-
56134
2016-03-17 02:53
2536
12
1.
2.
3.
1998
4. 1998
5.
2016 1998
6.
7.
8.
9.
2016.03.17
-
2016-04-24
-
2016-03-21
-
2016-03-19
-
2016-03-18
1
-
2016-03-18
-
2016-03-18
ᠲᠡᠭᠦᠰᠪᠠᠶᠠᠷ ᠪᠠᠭᠰᠢᠲᠠᠨ ᠰᠠᠢᠨ ᠪᠠᠢᠨ᠎ᠠ ᠦᠦ ︖ ᠮᠤᠩᠭᠤᠯᠵᠢᠨ ᠪᠢᠴᠢᠭ ᠤᠨ ᠤᠯᠠᠨ ᠤᠯᠤᠰ ᠤᠨ ᠪᠠᠷᠢᠮᠵᠢᠶ᠎ᠠ ᠺᠤᠳ᠋ ᠤᠨ ᠲᠤᠬᠠᠢ ᠰᠦᠯᠵᠢᠶᠡᠴᠢᠳ ᠤᠳᠠᠭᠠᠨ ᠴᠤ ᠮᠠᠷᠭᠤᠯᠠ᠃ ᠮᠠᠷᠭᠤᠭᠠᠨ ᠪᠤᠯᠬᠤᠷ ᠬᠦᠮᠦᠰ ᠠᠳᠠᠯᠢ ᠪᠤᠰᠤ ᠢᠢᠨ ᠦᠵᠡᠯᠲᠡ ᠢᠢ ᠪᠠᠷᠢᠮᠲᠠᠯᠠᠵᠤ᠂ ᠦᠪᠡᠷ ᠦᠪᠡᠷ ᠤᠨ ᠢᠢᠡᠨ ᠵᠤᠭᠰᠤᠯᠲᠠ ᠲᠠᠢ ᠪᠠᠢᠬᠤ ᠨᠢ ᠵᠦᠢ ᠶᠤᠰᠤ᠃ ᠤᠯᠠᠨ ᠵᠦᠢᠯ ᠳᠡᠭᠡᠷ᠎ᠡ ᠦᠪᠡᠷ ᠤᠨ ᠭᠡᠰᠡᠨ ᠦᠵᠡᠯᠲᠡ ᠵᠤᠭᠰᠤᠯᠲᠠ ᠲᠠᠢ᠂ ᠴᠢᠩᠭ᠎ᠠ ᠨᠢᠮᠪᠠᠢ ᠯᠤᠭᠢᠭ ᠲᠠᠢ ᠪᠠᠢᠳᠠᠭ ᠪᠠᠭᠰᠢᠲᠠᠨ ᠲᠠᠨ ᠤ ᠲᠤᠰ ᠮᠠᠷᠭᠤᠭᠠᠨ ᠳ᠋ᠤ ᠦᠵᠡᠯᠲᠡ ᠪᠠᠨ ᠢᠯᠡᠷᠬᠡᠢᠯᠡᠭᠰᠡᠨ ᠳ᠋ᠤ ᠤᠷᠮᠠᠰᠢᠭᠰᠠᠨ ᠴᠤ ᠬᠠᠷᠢᠨ ᠲᠠᠨ ᠤ ᠲᠤᠰ ᠠᠰᠠᠭᠤᠳᠠᠯ ᠳ᠋ᠤ ᠴᠢᠩᠭ᠎ᠠ ᠨᠢᠮᠪᠠᠢ ᠬᠠᠨᠳᠤᠭ᠎ᠠ ᠦᠭᠡᠢ ᠪᠤᠯ ᠦᠦ ᠭᠡᠵᠦ ᠪᠤᠳᠤᠭᠳᠠᠭᠤᠯᠬᠤ ᠪᠡᠷ ᠬᠡᠲᠦᠨ ᠵᠦᠢᠯ ᠢ ᠬᠠᠷᠠᠭᠠᠳ ᠪᠠᠬᠠᠨ ᠤᠷᠮ᠎ᠠ ᠬᠤᠭᠤᠷᠠᠭᠰᠠᠨ ᠢ ᠨᠢᠭᠤᠬᠤ ᠶᠠᠭᠤᠨ᠃ ᠲᠤᠬᠠᠢᠯᠠᠪᠠᠯ᠂ ᠲᠠ ᠴᠤᠢᠵᠤᠩᠵᠠᠪ ᠨᠠᠰᠤᠲᠠᠨ ᠤ ᠶᠠᠷᠢᠶᠠᠨ ᠳ᠋ᠤ ᠬᠠᠷᠢᠭᠤᠯᠲᠠ ᠪᠠᠢᠬᠤ ᠦᠭᠡᠢ ᠭᠡᠵᠦ ᠦᠵᠡᠭᠰᠡᠨ ᠬᠡᠳᠦᠨ ᠵᠦᠢᠯ ᠳ᠋ᠡᠭᠡᠨ ᠬᠠᠷᠢᠭᠤᠯᠲᠠ ᠬᠦᠰᠡᠭᠰᠡᠨ ᠪᠠᠢᠨ᠎ᠠ᠃ ᠭᠡᠲᠡᠯ᠎ᠡ ᠲᠠᠨ ᠤ ᠵᠠᠷᠢᠮ ᠠᠰᠠᠭᠤᠯᠲᠠ ᠢᠢᠨ ᠬᠠᠷᠢᠭᠤᠯᠲᠠ ᠨᠠᠰᠤᠲᠠᠨ ᠤ ᠶᠠᠷᠢᠶᠠᠨ ᠳ᠋ᠤ ᠨᠢᠭᠡᠨᠲᠡ ᠳᠤᠷᠠᠳᠤᠭᠳᠠᠭᠰᠠᠨ ᠪᠠᠢᠭᠰᠠᠨ ᠶᠤᠮ᠃ ᠵᠢᠱᠢᠶᠡᠯᠡᠪᠡᠯ᠂ ᠲᠠᠨ ᠤ ᠳᠦᠷᠪᠡᠳᠦᠭᠡᠷ ᠠᠰᠠᠭᠤᠯᠲᠠ᠃ ᠨᠠᠰᠤᠲᠠᠨ ᠶᠠᠷᠢᠶᠠᠨ ᠳ᠋ᠠᠭᠠᠨ ᠨᠠᠰᠤᠨᠡᠤᠷᠲᠤ ᠫᠷᠤᠹᠧᠰᠰᠤᠷ ᠲᠡᠷᠡ ᠤᠳᠠᠭᠠᠨ ᠤ ᠬᠤᠷᠠᠯ ᠳ᠋ᠤ ᠳᠤᠮᠳᠠᠳᠤ ᠮᠤᠩᠭᠤᠯ ᠬᠤᠶᠠᠷ ᠤᠯᠤᠰ ᠤᠨ ᠡᠷᠳᠡᠮᠲᠡᠳ ᠤᠨ ᠬᠠᠮᠲᠤ ᠪᠡᠷ ᠵᠦᠪᠳᠡᠵᠦ ᠲᠤᠭᠲᠠᠭᠠᠭᠰᠠᠨ ᠲᠦᠰᠦᠪ ᠢ ᠲᠡᠪᠰᠢᠭᠦᠯᠦᠭᠰᠡᠨ ᠭᠡᠵᠦ ᠬᠡᠯᠡᠭᠰᠡᠨ ᠶᠤᠮ᠃
ᠡᠭᠦᠨ ᠡᠴᠡ ᠭᠠᠳᠠᠨ᠎ᠠ᠂ ᠲᠠᠨ ᠤ ᠨᠢᠭᠡᠳᠦᠭᠡᠷ᠂ ᠬᠤᠶᠠᠳᠤᠭᠠᠷ ᠠᠰᠠᠭᠤᠯᠲᠠ ᠳ᠋ᠤ ᠪᠢ ᠦᠪᠡᠷ ᠤᠨ ᠦᠵᠡᠯᠲᠡ ᠪᠠᠨ ᠬᠡᠯᠡᠶ᠎ᠡ᠃ ᠲᠡᠢᠮᠦ ᠡ᠂ ᠮᠤᠩᠭᠤᠯ ᠪᠢᠴᠢᠭ ᠤᠨ ᠺᠤᠳ᠋ ᠢ ᠬᠡᠷᠡᠭᠯᠡᠬᠦ ᠢᠢᠨ ᠲᠦᠯᠦᠭᠡ ᠤᠷᠤᠭᠤᠯᠤᠭᠰᠠᠨ᠂ ᠭᠡᠬᠦ ᠳ᠋ᠡᠭᠡᠨ ᠬᠡᠷᠡᠭᠯᠡᠬᠦ ᠡᠰᠡᠬᠦ ᠨᠢ ᠬᠡᠷᠡᠭᠯᠡᠭᠴᠢ ᠢᠢᠨ ᠡᠷᠬᠡ ᠭᠡᠳᠡᠭ ᠢ ᠲᠠ ᠶᠠᠭᠤᠨ ᠠᠨᠳᠠᠬᠤ ᠪᠤᠢ︖ᠡᠮᠦᠨ᠎ᠡ ᠮᠢᠨᠦ ᠢᠩᠬᠢᠵᠦ ᠬᠡᠯᠡᠭᠰᠡᠨ ᠤ ᠬᠠᠷᠢᠭᠤ ᠳ᠋ᠤ ᠮᠦᠩᠬᠡᠨᠠᠰᠤᠨ ᠭᠡᠳᠡᠭ ᠰᠦᠯᠵᠢᠶᠡᠴᠢᠨ ᠵᠢᠭᠠᠬᠠᠨ ᠰᠠᠨᠠᠯ ᠲᠠᠢ᠂ ᠤᠨᠳᠤᠭᠤᠨ ᠲᠠᠢ ᠪᠠᠢᠭᠰᠠᠨ ᠴᠤ ᠤᠴᠢᠷ ᠶᠠᠪᠤᠳᠠᠯ ᠡᠢᠮᠦ ᠳ᠋ᠡᠭᠡᠨ ᠯᠡ ᠡᠢᠮᠦ ᠰᠢᠦ ᠳ᠋ᠠ᠃ ᠳᠠᠬᠢᠭᠠᠳ ᠬᠡᠯᠡᠪᠡᠯ᠂ ᠺᠤᠳ᠋ ᠢ ᠬᠡᠷᠡᠭᠯᠡᠬᠦ ᠰᠢᠭᠤᠳ ᠬᠡᠷᠡᠭᠯᠡᠭᠴᠢ ᠨᠢ ᠦᠰᠦᠭ ᠪᠢᠴᠢᠭ ᠰᠢᠪᠡᠵᠦ ᠪᠠᠢᠭ᠎ᠠ ᠪᠢᠳᠡᠨᠤᠰ ᠪᠢᠰᠢ᠂ ᠲᠡᠳᠡᠭᠡᠷ ᠦᠰᠦᠭ ᠤᠷᠤᠭᠤᠯᠬᠤ ᠠᠷᠭ᠎ᠠ ᠰᠤᠳᠤᠯᠤᠨ ᠪᠦᠲᠦᠭᠡᠵᠦ ᠪᠠᠢᠭ᠎ᠠ ᠮᠡᠷᠭᠡᠵᠢᠯᠲᠡᠳ ᠶᠤᠮ᠃ ᠲᠡᠳᠡᠭᠡᠷ ᠮᠡᠷᠭᠡᠵᠢᠯᠲᠡᠳ ᠤᠨ ᠶᠠᠮᠠᠷ ᠨᠢᠭᠡᠨ ᠺᠤᠳ᠋ ᠢ ᠬᠡᠷᠡᠭᠯᠡᠵᠦ ᠪᠦᠲᠦᠭᠡᠭᠰᠡᠨ ᠦᠰᠦᠭ ᠤᠷᠤᠭᠤᠯᠬᠤ ᠠᠷᠭ᠎ᠠ ᠢᠢ ᠮᠠᠨᠤᠰ ᠠᠪᠴᠤ ᠬᠡᠷᠡᠭᠯᠡᠳᠡᠭ ᠡᠴᠡ ᠪᠢᠳᠡ ᠪᠤᠯ ᠦᠨᠡᠨᠳᠡᠭᠡᠨ ᠺᠤᠳ᠋ ᠤᠨ ᠬᠤᠪᠢ ᠳ᠋ᠤ ᠠᠪᠴᠤ ᠬᠡᠯᠡᠪᠡᠯ ᠳᠠᠮ ᠬᠡᠷᠡᠭᠯᠡᠭᠴᠢ ᠶᠤᠮ᠃ ᠬᠤᠶᠠᠳᠤᠭᠠᠷ ᠠᠰᠠᠭᠤᠯᠲᠠ ᠢᠢᠨ ᠬᠠᠷᠢᠭᠤ ᠳ᠋ᠤ᠄ ᠡᠴᠢᠨᠡᠨ ᠵᠢᠯ ᠬᠡᠷᠡᠭᠯᠡᠵᠦ ᠪᠤᠯᠤᠭᠰᠠᠨ ᠦᠭᠡᠢ ᠪᠢᠰᠢ᠂ ᠨᠡᠯᠢᠶᠡᠳ ᠵᠢᠯ ᠤᠨ ᠡᠮᠦᠨ᠎ᠡ ᠡᠴᠡ ᠬᠡᠷᠡᠭᠯᠡᠭᠰᠡᠭᠡᠷ ᠢᠷᠡᠭᠰᠡᠨ ᠶᠤᠮ᠃ ᠵᠢᠱᠢᠶᠡᠯᠡᠪᠡᠯ᠂ ᠹᠠᠩ ᠵᠧᠩ ᠪᠠᠷᠯᠠᠯ ᠤᠨ ᠰᠢᠰᠲ᠋ᠧᠮ ᠤᠨ 10.0 ᠬᠡᠪ ᠡᠴᠡ ᠡᠬᠢᠯᠡᠭᠡᠳ ᠪᠠᠷᠢᠮᠵᠢᠶ᠎ᠠ ᠺᠤᠳ᠋ ᠢ ᠬᠡᠷᠡᠭᠯᠡᠵᠦ᠂ ᠤᠳᠤ ᠪᠤᠯᠲᠠᠯ᠎ᠠ ᠪᠠᠭ᠎ᠠ ᠪᠤᠰᠤ ᠨᠤᠮ ᠲᠡᠪᠲᠡᠷ ᠢ ᠬᠡᠪᠯᠡᠵᠦ ᠭᠠᠷᠭᠠᠵᠠᠢ᠃ ᠬᠡᠳᠦᠢᠪᠡᠷ ᠪᠠᠭ᠎ᠠ ᠰᠠᠭ᠎ᠠ ᠲᠤᠲᠠᠭᠳᠠᠯ ᠲᠠᠢ ᠲᠠᠯ᠎ᠠ ᠪᠠᠢᠪᠠᠴᠤ᠂ ᠨᠤᠮ ᠬᠡᠪᠯᠡᠯ ᠤᠨ ᠬᠡᠷᠡᠭᠴᠡᠭᠡᠨ ᠳ᠋ᠤ ᠵᠠᠷᠤᠵᠤ ᠬᠦᠷᠴᠦ ᠪᠠᠢᠬᠤ ᠡᠴᠡ ᠪᠢᠳᠡ ᠪᠠᠷᠢᠮᠵᠢᠶ᠎ᠠ ᠺᠤᠳ᠋ ᠨᠢ ᠲᠡᠳᠦᠢ ᠯᠡ ᠠᠪᠬᠤ ᠢᠢᠨ ᠠᠷᠭ᠎ᠠ ᠦᠭᠡᠢ ᠶᠠᠭᠤᠮ᠎ᠠ ᠪᠢᠰᠢ ᠭᠡᠭᠴᠢ ᠢᠢ ᠮᠡᠳᠡᠵᠦ ᠪᠤᠯᠤᠨ᠎ᠠ᠃
ᠲᠤᠰ ᠤᠳᠠᠭᠠᠨ ᠤ ᠮᠠᠷᠭᠤᠭᠠᠨ ᠡᠴᠡ ᠡᠭᠦᠰᠦᠭᠰᠡᠨ ᠰᠠᠯᠠᠭ᠎ᠠ ᠨᠠᠮᠠᠭ᠎ᠠ ᠡᠨᠡᠬᠡᠨ ᠢᠢᠡᠷ ᠵᠤᠭᠰᠤᠬᠤ ᠦᠭᠡᠢ᠂ ᠤᠯᠠᠨ ᠲᠠᠯ᠎ᠠ ᠳ᠋ᠤ ᠬᠤᠯᠪᠤᠭᠳᠠᠨ᠂ ᠬᠤᠵᠢᠮ ᠤᠨ ᠬᠠᠯᠠᠨ ᠰᠠᠢᠵᠢᠷᠠᠭᠤᠯᠬᠤ ᠳ᠋ᠤ ᠪᠠᠭ᠎ᠠ ᠪᠤᠰᠤ ᠰᠠᠨᠠᠯ ᠰᠠᠨᠠᠭᠤᠯᠭ᠎ᠠ ᠪᠤᠯᠬᠤ ᠪᠠᠢᠬ᠎ᠠ ᠭᠡᠵᠦ ᠪᠤᠳᠤᠬᠤ ᠪᠡᠷ ᠪᠠᠶᠠᠷᠯᠠᠭᠤᠰᠢᠲᠠᠢ ᠶᠠᠪᠤᠳᠠᠯ᠃
-
2016-03-18
-
2016-03-18
Operating System code point
-
2016-03-17
http://i.youku.com/u/UMTgwMTM1MDUwOA==/videos
17
-
2016-03-17
-
2016-03-17