  

ᠴᠠᠢ ᠳᠤ ᠶᠠᠮᠠᠷ ᠰᠢᠮ᠎ᠠ ᠳᠡᠵᠢᠭᠡᠯᠳᠤ ᠪᠤᠳᠠᠰ ᠪᠤᠯᠤᠨ ᠡᠮᠴᠢᠯᠡᠭᠡᠨ ᠤ ᠤᠢᠢᠯᠡᠳᠤᠯ ᠪᠠᠶᠢᠬᠤ ᠪᠤᠢ

2019-06-06 09:32
  169
  0
ᠴᠠᠢ ᠳᠤ ᠤᠭᠤᠷᠠᠬ᠂ ᠦᠭᠡᠬᠦ᠂ ᠰᠢᠬᠢᠷ ᠤᠨ ᠵᠦᠢᠯ᠂ ᠪᠦᠳᠤᠭᠦᠨ ᠰᠢᠷᠭᠡᠭᠯᠢᠭ᠂ ᠺᠠᠯᠼ᠂ ᠹᠤᠰᠹᠤᠷ᠂ ᠳᠠᠮᠤᠷ᠂  
ᠬᠤᠯᠤᠤᠪᠠᠩ ᠤᠨ ᠡᠳ᠋᠂ ᠸᠢᠲ᠋ᠠᠮᠢᠨ B1᠂ ᠸᠢᠲ᠋ᠠᠮᠢᠨ B2᠂ ᠸᠢᠲ᠋ᠠᠮᠢᠨ C ᠵᠡᠷᠭᠡ ᠰᠢᠮ᠎ᠠ ᠳᠡᠵᠢᠭᠡᠯᠳᠤ ᠪᠤᠳᠠᠰ ᠠᠭᠤᠯᠤᠬᠳᠠᠬᠤ ᠠᠴᠠ ᠭᠠᠳᠠᠨ᠎ᠠ ᠪᠠᠰᠠ ᠴᠠᠢ ᠶᠢᠨ ᠹᠧᠨᠤᠯᠳᠤ ᠶᠢᠨ ᠳᠦᠷᠤᠯ᠂ ᠠᠮᠢᠳᠤ ᠪᠤᠳᠠᠰ ᠤᠨ ᠱᠦᠯᠳᠤ ᠶᠢᠨ ᠳᠦᠷᠤᠯ᠂ ᠹᠠᠯᠸᠤᠨ ᠤ ᠳᠦᠷᠤᠯ᠂ ᠴᠠᠢ ᠶᠢᠨ ᠵᠦᠭᠡᠯᠡᠷᠡᠭᠦᠯᠬᠦ ᠡᠳ᠋᠂ ᠦᠨᠤᠷᠳᠤ ᠳᠤᠰᠤ ᠶᠢᠨ ᠨᠢᠭᠡᠳᠤᠯ ᠬᠢᠭᠡᠳ ᠪᠢᠴᠢᠯ ᠡᠯᠧᠮᠧᠨ᠋ᠲ ᠪᠤᠯᠬᠤ ᠹᠯᠤᠷ᠂ ᠮᠠᠩᠭᠠᠨ᠂ ᠮᠤᠯᠢᠪᠳᠧᠨ ᠵᠡᠷᠭᠡ ᠠᠭᠤᠯᠤᠬᠳᠠᠵᠤ ᠪᠤᠢ᠃ ᠴᠠᠢ ᠳᠤᠳᠤᠷ᠎ᠠ ᠪᠠᠰᠠ ᠡᠯᠪᠡᠭ ᠳᠡᠯᠪᠡᠭ ᠨᠠᠪᠴᠢᠨ ᠬᠦᠴᠢᠯ ᠠᠭᠤᠯᠵᠤ ᠪᠠᠶᠢᠳᠠᠬ᠃    
   ᠡᠮᠴᠢᠯᠡᠭᠡᠨ ᠤ ᠤᠢᠢᠯᠡᠳᠤᠯ ᠤᠨ ᠳᠠᠯ᠎ᠠ ᠪᠠᠷ ᠴᠠᠢ ᠪᠤᠯ ᠭᠠᠰᠢᠭᠤᠨ ᠠᠮᠳᠠᠳᠠᠢ᠂ ᠰᠡᠷᠢᠭᠦᠨ ᠴᠢᠨᠠᠷᠳᠠᠢ᠂ ᠭᠤᠤᠯᠳᠠᠭᠤ ᠴᠢᠴᠠᠭ᠎ᠠ  
ᠠᠯᠳᠠᠬᠤ ᠶᠢ ᠵᠠᠰᠠᠬᠤ᠂ ᠬᠤᠤᠷ᠎ᠠ ᠶᠢ ᠳᠠᠶᠢᠯᠬᠤ᠂ ᠬᠠᠯᠠᠭᠤᠨ ᠢ ᠳᠠᠷᠤᠬᠤ᠂ ᠨᠠᠷᠠᠰᠢᠬᠰᠠᠨ ᠢ ᠳᠠᠷᠤᠬᠤ᠂ ᠢᠳᠡᠭᠡᠨ ᠢ ᠰᠢᠩᠭᠡᠭᠡᠬᠦ᠂ ᠰᠢᠭᠡᠯᠭᠡᠬᠦ᠂ ᠵᠢᠷᠤᠬᠡ ᠶᠢ ᠰᠠᠶᠢᠵᠢᠷᠠᠭᠤᠯᠬᠤ ᠵᠡᠷᠭᠡ ᠤᠢᠢᠯᠡᠳᠤᠯ ᠲᠠᠢ ᠶᠤᠮ᠃   
    ᠤᠳᠤ ᠦᠶ᠎ᠠ ᠶᠢᠨ ᠡᠮᠨᠡᠯᠭᠡ ᠶᠢᠨ ᠤᠬᠠᠭᠠᠨ ᠤ ᠰᠤᠳᠤᠯᠤᠯᠳᠠ ᠳᠤ ᠨᠤᠳᠠᠯᠠᠬᠰᠠᠨ ᠢᠶᠠᠷ᠂ ᠴᠠᠢ ᠶᠢᠨ ᠳᠤᠳᠤᠷᠠᠬᠢ ᠭᠠᠮᠪᠠᠷ  
ᠴᠠᠢ ᠶᠢᠨ ᠬᠦᠴᠢᠯ ᠪᠤᠯᠤᠨ ᠸᠢᠲ᠋ᠠᠮᠢᠨ C ᠬᠢᠭᠡᠳ ᠸᠢᠲ᠋ᠠᠮᠢᠨ P᠎ ᠨᠢ ᠴᠢᠰᠤᠨ ᠰᠤᠳᠠᠯ ᠤᠨ ᠵᠦᠭᠡᠯᠡᠨ ᠬᠠᠷᠢᠮᠠᠬᠠᠢ ᠴᠢᠨᠠᠷ᠂ ᠤᠶᠠᠨ ᠬᠠᠳᠠᠨ ᠴᠢᠨᠠᠷ ᠢ ᠰᠠᠶᠢᠵᠢᠷᠠᠭᠤᠯᠵᠤ᠂ ᠴᠢᠰᠤᠨ ᠳᠠᠬᠢ ᠺᠤᠯᠧᠰᠲ᠋ᠧᠷᠤᠯ ᠢ ᠪᠠᠭᠤᠷᠠᠭᠤᠯᠤᠨ᠂ ᠡᠯᠢᠭᠡᠨ ᠳᠤᠳᠤᠷ᠎ᠠ ᠦᠭᠡᠬᠦ ᠬᠤᠷᠠᠮᠳᠤᠬᠤ ᠶᠢ ᠰᠡᠷᠭᠡᠶᠢᠯᠡᠵᠤ᠂ ᠴᠠᠢ ᠶᠢᠨ ᠳᠤᠳᠤᠷᠠᠬᠢ ᠳᠠᠨᠢᠨ ᠬᠦᠴᠢᠯ ᠨᠢ ᠳᠠᠮᠦᠷᠯᠢᠭ ᠪᠤᠯᠤᠨ ᠱᠦᠯᠳᠤ ᠶᠢᠨ ᠳᠦᠷᠤᠯ ᠤᠨ ᠪᠤᠳᠠᠰ ᠲᠠᠢ ᠤᠶᠠᠯᠳᠤᠵᠤ᠂ ᠳᠡᠭᠦᠨ ᠢ ᠳᠤᠩᠭᠠᠨ᠂ ᠬᠦᠮᠤᠨ ᠤ ᠪᠡᠶ᠎ᠠ ᠬᠤᠤᠷᠳᠤ ᠪᠤᠳᠠᠰ ᠢ ᠰᠢᠩᠭᠡᠭᠡᠨ ᠠᠪᠬᠤ ᠶᠢ ᠤᠳᠠᠭᠠᠰᠢᠷᠠᠭᠤᠯᠬᠤ ᠤᠢᠢᠯᠡᠳᠤᠯ ᠲᠠᠢ ᠪᠦᠭᠡᠳ ᠬᠤᠤᠷᠳᠠᠯᠭ᠎ᠠ ᠶᠢ ᠰᠡᠷᠭᠡᠶᠢᠯᠡᠨ ᠵᠠᠰᠠᠳᠠᠬ ᠪᠠᠶᠢᠨ᠎ᠠ᠃ ᠴᠠᠢ ᠳᠤ ᠪᠠᠰᠠ ᠠᠷᠢᠭᠤᠳᠬᠠᠨ ᠪᠠᠺᠲ᠋ᠧᠷᠢ ᠶᠢ ᠤᠰᠠᠳᠬᠠᠬᠤ ᠪᠠ ᠰᠢᠷᠬ᠎ᠠ ᠶᠢᠨ ᠳᠦᠷᠭᠡᠨ ᠡᠳᠡᠭᠡᠷᠡᠬᠦ ᠶᠢ ᠠᠬᠢᠭᠤᠯᠬᠤ ᠤᠢᠢᠯᠡᠳᠤᠯ ᠲᠠᠢ ᠪᠦᠭᠡᠳ ᠦᠮᠡᠨ ᠢ ᠰᠡᠷᠭᠡᠶᠢᠯᠡᠬᠦ ᠤᠢᠢᠯᠡᠳᠤᠯ ᠲᠠᠢ ᠶᠤᠮ᠃ ᠴᠠᠢ ᠪᠠᠷ ᠡᠪᠡᠳᠴᠢᠨ ᠵᠠᠰᠠᠬᠤ ᠠᠷᠭ᠎ᠠ᠄     
    ● ᠬᠠᠷ᠎ᠠ ᠴᠠᠢ 15 ᠭᠷᠡᠮ᠂ ᠰᠤᠩᠬᠢᠨ᠎ᠠ ᠶᠢᠨ ᠴᠠᠭᠠᠨ᠂ ᠨᠦᠢᠳᠠᠨ ᠭᠠ ᠶᠢᠨ ᠬᠡᠷᠴᠢᠮᠡᠯ ᠳᠤᠰᠪᠤᠷᠢ 25 ᠭᠷᠡᠮ ᠢ 
ᠤᠰᠤᠨ ᠳᠤ ᠴᠢᠨᠠᠵᠤ ᠤᠤᠭᠤᠪᠠᠯ ᠰᠠᠯᠬᠢ ᠬᠦᠢᠳᠡᠨ ᠠᠴᠠ ᠪᠤᠯᠵᠤ ᠬᠢᠮᠤᠷᠠᠬᠰᠠᠨ ᠳᠠᠬᠰᠢᠭᠤᠷ ᠢ ᠵᠠᠰᠠᠨ᠎ᠠ᠃   
    ● ᠴᠠᠢ᠂ ᠨᠦᠢᠳᠠᠨ ᠭᠠ ᠳᠤᠰᠪᠤᠷᠢ 25 ᠭᠷᠡᠮ᠂ ᠡᠳᠡᠭᠡᠷ ᠠᠴᠠ ᠤᠳᠠᠭ᠎ᠠ ᠪᠦᠷᠢ 6 ᠭᠷᠡᠮ ᠢ ᠪᠦᠷᠢᠵᠤ ᠤᠤᠭᠤᠪᠠᠯ ᠰᠠᠯᠬᠢ  
ᠬᠦᠢᠳᠡᠨ ᠠᠴᠠ ᠪᠤᠯᠤᠬᠰᠠᠨ ᠳᠠᠬᠰᠢᠭᠤᠷ᠂ ᠳᠠᠭᠠᠷᠠᠳᠠᠰᠤ ᠬᠦᠷᠴᠤ ᠬᠠᠯᠠᠭᠤᠷᠠᠬᠤ ᠶᠢ ᠵᠠᠰᠠᠬᠤ ᠤᠢᠢᠯᠡᠳᠤᠯ ᠲᠠᠢ᠃  
    ● ᠴᠠᠢ 9 ᠭᠷᠡᠮ᠂ ᠨᠦᠢᠳᠠᠨ ᠭᠠ 5 ᠬᠡᠷᠴᠢᠮᠡᠯ᠂ ᠳᠤᠯᠤᠨᠤ 20 ᠭᠷᠡᠮ ᠢ ᠤᠰᠤᠨ ᠳᠤ ᠴᠢᠨᠠᠵᠤ᠂ ᠳᠡᠭᠡᠷ᠎ᠠ ᠨᠢ ᠵᠤᠬᠢᠬᠤ  
ᠬᠡᠮᠵᠢᠶᠡᠨ ᠤ ᠴᠠᠭᠠᠨ ᠰᠢᠬᠢᠷ ᠨᠠᠮᠠᠵᠤ ᠤᠤᠭᠤᠪᠠᠯ ᠡᠰᠡ ᠰᠢᠩᠭᠡᠭᠰᠡᠨ ᠠᠴᠠ ᠪᠤᠯᠵᠤ ᠰᠠᠭᠤᠯᠭᠠᠬᠤ ᠶᠢ ᠵᠤᠬᠰᠤᠭᠠᠨ᠎ᠠ᠃   
   ● ᠴᠠᠢ 6 ᠭᠷᠡᠮ᠂ ᠪᠤᠷᠤ ᠮᠠᠭᠠᠵᠢ ᠶᠢᠨ ᠨᠠᠪᠴᠢ᠂ ᠬᠠᠷ᠎ᠠ ᠵᠢᠷᠦ᠋ᠭᠪᠡ᠂ ᠨᠦᠢᠳᠠᠨ ᠭᠠ ᠳᠤᠰᠪᠤᠷᠢ 10 ᠭᠷᠡᠮ᠂ ᠪᠤᠷᠠᠮ 30  
ᠭᠷᠡᠮ ᠢ ᠤᠰᠤᠨ ᠳᠤ ᠴᠢᠨᠠᠵᠤ ᠤᠤᠭᠤᠪᠠᠯ ᠰᠠᠯᠬᠢ ᠬᠦᠢᠳᠡᠨ ᠠᠴᠠ ᠬᠢᠮᠤᠷᠠᠬᠰᠠᠨ ᠳᠠᠬᠰᠢᠭᠤᠷ᠂ ᠳᠠᠭᠠᠷᠠᠳᠠᠰᠤ ᠬᠦᠷᠬᠦ᠂ ᠪᠦᠬᠦ ᠪᠡᠶ᠎ᠠ ᠡᠪᠡᠳᠬᠦ᠂ ᠳᠤᠯᠤᠭᠠᠢ ᠡᠪᠡᠳᠬᠦ ᠵᠡᠷᠭᠡ ᠶᠢ ᠵᠠᠰᠠᠨ᠎ᠠ᠃   
   ● ᠡᠬᠡᠬᠦᠨ ᠴᠠᠢ ᠪᠠᠷ ᠠᠮᠠ ᠪᠠᠨ ᠵᠠᠶᠢᠯᠠᠪᠠᠯ ᠠᠮᠠᠨ ᠬᠦᠡᠳᠡᠢ ᠶᠢᠨ ᠦᠷᠪᠢᠰᠤᠯ᠂ ᠰᠢᠩᠭᠡᠭᠡᠯᠳᠡ ᠮᠠᠭᠤᠳᠠᠬᠰᠠᠨ ᠪᠤᠶᠤ ᠰᠤᠩᠬᠢᠨ᠎ᠠ ᠰᠠᠷᠢᠮᠰᠠᠬ ᠢᠳᠡᠭᠰᠡᠨ ᠠᠴᠠ ᠡᠭᠦᠰᠦᠭᠰᠡᠨ ᠦᠮᠡᠭᠡᠢ ᠦᠨᠤᠷ ᠢ ᠳᠠᠷᠤᠨ᠎ᠠ᠃   
    ● ᠴᠠᠢ᠂ ᠤᠪᠤᠭ᠎ᠠ ᠨᠤᠭᠤᠭ᠎ᠠ ᠶᠢᠨ ᠴᠡᠴᠡᠭ ᠳᠤᠰᠪᠤᠷᠢ 25 ᠭᠷᠡᠮ ᠢ ᠬᠠᠮᠳᠤ ᠳᠤᠨᠢ ᠡᠬᠡᠬᠦᠨ ᠰᠢᠭ ᠴᠢᠨᠠᠵᠤ᠂ ᠡᠳᠤᠷ ᠲᠤ 
3 ᠬᠤᠪᠢᠶᠠᠵᠤ ᠬᠤᠭᠤᠯᠠ ᠠᠴᠠ ᠪᠠᠨ ᠡᠮᠤᠨ᠎ᠠ ᠤᠤᠭᠤᠪᠠᠯ ᠰᠢᠭᠡᠯᠭᠡᠬᠦ ᠤᠢᠢᠯᠡᠳᠤᠯ ᠲᠠᠢ ᠪᠦᠭᠡᠳ ᠳᠠᠪᠤᠰᠠᠩ ᠤᠨ ᠦᠷᠪᠢᠰᠤᠯ ᠪᠤᠯᠤᠨ ᠰᠢᠭᠡᠰᠤᠨ ᠵᠠᠮ ᠤᠨ ᠬᠠᠯᠳᠠᠪᠤᠷᠢᠯᠠᠯ ᠡᠪᠡᠳᠴᠢᠨ ᠢ ᠵᠠᠰᠠᠨ᠎ᠠ᠃  

    ● ᠵᠤᠬᠢᠬᠤ ᠬᠡᠮᠵᠢᠶᠡᠨ ᠤ ᠨᠤᠭᠤᠭᠠᠨ ᠴᠠᠢ᠂ ᠪᠠᠶᠢᠪᠠᠩ᠂ ᠢᠳᠡᠭᠡᠨ ᠤ ᠼᠤᠤ ᠵᠡᠷᠭᠡ ᠶᠢ ᠬᠠᠮᠳᠤ ᠳᠤᠨᠢ ᠬᠤᠯᠢᠵᠤ  
ᠨᠠᠶᠢᠯᠡᠭᠦᠯᠤᠭᠡᠳ ᠬᠦᠯ ᠤᠨ ᠪᠠᠯᠴᠢᠷ ᠳᠡᠭᠡᠷ᠎ᠠ ᠨᠠᠭᠠᠪᠠᠯ ᠠᠮᠠ ᠬᠡᠯᠡ ᠳᠡᠭᠡᠷ᠎ᠠ ᠭᠠᠷᠤᠬᠰᠠᠨ ᠶᠠᠷ᠎ᠠ ᠶᠢ ᠡᠮᠨᠡᠨ ᠵᠠᠰᠠᠬᠤ ᠤᠢᠢᠯᠡᠳᠤᠯ ᠨᠢ ᠨᠡᠯᠢᠶᠡᠳ ᠰᠠᠶᠢᠨ ᠪᠠᠶᠢᠳᠠᠬ᠃    
    ● ᠨᠤᠭᠤᠭᠠᠨ ᠴᠠᠢ 10 ᠭᠷᠡᠮ᠂ ᠪᠤᠳᠠᠭᠠᠨ ᠼᠤᠤ 100 ᠮᠢᠯᠢᠯᠢᠲᠷ᠂ ᠭᠠ᠂ ᠰᠢᠬᠢᠷ ᠡᠪᠡᠰᠤ ᠳᠤᠰᠪᠤᠷᠢ ᠵᠤᠬᠢᠬᠤ  
ᠬᠡᠮᠵᠢᠶ᠎ᠠ ᠲᠠᠢ ᠬᠢᠵᠤ᠂ ᠬᠠᠮᠳᠤ ᠳᠤᠨᠢ ᠤᠰᠤᠨ ᠳᠤ ᠴᠢᠨᠠᠵᠤ ᠤᠤᠭᠤᠪᠠᠯ ᠳᠤᠭᠤᠯᠠᠭᠤᠯᠬᠤ ᠶᠢ ᠵᠠᠰᠠᠨ᠎ᠠ᠃    
    ● ᠴᠠᠢ 5 ᠭᠷᠡᠮ᠂ ᠴᠤᠭᠤᠷ ᠨᠤᠭᠤᠭ᠎ᠠ 300 ᠭᠷᠡᠮ ︵ᠵᠢᠵᠢᠭ ᠭᠡᠰᠡᠭ ᠪᠤᠯᠭᠠᠨ ᠬᠡᠷᠴᠢᠨ᠎ᠠ︶᠎ ᠢ ᠪᠦᠷᠢᠵᠤ᠂ ᠳᠡᠭᠡᠷ᠎ᠠ ᠨᠢ  
ᠵᠦᠭᠡᠢ ᠶᠢᠨ ᠪᠠᠯ ᠬᠤᠯᠢᠵᠤ ᠤᠤᠭᠤᠪᠠᠯ᠂ ᠯᠤᠬᠰᠢᠭᠤᠨ ᠰᠤᠳᠠᠯ ᠤᠨ ᠬᠠᠳᠠᠭᠤᠷᠠᠯ᠂ ᠡᠷᠳᠡ ᠶᠢᠨ ᠬᠤᠭᠤᠴᠠᠭᠠᠨ ᠤ ᠴᠢᠰᠤᠨ ᠳᠠᠷᠤᠯᠳᠠ ᠦᠡᠳᠤᠷ 
ᠡᠪᠡᠳᠴᠢᠨ᠂ ᠮᠡᠳᠡᠷᠡᠯ ᠤᠨ ᠳᠤᠷᠦ᠋ᠢᠳᠠᠯ ᠢ ᠵᠠᠰᠠᠵᠤ᠂ ᠬᠠᠯᠠᠭᠤᠨ ᠢ ᠳᠠᠷᠤᠨ᠂ ᠰᠡᠳᠬᠢᠯ ᠢ ᠳᠠᠶᠢᠪᠤᠰᠢᠷᠠᠭᠤᠯᠵᠤ᠂ ᠴᠢᠰᠤᠨ ᠦᠭᠡᠬᠦ ᠶᠢ 
ᠪᠠᠭᠤᠷᠠᠭᠤᠯᠬᠤ ᠤᠢᠢᠯᠠᠳᠤᠯ ᠲᠠᠢ᠃    
    ● ᠴᠠᠢ 5 ᠭᠷᠡᠮ᠂ ᠴᠠᠭᠠᠨ ᠯᠤᠤᠪᠠᠩ 100 ᠭᠷᠡᠮ᠂ ᠴᠠᠭᠠᠨ ᠯᠤᠤᠪᠠᠩ ᠢᠶᠠᠨ ᠰᠢᠯᠵᠡᠷᠡᠳᠡᠯ᠎ᠠ ᠴᠢᠨᠠᠵᠤ᠂ ᠤᠳᠠᠭ᠎ᠠ ᠪᠦᠷᠢ 
50 ᠭᠷᠡᠮ ᠴᠠᠭᠠᠨ ᠯᠤᠤᠪᠠᠩ ᠢ 2.5 ᠭᠷᠡᠮ ᠴᠠᠢ ᠲᠠᠢ ᠬᠠᠮᠳᠤ ᠪᠦᠷᠢᠵᠤ᠂ ᠳᠡᠭᠡᠷ᠎ᠠ ᠨᠢ ᠪᠠᠭ᠎ᠠ ᠵᠦᠭᠡᠢ ᠶᠢᠨ ᠪᠡᠯ ᠬᠢᠵᠤ ᠤᠤᠭᠤᠪᠠᠯ  
ᠬᠠᠨᠢᠶᠠᠯᠭᠠᠵᠤ ᠴᠡᠷ ᠠᠷᠪᠢᠨ ᠭᠠᠷᠬᠤ᠂ ᠤᠳᠠᠭᠠᠨ ᠴᠢᠨᠠᠷᠳᠠᠢ ᠰᠠᠯᠪᠤᠷᠢ ᠮᠦᠭᠡᠷᠰᠤᠨ ᠬᠤᠭᠤᠯᠠᠢ ᠶᠢᠨ ᠦᠷᠪᠢᠰᠤᠯ᠂ ᠰᠢᠩᠭᠡᠭᠡᠯᠳᠡ ᠮᠠᠭᠤᠳᠠᠬᠰᠠᠨ ᠡᠪᠡᠳᠴᠢᠨ ᠪᠤᠯᠤᠨ ᠡᠯ᠎ᠠ ᠵᠦᠢᠯ ᠤᠨ ᠦᠮᠡᠨ ᠢ ᠵᠠᠰᠠᠬᠤ ᠳᠤ ᠳᠤᠰᠠᠳᠠᠢ᠃   
    ● ᠨᠤᠭᠤᠭᠠᠨ ᠴᠠᠢ 5 ᠭᠷᠡᠮ᠂ ᠭᠠᠰᠢᠭᠤᠨ ᠬᠡᠮᠬᠡ ᠶᠢᠨ ᠡᠰᠢ 10 ᠭᠷᠡᠮ᠂ ᠡᠳᠡᠭᠡᠷ ᠢ ᠪᠤᠴᠠᠯᠤᠬᠰᠠᠨ ᠤᠰᠤ ᠪᠠᠷ ᠪᠦᠷᠢᠵᠤ  
ᠤᠤᠭᠤᠪᠠᠯ ᠵᠠᠯᠬᠢᠭᠤᠷ ᠳᠦᠪᠤᠩᠭᠡᠢ ᠶᠢᠨ ᠦᠷᠪᠢᠰᠤᠯ᠂ ᠬᠦᠢᠯᠡᠰᠦᠯᠢᠭ ᠴᠤᠬᠴᠠ ᠶᠢᠨ ᠦᠷᠪᠢᠰᠤᠯ ᠢ ᠳᠠᠷᠤᠵᠤ᠂ ᠤᠮᠳᠠᠭᠠᠰᠴᠤ ᠳᠤᠳᠤᠷ ᠪᠠᠴᠢᠮᠳᠠᠬᠤ ᠂ ᠰᠢᠭᠡᠰᠤ ᠴᠢᠪᠳᠠᠬᠰᠢᠬᠤ ᠶᠢ ᠵᠠᠰᠠᠬᠤ ᠳᠤ ᠳᠤᠰᠠᠳᠠᠢ᠃    
    ● ᠴᠠᠢ 10 ᠭᠷᠡᠮ᠂ ᠪᠠᠨᠠᠨᠠ 50 ᠭᠷᠡᠮ ︵ᠬᠡᠷᠴᠢᠨ᠎ᠠ︶᠂ ᠵᠦᠭᠡᠢ ᠶᠢᠨ ᠪᠠᠯ ᠵᠤᠬᠢᠬᠤ ᠬᠡᠮᠵᠢᠶ᠎ᠠ᠂ ᠡᠳᠡᠭᠡᠷ ᠢ 
ᠬᠠᠮᠳᠤ ᠳᠤᠨᠢ ᠪᠤᠴᠠᠯᠤᠬᠰᠠᠨ ᠤᠰᠤ ᠪᠠᠷ ᠪᠦᠷᠢᠵᠤ ᠤᠤᠭᠤᠪᠠᠯ ᠴᠢᠰᠤᠨ ᠳᠠᠷᠤᠯᠳᠠ ᠦᠡᠳᠤᠷᠵᠢᠭᠰᠡᠨ᠂ ᠲᠢᠳᠢᠮ ᠯᠤᠬᠰᠢᠭᠤᠨ ᠰᠤᠳᠠᠯ ᠤᠨ ᠴᠢᠨᠠᠷᠳᠠᠢ ᠵᠢᠷᠤᠬᠡᠨ ᠡᠪᠡᠳᠴᠢᠨ᠂ ᠯᠤᠬᠰᠢᠭᠤᠨ ᠰᠤᠳᠠᠯ ᠤᠨ ᠬᠠᠳᠠᠭᠤᠷᠠᠯ ᠵᠡᠷᠭᠡ ᠶᠢ ᠵᠠᠰᠠᠬᠤ ᠳᠤ ᠳᠤᠰᠠᠳᠠᠢ᠃    
    ● ᠬᠠᠷ᠎ᠠ ᠴᠠᠢ 3 ᠭᠷᠡᠮ᠂ ᠳᠤᠰᠢᠯᠤᠬ 100 ᠭᠷᠡᠮ ︵ᠬᠡᠷᠴᠢᠨ᠎ᠠ︶᠂ ᠤᠯᠠᠭᠠᠨ ᠴᠢᠪᠠᠭ᠎ᠠ 10 ᠭᠷᠡᠮ ᠢ ᠪᠤᠴᠠᠯᠤᠬᠰᠠᠨ  
ᠤᠰᠤ ᠪᠠᠷ ᠪᠦᠷᠢᠵᠤ ᠤᠤᠭᠤᠪᠠᠯ ᠳᠡᠯᠢᠭᠦᠤ ᠶᠢ ᠴᠢᠬᠢᠷᠠᠬᠵᠢᠭᠤᠯᠤᠨ᠂ ᠬᠤᠳᠤᠭᠤᠳᠤ ᠶᠢ ᠰᠠᠶᠢᠵᠢᠷᠠᠭᠤᠯᠵᠤ᠂ ᠬᠤᠤᠷ᠎ᠠ ᠶᠢ ᠳᠠᠶᠢᠯᠤᠨ᠂ ᠦᠮᠠᠨ ᠢ ᠡᠰᠡᠷᠭᠦᠴᠡᠬᠦ ᠤᠢᠢᠯᠠᠳᠤᠯ ᠲᠠᠢ ᠳᠤᠯᠠ ᠦᠮᠠᠨ ᠤᠯᠤᠬᠰᠠᠨ ᠡᠪᠡᠳᠴᠢᠳᠡᠨ ᠦᠷᠭᠦᠯᠵᠢ ᠤᠤᠭᠤᠪᠠᠯ ᠰᠠᠶᠢᠨ ᠶᠤᠮ᠃    
    ● ᠨᠤᠭᠤᠭᠠᠨ ᠴᠠᠢ 2 ᠭᠷᠡᠮ᠂ ᠠᠯᠳᠠ ᠮᠦᠩᠭᠦᠨ ᠴᠡᠴᠡᠭ 20 ᠭᠷᠡᠮ᠂ ᠰᠢᠬᠢᠷ ᠡᠪᠡᠰᠤ 5 ᠭᠷᠡᠮ ᠢ ᠪᠤᠴᠠᠯᠤᠬᠰᠠᠨ 
ᠤᠰᠤ ᠪᠠᠷ ᠪᠦᠷᠢᠵᠤ ᠤᠤᠭᠤᠪᠠᠯ ᠬᠠᠯᠠᠭᠤᠨ ᠢ ᠠᠷᠢᠯᠭᠠᠵᠤ᠂ ᠬᠤᠤᠷ᠎ᠠ ᠶᠢ ᠳᠠᠶᠢᠯᠤᠨ᠂ ᠦᠮᠡᠨ ᠬᠠᠪᠤᠳᠡᠷ ᠢ ᠰᠡᠷᠭᠡᠶᠢᠯᠡᠨ ᠳᠠᠷᠤᠬᠤ 
ᠤᠢᠢᠯᠡᠳᠤᠯ ᠲᠠᠢ ᠳᠤᠯᠠ ᠶᠡᠷᠤ ᠳᠡᠭᠡᠨ ᠠᠭᠤᠰᠬᠢᠨ ᠦᠮᠡᠨ᠂ ᠬᠤᠳᠤᠭᠤᠳᠤᠨ ᠦᠮᠡᠨ ᠢ ᠵᠠᠰᠠᠬᠤ ᠳᠤ ᠦᠷᠭᠦᠯᠵᠢ ᠤᠤᠭᠤᠪᠠᠯ ᠰᠠᠶᠢᠨ ᠶᠤᠮ᠃ 
    
   ● ᠨᠤᠭᠤᠭᠠᠨ ᠴᠠᠢ 6 ᠭᠷᠡᠮ᠂ ᠬᠢᠰᠢᠬᠦᠨ᠎ᠠ 3 ᠭᠷᠡᠮ ᠢ ᠬᠠᠮᠳᠤ ᠳᠤᠨᠢ ᠪᠤᠴᠠᠯᠤᠬᠰᠠᠨ ᠤᠰᠤ ᠪᠠᠷ ᠪᠦᠷᠢᠵᠤ ᠤᠤᠭᠤᠪᠠᠯ  
ᠴᠢᠰᠤᠨ ᠦᠭᠡᠬᠦ ᠶᠡᠭᠡᠳᠦᠭᠰᠡᠨ ᠭᠡᠮ ᠢ ᠵᠠᠰᠠᠨ᠂ ᠮᠠᠷᠢᠶ᠎ᠠ ᠶᠢ ᠰᠢᠭᠤᠷᠠᠭᠤᠯᠬᠤ ᠳᠤ ᠳᠤᠰᠠᠳᠠᠢ᠃  

   ● ᠴᠠᠢ 3 ᠭᠷᠡᠮ᠂ ᠤᠷᠬᠤᠳᠠᠢ 9 ᠭᠷᠡᠮ ︵ᠨᠢᠮᠬᠡᠨ ᠬᠡᠷᠴᠢᠨ᠎ᠠ︶᠂ ᠡᠳᠡᠭᠡᠷ ᠢ ᠬᠠᠮᠳᠤ ᠳᠤᠨᠢ ᠳᠤᠭᠤᠭᠠᠨ ᠳᠤ ᠬᠢᠵᠤ  
ᠳᠡᠭᠡᠷ᠎ᠠ ᠨᠢ ᠬᠤᠶᠠᠷ ᠠᠶᠠᠭ᠎ᠠ ᠤᠰᠤ ᠨᠡᠮᠡᠵᠤ ᠪᠤᠴᠠᠯᠭᠠᠭᠠᠳ ᠬᠠᠭᠠᠰ ᠬᠢᠷᠢᠳᠠᠢ ᠰᠢᠷᠬᠢᠭᠰᠡᠨ ᠤ ᠳᠠᠷᠠᠭ᠎ᠠ ᠳᠤᠩᠭᠠᠵᠤ ᠤᠤᠭᠤᠨ᠎ᠠ᠃ ᠡᠨᠡ ᠨᠢ ᠭᠤᠤᠯᠳᠠᠭᠤ ᠳᠠᠮᠢᠷ ᠢ ᠨᠦᠬᠦᠵᠤ᠂ ᠠᠷᠭ᠎ᠠ ᠶᠢ ᠴᠢᠬᠢᠷᠠᠬᠵᠢᠭᠤᠯᠤᠨ᠂ ᠡᠷ᠎ᠠ ᠪᠡᠯᠭᠡ ᠶᠢ ᠴᠢᠩᠭᠠᠷᠠᠭᠤᠯᠬᠤ ᠤᠢᠢᠯᠡᠳᠤᠯ ᠲᠠᠢ᠃ ᠡᠭᠦᠨ ᠢ ᠶᠡᠷᠤ ᠳᠡᠭᠡᠨ
ᠡᠷ᠎ᠠ ᠪᠡᠯᠭᠡ ᠰᠤᠯᠠᠷᠠᠬᠰᠠᠨ ᠪᠠ ᠡᠷ᠎ᠠ ᠪᠡᠯᠭᠡ ᠶᠢᠨ ᠴᠢᠳᠠᠯ ᠪᠠᠭᠤᠷᠠᠬᠰᠠᠨ᠂ ᠬᠤᠷᠢᠴᠡᠯ ᠤᠨ ᠠᠵᠢᠯᠯᠠᠭ᠎ᠠ ᠳᠤᠷᠦ᠋ᠢᠳᠠᠬᠰᠠᠨ ᠬᠦᠮᠤᠰ ᠦᠷᠭᠦᠯᠵᠢ ᠤᠤᠭᠤᠪᠠᠯ ᠮᠠᠰᠢ ᠰᠠᠶᠢᠨ ᠪᠠᠶᠢᠵᠤ᠂ ᠡᠷ᠎ᠠ ᠪᠡᠯᠭᠡ ᠶᠢᠨ ᠴᠢᠳᠠᠪᠤᠷᠢ ᠶᠢ ᠨᠢ ᠰᠠᠶᠢᠵᠢᠷᠠᠭᠤᠯᠬᠤ ᠳᠤ ᠳᠤᠰᠠᠳᠠᠢ ᠶᠤᠮ᠃  



  
     
     