵᠦ ᠪᠠᠶᠢᠨ᠎ᠠ᠃ ᠤᠯᠠᠩᠬᠢ ᠬᠡᠤᠭᠡᠳ ᠪᠠᠶ᠎ᠠ ᠪᠠᠨ ᠳᠠᠭᠠᠭᠠᠵᠤ ᠬᠦᠴᠢᠷ ᠢ ᠢᠯᠡᠬᠤ ᠴᠢᠳᠠᠪᠦᠷᠢ ᠪᠠᠷ ᠲᠤᠳᠠᠮᠠᠭ ᠪᠠᠶᠢᠨ᠎ᠠ᠃ ᠬᠡᠤᠭᠡᠳ ᠢ ᠦᠪᠡᠷᠮᠢᠴᠡ ᠤᠨᠴᠠᠯᠢᠭ ᠲᠠᠢ ᠪᠤᠯᠭᠠᠨ ᠬᠦᠮᠦᠵᠢᠬᠦᠯᠬᠦ ᠨᠢ ᠬᠠᠮᠤᠭ ᠤᠨ ᠴᠢᠬᠤᠯᠠ ᠶᠤᠮ᠃ ︽ᠳᠡᠷᠡ ᠪᠦᠬᠦᠨ ᠢ ᠠᠳᠠᠯᠢ ᠪᠠᠶᠢᠯᠭᠠᠬᠤ ᠪᠠᠷ ᠬᠦᠮᠦᠵᠢᠬᠦᠯᠬᠦ ᠨᠢ ᠳᠠᠭᠠᠷᠠᠬᠤ ᠦᠭᠡᠢ︾ ᠭᠡᠪᠠ᠃



  
     
     