 

ᠮᠤᠷᠢᠨ ᠬᠢᠯᠭᠠᠰᠤ ᠪᠠᠷ ᠲᠠᠩᠺᠠ  ᠤᠷᠠᠯᠠᠨ ᠵᠤᠬᠢᠶᠠᠭᠰᠠᠨ ᠬᠡᠷᠡᠯ ᠨᠠᠰᠤᠳᠠᠨ

2018-07-17 15:01
  206
  0

     ᠠᠯᠠᠱᠠ ᠵᠡᠬᠦᠨ ᠬᠤᠰᠢᠭᠤᠨ ᠤ ᠲᠦᠪ ᠪᠠᠶᠠᠨᠬᠤᠳᠠ ᠪᠠᠯᠭᠠᠰᠤ ᠶᠢᠨ ᠠᠯᠠᠱᠠ ᠬᠤᠱᠤᠳ ᠥᠨᠳᠤᠰᠤᠳᠠᠨ ᠤ ᠰᠤᠶᠤᠯ ᠤᠨ ᠵᠡᠬᠡᠯᠢ ᠳᠤ ︽ᠠᠯᠳᠠᠨ ᠪᠥᠷᠬᠦᠳ︾ ᠮᠤᠷᠢᠨ ᠬᠢᠯᠭᠠᠰᠤᠨ ᠤᠷᠢᠶᠠᠮᠠᠯ ᠮᠢᠨᠳᠠᠰᠤᠨ ᠤ ᠤᠷᠠᠯᠠᠯ ᠤᠨ ᠬᠢᠵᠠᠭᠠᠷᠳᠤ ᠺᠤᠮᠫᠠᠨᠢ ᠪᠠᠶᠢᠳᠠᠬ᠃ ᠡᠨᠡ ᠬᠦ ᠺᠤᠮᠫᠠᠨᠢ ᠶᠢᠨ ᠡᠵᠡᠨ ᠪᠤᠯ ᠲᠡᠯᠡᠨ ᠲᠠᠪᠤᠳᠠᠢ ᠭᠡᠷᠡᠯ ᠨᠠᠰᠤᠳᠠᠨ ᠶᠤᠮ᠃ ᠨᠠᠰᠤᠳᠠᠨ ᠭᠤᠸᠠᠢ 300 ᠭᠠᠷᠤᠢ ᠵᠢᠯ ᠤᠨ ᠲᠡᠤᠭᠡ ᠲᠠᠢ ᠠᠯᠠᠱᠠ ᠮᠤᠩᠭᠤᠯ ᠲᠠᠩᠺᠠ ᠶᠢᠨ ᠰᠤᠶᠤᠯ ᠢᠶᠠᠨ ᠤᠯᠠᠮᠵᠢᠯᠠᠨ᠂ ᠮᠤᠷᠢᠨ ᠬᠢᠯᠭᠠᠰᠤ ᠪᠠᠷ ᠲᠠᠩᠺᠠ ᠶᠢᠨ ᠪᠥᠳᠥᠭᠡᠯ ᠢ ᠤᠷᠠᠯᠠᠨ ᠵᠤᠬᠢᠶᠠᠵᠥ ᠲᠡᠯᠭᠡᠨ ᠪᠤᠷᠤᠯᠠᠭᠤᠯᠤᠭᠠᠳ ᠪᠠᠶᠠᠵᠢᠯᠳᠤ ᠠᠮᠢᠳᠤᠷᠠᠯ ᠤᠨ ᠲᠤᠤᠯᠢᠰ ᠢ ᠪᠢᠴᠢᠭᠯᠡᠨ᠎ᠠ᠃
      6 ᠰᠠᠷ᠎ᠠ ᠶᠢᠨ 12᠎ ᠤᠨ ᠦᠳᠡ ᠶᠢᠨ ᠬᠤᠶᠢᠨ᠎ᠠ᠂ ᠪᠢᠳᠠ ᠬᠡᠷᠡᠯ ᠨᠠᠰᠤᠳᠠᠨ ᠤ ᠲᠡᠯᠬᠡᠬᠦᠷ ᠲᠤ ᠬᠥᠷᠬᠦ ᠳᠤ᠂ ᠨᠠᠰᠤᠳᠠᠨ ᠶᠠᠬ ᠰᠠᠶᠢᠬᠠᠨ ᠭᠡᠷᠡᠭᠯᠡᠭᠴᠢᠳ ᠤᠨ ᠵᠠᠬᠢᠶᠠᠯᠠᠬᠰᠠᠨ ᠰᠢᠨᠵᠢᠶᠠᠩ ᠤᠨ ᠲᠤᠳᠤ ᠮᠤᠩᠭᠤᠯ ᠥᠰᠥᠭ ᠤᠨ ᠪᠥᠳᠥᠭᠡᠯ ᠢᠶᠠᠨ ᠤᠷᠠᠯᠠᠨ ᠶᠠᠭᠠᠷᠠᠵᠥ ᠪᠠᠶᠢᠯ᠎ᠠ᠃ ᠬᠡᠷᠡᠯ ᠨᠠᠰᠤᠳᠠᠨ ᠬᠡᠵᠥ ᠬᠥᠷᠥᠰᠦᠯᠢᠭ ᠪᠤᠷᠤ ᠴᠢᠷᠠᠢ ᠳᠠᠭᠠᠨ ᠢᠨᠢᠶᠡᠮᠰᠥᠭᠯᠡᠯ ᠲᠤᠳᠤᠷᠠᠭᠤᠯᠤᠬᠰᠠᠨ ᠶᠡᠷᠢᠶ᠎ᠠ ᠬᠥᠭᠡᠷᠥᠭᠡ ᠲᠠᠢ ᠨᠠᠰᠤᠳᠠᠨ᠃ ᠨᠠᠰᠤᠳᠠᠨ ᠭᠤᠸᠠᠢ᠄ ︽ᠲᠠᠩᠺᠠ ᠪᠤᠯ ᠥᠪᠡᠷᠮᠢᠴᠠ ᠤᠨᠴᠠᠯᠢᠬ ᠪᠥᠬᠦᠢ ᠭᠠᠷ ᠤᠷᠠᠯᠠᠯ ᠤᠨ ᠪᠥᠳᠥᠭᠡᠯ ᠤᠨ ᠨᠢᠬᠡ ᠪᠤᠯᠬᠤ ᠶᠤᠮ᠃ ᠲᠠᠩᠺᠠ ᠳᠤ ᠠᠷᠢᠭᠤᠨ ᠤᠷᠤᠨ᠂ ᠪᠤᠷᠬᠠᠨ ᠰᠠᠬᠢᠭᠤᠯᠰᠤᠨ ᠲᠡᠷᠢᠬᠦᠳᠠᠨ ᠢ ᠤᠷᠠᠯᠠᠬᠰᠠᠨ ᠱᠠᠰᠢᠨ ᠤ ᠰᠤᠶᠤᠯ ᠤᠨ ᠤᠨᠴᠠᠯᠢᠬ ᠢᠯᠠ ᠲᠤᠳᠤ ᠪᠠᠶᠢᠬᠤ ᠠᠴᠠ ᠭᠠᠳᠠᠨ᠎ᠠ ᠥᠨᠳᠤᠰᠤᠳᠠᠨ ᠤᠬᠰᠠᠭᠠᠳᠠᠨ ᠤ ᠲᠡᠤᠭᠡᠳᠤ ᠥᠢᠯᠡ ᠶᠠᠪᠤᠳᠠᠯ᠂ ᠤᠯᠤᠰ ᠲᠥᠷᠥ᠂ ᠴᠡᠷᠢᠭ ᠲᠠᠶᠢᠨ ᠤ ᠴᠢᠬᠤᠯᠠ ᠭᠡᠷᠡᠭ ᠲᠤ ᠬᠤᠯᠪᠤᠬᠳᠠᠬᠰᠠᠨ ᠵᠦᠢᠯ ᠴᠤ ᠶᠡᠭᠡ ᠪᠠᠶᠢᠳᠠᠬ ᠢᠶᠠᠷ ᠢᠶᠠᠨ ᠶᠡᠷᠥ ᠠᠴᠠ ᠬᠢᠵᠥ ᠤᠷᠠᠯᠠᠬᠤ ᠰᠤᠶᠤᠯ ᠰᠡᠳᠬᠢᠮᠵᠢ ᠶᠢᠨ ᠬᠤᠪᠢ ᠳᠤ ᠶᠡᠭᠡ ᠴᠢᠯᠥᠭᠡᠳᠠᠢ ᠮᠥᠷᠳᠡᠭᠡᠨ ᠥᠨᠳᠤᠷ ᠱᠠᠭᠠᠷᠳᠠᠯᠭ᠎ᠠ ᠲᠠᠢ ᠤᠷᠠᠨ ᠨᠠᠷᠢᠯᠢᠬ ᠤᠷᠠᠯᠠᠯ ᠪᠤᠯᠬᠤ ᠶᠤᠮ᠃ ᠡᠬᠦᠨ ᠳᠤ ᠵᠢᠷᠤᠮᠠᠯ ᠲᠠᠩᠺᠠ᠂ ᠬᠠᠳᠬᠤᠮᠠᠯ ᠲᠠᠩᠺᠠ᠂ ᠨᠠᠭᠠᠮᠠᠯ ᠲᠠᠩᠺᠠ ᠬᠡᠬᠦᠴᠢᠯᠠᠨ ᠤᠯᠠᠨ ᠵᠦᠢᠯ ᠳᠤ ᠬᠤᠪᠢᠶᠠᠵᠥ ᠪᠤᠯᠬᠤ ᠮᠥᠷᠳᠡᠭᠡᠨ ᠤᠷᠠᠯᠠᠬᠤ ᠲᠠᠯ᠎ᠠ ᠪᠠᠷ ᠬᠠᠳᠬᠤᠬᠤ᠂ ᠱᠠᠬᠯᠠᠬᠤ᠂ ᠵᠦᠢᠬᠦ ᠬᠡᠬᠦ ᠮᠡᠳᠤ ᠪᠠᠷ ᠤᠯᠠᠨ ᠶᠠᠩᠵᠥ ᠪᠠᠷ ᠬᠢᠵᠥ ᠪᠥᠳᠥᠬᠡᠵᠥ ᠪᠤᠯᠳᠠᠬ︾ ᠬᠡᠵᠥ ᠰᠤᠷᠪᠤᠯᠵᠢᠯᠠᠬᠴᠢ ᠳᠤ ᠲᠠᠨᠢᠯᠴᠠᠭᠤᠯᠵᠥ ᠭᠠᠷᠤᠯ᠎ᠠ᠃
     ᠮᠤᠷᠢᠨ ᠬᠢᠯᠭᠠᠰᠤ ᠪᠠᠷ ᠤᠷᠠᠯᠠᠨ ᠵᠤᠬᠢᠶᠠᠭᠰᠠᠨ ᠲᠠᠩᠺᠠ ᠶᠢᠨ ᠪᠦᠳᠦᠬᠡᠯ ᠪᠤᠯ ᠪᠤᠷᠬᠠᠨ ᠤ ᠨᠤᠮ ᠢᠶᠠᠷ ᠭᠤᠤᠯ ᠠᠭᠤᠯᠭ᠎ᠠ ᠪᠤᠯᠭᠠᠭᠰᠠᠨ ᠬᠠᠳᠬᠤᠮᠠᠯ ᠤᠨ ᠤᠷ᠎ᠠ ᠮᠡᠷᠭᠡᠰᠢᠯ ᠪᠤᠯᠤᠨ ᠤᠷᠠᠨ ᠵᠢᠷᠤᠬ ᠤᠨ ᠮᠡᠷᠭᠡᠵᠢᠯ ᠢ ᠤᠶᠠᠯᠳᠤᠭᠤᠯᠤᠬᠰᠠᠨ ᠭᠠᠷ ᠤᠷᠠᠯᠠᠯ ᠤᠨ ᠪᠥᠳᠥᠭᠡᠭᠳᠡᠬᠦᠨ ᠪᠤᠯᠬᠤ ᠶᠤᠮ᠃ ᠬᠡᠷᠡᠯ ᠨᠠᠰᠤᠳᠠᠨ ᠶᠠᠬ ᠡᠨᠡ ᠬᠦ ᠮᠤᠷᠢᠨ ᠬᠢᠯᠭᠠᠰᠤ ᠪᠠᠷ ᠲᠠᠩᠺᠠ ᠤᠶᠤᠬᠤ ᠮᠡᠷᠭᠡᠵᠢᠯ ᠳᠤ ᠴᠠᠭᠠᠷᠠᠬᠰᠠᠨ ᠬᠥᠮᠥᠨ ᠪᠤᠯᠬᠤ ᠶᠤᠮ᠃ ᠪᠢᠳᠠ ᠲᠡᠬᠦᠨ ᠤ ᠥᠷᠥᠭᠡ ᠲᠥᠬᠦᠷᠡᠩ ᠡᠯᠬᠦᠬᠡᠰᠤᠳᠠᠢ ᠤᠷᠠᠨ ᠬᠢᠴᠠᠳᠠᠢ ᠥᠡᠭᠭᠡ ᠢᠯᠭᠠᠷᠠᠮ᠎ᠠ ᠲᠠᠩᠺᠠ ᠶᠢᠨ ᠪᠥᠳᠥᠭᠡᠯ ᠤᠳ ᠢ ᠪᠢᠰᠢᠷᠡᠨ ᠰᠤᠨᠢᠷᠬᠠᠬᠤ ᠵᠠᠭᠤᠷ᠎ᠠ ᠨᠠᠰᠤᠳᠠᠨ᠄ ︽ᠲᠠᠩᠺᠠ ᠬᠢᠬᠦ ᠳᠤ ᠵᠢᠷᠤᠬ ᠢᠶᠠᠷ ᠵᠢᠷᠤᠬᠤ᠂ ᠬᠠᠶᠢᠴᠢᠯᠠᠵᠥ ᠨᠠᠭᠠᠬᠤ᠂ ᠤᠷᠠᠯᠠᠵᠥ ᠤᠶᠤᠬᠤ ᠬᠡᠬᠦ ᠤᠯᠠᠨ ᠶᠠᠪᠤᠴᠠ ᠲᠠᠢ ᠶᠤᠮ᠃ ᠲᠠᠩᠺᠠ ᠪᠠᠨ ᠤᠶᠤᠬᠤ ᠳᠤ ᠬᠢᠯᠭᠠᠰᠤ ᠪᠠᠨ ᠨᠢᠬᠡᠳ ᠨᠢᠬᠡ ᠪᠠᠷ ᠨᠢ ᠥᠡᠭᠭᠡ ᠪᠤᠳᠤᠬ ᠲᠠᠭᠠᠷᠠᠭᠤᠯᠤᠨ ᠤᠷᠢᠶᠠᠵᠥ ᠬᠠᠳᠬᠤᠬᠤ ᠳᠤ ᠲᠦᠢᠯ ᠤᠨ ᠨᠠᠷᠢᠯᠢᠬ ᠤᠷ᠎ᠠ ᠮᠡᠷᠭᠡᠰᠢᠯ ᠱᠠᠭᠠᠷᠳᠠᠬᠳᠠᠵᠥ᠂ ᠡᠩ ᠤᠨ ᠲᠥᠬᠦᠮ ᠠᠪᠰᠠᠷᠬᠠᠨ ᠲᠠᠩᠺᠠ ᠬᠢᠬᠦ ᠳᠤ ᠴᠤ ᠨᠠᠭᠠᠳᠤ ᠵᠠᠬ᠎ᠠ ᠳᠠᠭᠠᠨ ᠠᠷᠪᠠᠭᠠᠳ ᠡᠳᠤᠷ ᠤᠨ ᠴᠠᠬ ᠵᠠᠷᠤᠴᠠᠭᠤᠯᠳᠠᠬ︾ ᠬᠡᠵᠥ ᠲᠠᠨᠢᠯᠴᠠᠭᠤᠯᠬᠤ ᠶᠢᠨ ᠬᠠᠮᠳᠤ ︽ᠮᠤᠷᠢ ᠮᠤᠩᠭᠤᠯ ᠥᠨᠳᠤᠰᠤᠳᠠᠨ ᠳᠤ ᠪᠠᠯᠠᠷᠠᠰᠢ ᠥᠬᠡᠢ ᠭᠠᠪᠢᠶ᠎ᠠ ᠵᠢᠳᠬᠦᠯ ᠥᠵᠡᠬᠦᠯᠥᠭᠰᠡᠨ ᠢᠶᠠᠷ ᠮᠤᠩᠭᠤᠯᠴᠤᠳ ᠮᠤᠷᠢ ᠪᠠᠨ ᠬᠠᠶᠢᠷᠠᠯᠠᠵᠥ ᠲᠡᠭᠡᠳᠤᠯᠠᠬᠦ ᠰᠠᠶᠢᠬᠠᠨ ᠵᠠᠩᠰᠢᠯ ᠲᠠᠢ ᠶᠤᠮ᠃ ᠮᠤᠷᠢᠨ ᠤ ᠲᠡᠯ ᠰᠡᠬᠦᠯ ᠢ ᠬᠠᠶᠢᠴᠢᠯᠠᠵᠥ ᠠᠪᠤᠭᠠᠳ ᠤᠳᠠᠰᠤ ᠪᠤᠯᠭᠠᠨ ᠲᠠᠩᠺᠠ ᠤᠶᠤᠵᠥ ᠪᠠᠶᠢᠬᠤ ᠨᠢ ᠮᠤᠷᠢ ᠪᠠᠨ ᠪᠤᠷᠬᠠᠨ ᠤ ᠤᠷᠤᠨ ᠳᠤ ᠶᠠᠪᠤᠵᠥ᠂ ᠲᠠᠬᠢᠨ ᠪᠢᠳᠡᠬᠡᠢ ᠮᠠᠯ ᠪᠤᠯᠵᠥ ᠲᠥᠷᠥᠭᠡᠰᠠᠢ ᠬᠡᠵᠥ ᠲᠠᠭᠠᠳᠬᠠᠵᠥ ᠪᠠᠶᠢᠭ᠎ᠠ ᠶᠠᠪᠤᠳᠠᠯ ᠶᠤᠮ ᠬᠡᠵᠥ ᠪᠢ ᠪᠤᠳᠤᠳᠠᠬ᠃ ᠪᠠᠰᠠ ᠨᠢᠬᠡᠨ ᠲᠠᠯ᠎ᠠ ᠪᠠᠷ ᠮᠤᠷᠢ ᠪᠠᠨ ᠬᠥᠨᠳᠤᠯᠠᠵᠥ᠂ ᠮᠤᠷᠢᠨ ᠤ ᠪᠠᠨ ᠠᠴᠢ ᠶᠢ ᠬᠠᠷᠢᠭᠤᠯᠬᠤ ᠶᠢᠨ ᠲᠥᠯᠥᠭᠡ ᠬᠠᠳᠬᠤᠮᠠᠯ ᠬᠠᠳᠬᠤᠵᠥ᠂ ᠥᠨᠢᠷ ᠪᠡᠶᠡᠨ ᠥᠰᠥᠨ ᠥᠷᠡᠵᠢᠳᠤᠭᠡᠢ ᠬᠡᠮᠡᠨ ᠵᠥᠡᠭᠨᠡᠭᠰᠡᠨ ᠤᠴᠢᠷ ᠶᠤᠮ︾ ᠬᠡᠵᠥ ᠮᠤᠷᠢᠨ ᠬᠢᠯᠭᠠᠰᠤ ᠪᠠᠷ ᠲᠠᠩᠺᠠ ᠤᠶᠤᠬᠰᠠᠨ ᠤᠴᠢᠷ ᠤᠬᠠᠭᠠᠨ ᠢᠶᠠᠨ ᠲᠡᠯᠬᠡᠷᠡᠬᠦᠯᠤᠨ ᠲᠤᠭᠠᠴᠢᠵᠦ ᠪᠢᠯᠠ᠃
      ᠮᠤᠷᠢᠨ ᠬᠢᠯᠭᠠᠰᠤ ᠪᠠᠷ ᠲᠠᠩᠺᠠ ᠤᠶᠤᠬᠤ ᠠᠷᠭ᠎ᠠ ᠮᠡᠷᠭᠡᠵᠢᠯ ᠠᠯᠠᠱᠠ ᠨᠤᠳᠤᠬ ᠲᠤ ᠨᠢᠬᠡᠨᠳᠠ 300 ᠵᠢᠯ ᠤᠨ ᠲᠡᠤᠭᠡ ᠲᠠᠢ ᠪᠤᠯᠤᠬᠰᠠᠨ ᠲᠤᠬᠠᠢ ᠡᠶᠢᠮᠥ ᠨᠢᠬᠡᠨ ᠲᠤᠮᠤᠬ ᠤᠯᠠᠮᠵᠢᠯᠠᠬᠳᠠᠵᠥ ᠪᠠᠶᠢᠳᠠᠬ᠃ ᠵᠢᠷᠭᠤᠳᠤᠭᠠᠷ ᠲᠦᠷᠢ ᠶᠢᠨ ᠲᠠᠯᠠᠢ ᠯᠠᠮᠠ ᠽᠠᠩᠶᠠᠩᠵᠠᠮᠰᠤ ᠠᠯᠠᠱᠠ ᠳᠤ ᠢᠷᠡᠭᠡᠳ ᠠᠩᠬᠠᠨ ᠤ ᠰᠥᠮ᠎ᠠ ᠪᠠᠨ ᠤᠳᠤ ᠶᠢᠨ ᠠᠯᠠᠱᠠ ᠵᠡᠬᠦᠨ ᠬᠤᠰᠢᠭᠤᠨ ᠤ ᠴᠤᠬᠳᠤᠬᠦ᠋ᠷᠢᠶ᠎ᠠ ᠨᠤᠳᠤᠬ ᠲᠤ ᠪᠠᠶᠢᠭᠤᠯᠬᠤ ᠪᠠᠷ ᠲᠤᠭᠠᠡᠭ ᠳᠤ ᠭᠡᠷᠡᠭᠯᠡᠬᠦ ᠲᠠᠩᠺᠠ ᠪᠠᠨ ᠪᠥᠷ ᠮᠤᠷᠢᠨ ᠬᠢᠯᠭᠠᠰᠤ ᠪᠠᠷ ᠤᠷᠠᠯᠠᠵᠥ ᠤᠶᠤᠬᠰᠠᠨ ᠭᠡᠳᠡᠭ᠃ ᠲᠡᠷᠡ ᠥᠶ᠎ᠠ ᠠᠴᠠ ᠮᠤᠷᠢᠨ ᠬᠢᠯᠭᠠᠰᠤ ᠪᠠᠷ ᠲᠠᠩᠺᠠ ᠤᠶᠤᠬᠤ ᠮᠡᠷᠭᠡᠵᠢᠯ ᠠᠯᠠᠱᠠ ᠨᠤᠳᠤᠬ ᠲᠤ ᠠᠩᠬ᠎ᠠ ᠡᠬᠢᠯᠡᠨ ᠤᠯᠠᠮᠵᠢᠯᠠᠬᠳᠠᠵᠥ᠂ ᠮᠥᠨ ᠠᠯᠠᠱᠠ ᠨᠤᠳᠤᠬ ᠲᠤ ᠯᠠ ᠪᠠᠶᠢᠳᠠᠬ ᠤᠨᠴᠠ ᠭᠠᠷ ᠤᠷᠠᠯᠠᠯ ᠤᠨ ᠵᠦᠢᠯᠡᠰ ᠪᠤᠯᠤᠬᠰᠠᠨ ᠪᠠᠶᠢᠨ᠎ᠠ᠃ ᠮᠤᠷᠢᠨ ᠬᠢᠯᠭᠠᠰᠤ ᠪᠠᠷ ᠤᠷᠢᠶᠠᠵᠥ ᠤᠶᠤᠬᠰᠠᠨ ᠲᠠᠩᠺᠠ ᠨᠢ ᠬᠥᠮᠥᠨ ᠤ ᠲᠥᠷᠢ ᠶᠢ ᠪᠥᠳᠥᠭᠡᠬᠦ ᠳᠡᠭᠡᠨ ᠥᠭᠡᠷ᠎ᠠ ᠪᠤᠰᠤᠳ ᠵᠢᠷᠤᠬᠰᠠᠨ᠂ ᠨᠠᠭᠠᠬᠰᠠᠨ ᠲᠠᠩᠺᠠ ᠲᠠᠢ ᠠᠳᠠᠯᠢᠳᠬᠠᠪᠠᠯ ᠨᠠᠩ ᠠᠮᠢᠳᠤᠯᠢᠬ ᠭᠤᠶᠤ ᠰᠠᠶᠢᠬᠠᠨ ᠮᠥᠷᠳᠡᠭᠡᠨ ᠥᠡᠭᠭᠡ ᠪᠤᠳᠤᠬ ᠨᠢ ᠤᠨᠠᠬᠤ ᠥᠬᠡᠢ ᠪᠠᠶᠢᠳᠠᠬ ᠢᠶᠠᠷ ᠢᠶᠠᠷ ᠤᠨᠴᠠᠯᠢᠭᠳᠠᠬᠤ ᠠᠵᠠᠢ᠃ ᠬᠡᠷᠡᠯ ᠨᠠᠰᠤᠳᠠᠨ ᠬᠠᠷᠠᠬᠠᠨ ᠪᠠᠭ᠎ᠠ ᠠᠴᠠ ᠪᠠᠨ ᠤᠶᠤᠳᠠᠯ ᠳᠤ ᠲᠤᠷ᠎ᠠ ᠪᠠᠬ᠎ᠠ ᠲᠠᠢ᠂ ᠡᠵᠢ ᠠᠴᠠ ᠪᠠᠨ ᠤᠶᠤᠳᠠᠯ ᠤᠨ ᠲᠠᠯ᠎ᠠ ᠪᠠᠷ ᠬᠢ ᠤᠯᠠᠨ ᠤᠷ᠎ᠠ ᠤᠬᠠᠭᠠᠨ ᠢ ᠰᠤᠷᠴᠤ᠂ ᠠᠶᠢᠯ ᠭᠡᠷ ᠪᠤᠯᠤᠬᠰᠠᠨ ᠤ ᠬᠤᠶᠢᠨ᠎ᠠ ᠬᠡᠤᠬᠡᠳ ᠤᠨ ᠢᠶᠠᠨ ᠬᠤᠪᠴᠠᠰᠤ ᠬᠤᠨᠠᠷ ᠢ ᠥᠪᠡᠷ ᠢᠶᠠᠨ ᠤᠶᠤᠵᠥ᠂ ᠲᠡᠭᠡᠷ᠎ᠠ ᠨᠢ ᠴᠡᠴᠡᠭ ᠬᠤᠸᠠᠷ ᠬᠠᠳᠬᠤᠵᠥ ᠤᠷᠠᠯᠠᠳᠠᠬ ᠪᠠᠶᠢᠬᠰᠠᠨ ᠬᠡᠨ᠎ᠠ᠃ ᠲᠠᠩᠺᠠ ᠶᠢᠨ ᠪᠥᠳᠥᠭᠡᠯ ᠢ ᠤᠷᠠᠯᠠᠬᠤ ᠳᠤ ᠲᠡᠤᠭᠡ᠂ ᠤᠯᠤᠰ ᠲᠥᠷᠥ᠂ ᠱᠠᠰᠢᠨ ᠰᠤᠷᠳᠠᠬᠤᠨ ᠵᠡᠷᠭᠡ ᠤᠯᠠᠨ ᠲᠠᠯ᠎ᠠ ᠶᠢᠨ ᠮᠡᠳᠡᠯᠭᠡ ᠮᠡᠳᠡᠴᠡ ᠶᠢ ᠥᠢᠯᠠᠭᠠᠬᠰᠠᠨ ᠪᠠᠶᠢᠬᠤ ᠴᠢᠬᠤᠯᠠᠳᠠᠢ᠃ ᠬᠡᠷᠡᠯ ᠨᠠᠰᠤᠳᠠᠨ ᠰᠤᠷᠭᠠᠭᠤᠯᠢ ᠳᠤ ᠰᠠᠭᠤᠭᠰᠠᠨ ᠦᠬᠡᠢ ᠪᠤᠯᠪᠠᠴᠦ ᠤᠯᠠᠨ ᠵᠢᠯ ᠤᠨ ᠲᠤᠷᠰᠢ ᠲᠦᠪᠡᠳ᠂ ᠬᠥᠬᠡᠨᠡᠭᠤᠷ ᠵᠡᠷᠭᠡ ᠭᠠᠵᠠᠷ ᠤᠷᠤᠨ ᠢᠶᠠᠷ ᠶᠠᠪᠤᠵᠥ᠂ ᠰᠤᠳᠤᠯᠭᠠᠳᠠᠨ ᠮᠡᠷᠭᠡᠳ ᠠᠴᠠ ᠬᠢᠴᠢᠶᠠᠨ ᠰᠤᠷᠤᠯᠴᠠᠵᠥ᠂ ᠲᠡᠤᠭᠡ ᠱᠠᠰᠢᠨ ᠤ ᠲᠤᠬᠠᠢ ᠨᠤᠮ ᠰᠤᠳᠤᠷ ᠢᠶᠠᠷ ᠨᠠᠷᠢᠯᠢᠬ ᠰᠤᠷᠤᠯᠴᠠᠵᠠᠢ᠃ 2014 ᠤᠨ ᠳᠤ ᠥᠢᠷ᠎ᠠ ᠬᠠᠪᠢ ᠶᠢᠨ ᠲᠤᠰᠬᠠᠢ ᠰᠤᠳᠤᠯᠭᠠᠳᠠᠳ ᠪᠠ ᠨᠤᠳᠤᠬ ᠤᠨ ᠢᠶᠠᠨ ᠠᠬᠠᠮᠠᠳ ᠨᠢᠬᠡ ᠥᠶ᠎ᠠ ᠶᠢᠨ ᠭᠠᠷ ᠤᠷᠠᠴᠤᠳ ᠢ ᠴᠤᠬᠯᠠᠠᠭᠤᠯᠤᠨ ᠥᠪᠡᠷ ᠤᠨ ᠤᠷᠠᠯᠠᠨ ᠬᠢᠭᠰᠡᠨ ᠲᠠᠩᠺᠠ ᠪᠥᠳᠥᠭᠡᠯ ᠤᠨ ᠲᠤᠬᠠᠢ ᠲᠤᠰᠬᠠᠢ ᠰᠤᠳᠤᠯᠤᠨ ᠶᠡᠷᠢᠯᠴᠡᠬᠤ ᠬᠤᠷᠠᠯ ᠬᠢᠵᠤ᠂ ᠪᠥᠳᠥᠭᠡᠯ ᠤᠨ ᠢᠶᠠᠨ ᠥᠡᠭᠭᠡ ᠪᠤᠳᠤᠬ ᠢ ᠲᠤᠬᠢᠷᠠᠭᠤᠯᠤᠬᠰᠠᠨ ᠪᠠᠶᠢᠳᠠᠯ ᠵᠢᠴᠢ ᠢᠯᠡᠳᠭᠡᠭᠰᠡᠨ ᠠᠭᠤᠯᠭ᠎ᠠ ᠬᠡᠯᠪᠡᠷᠢ ᠶᠢᠨ ᠲᠠᠯ᠎ᠠ ᠪᠠᠷ ᠰᠠᠨᠠᠯ ᠰᠠᠨᠠᠭᠤᠯᠭ᠎ᠠ ᠰᠤᠨᠤᠰᠴᠤ ᠪᠥᠳᠥᠭᠡᠯ ᠢᠶᠠᠨ ᠨᠡᠩ ᠴᠢᠨᠠᠷᠵᠢᠭᠤᠯᠪᠠ᠃ ᠮᠥᠨ ᠴᠤ ᠥᠪᠡᠷ ᠢᠶᠠᠨ ᠰᠤᠷᠴᠤ ᠰᠤᠳᠤᠯᠬᠤ ᠲᠤᠮᠳᠠ ᠲᠠᠩᠺᠠ ᠬᠢᠬᠦ ᠳᠤ ᠡᠷᠭᠡᠪᠰᠢ ᠤᠷᠠᠯᠠᠬᠤ ᠬᠡᠵᠥ ᠪᠠᠶᠢᠭ᠎ᠠ ᠬᠥᠮᠥᠨ ᠤ ᠪᠠᠨ ᠲᠡᠤᠭᠡ ᠨᠠᠮᠳᠠᠷ ᠢ ᠠᠩᠬᠠᠷᠴᠤ᠂ ᠲᠥᠷᠢ ᠶᠢ ᠤᠷᠠᠯᠠᠵᠤ ᠪᠥᠳᠥᠭᠡᠨ ᠥᠡᠭᠭᠡ ᠲᠠᠭᠠᠷᠠᠭᠤᠯᠬᠤ ᠳᠠᠭᠠᠨ ᠴᠤ ᠲᠡᠰ ᠲᠠᠷᠠᠭᠠᠯᠠᠯ ᠲᠠᠢ ᠪᠠᠶᠢᠬᠤ ᠵᠡᠷᠭᠡ ᠥᠪᠡᠷ ᠤᠨ ᠬᠡᠰᠡᠨ ᠪᠠᠷᠢᠮᠳᠠᠯᠠᠯ ᠢ ᠪᠥᠷᠢᠯᠳᠥᠬᠦᠯᠪᠠ᠃ ᠨᠠᠰᠤᠳᠠᠨ ᠤ ᠮᠤᠩᠭᠤᠯ ᠤᠨ ᠲᠡᠤᠭᠡᠳᠤ ᠥᠢᠯᠡ ᠶᠠᠪᠤᠳᠠᠯ ᠪᠤᠶᠤ ᠲᠡᠤᠭᠡᠳᠤ ᠬᠥᠮᠥᠰ᠂ ᠠᠯᠠᠱᠠ ᠨᠤᠳᠤᠭ ᠤᠨ ᠤᠨᠴᠠᠯᠢᠬᠳᠦ ᠡᠪᠡᠰᠤ ᠤᠷᠭᠤᠮᠠᠯ ᠢᠶᠠᠷ ᠰᠡᠳᠦᠪᠯᠡᠭᠰᠡᠨ ᠲᠠᠩᠺᠠ ᠪᠤᠶᠤ ᠵᠢᠷᠤᠬ ᠬᠥᠷᠥᠭ ᠨᠢ ᠤᠷᠠᠨ ᠬᠠᠴᠢᠨ᠂ ᠠᠮᠢᠳᠤᠯᠢᠬ ᠪᠠᠶᠢᠳᠠᠭ ᠢᠶᠠᠷ ᠢᠶᠠᠨ ᠤᠯᠠᠨ ᠤ ᠬᠤᠷᠤᠬᠠᠢ ᠶᠢ ᠲᠠᠳᠠᠵᠥ᠂ ᠪᠤᠷᠤᠯᠠᠭᠤᠯᠭ᠎ᠠ ᠶᠢᠨ ᠤᠷᠤᠯᠭ᠎ᠠ ᠨᠢ ᠵᠢᠯ ᠠᠴᠠ ᠵᠢᠯ ᠨᠡᠮᠡᠭᠳᠡᠨ ᠨᠢᠳᠤᠨᠤᠨ 40 ᠭᠠᠷᠤᠢ ᠲᠥᠮᠡᠨ ᠲᠥᠬᠦᠷᠢᠭ ᠤᠨ ᠴᠡᠪᠡᠷ ᠤᠷᠤᠯᠭ᠎ᠠ ᠤᠯᠤᠭᠰᠠᠨ ᠪᠢᠯᠡ᠃
      ︽ᠲᠠᠭᠤᠳᠠᠬᠤ ᠨᠡᠷ᠎ᠠ ᠶᠢ ᠠᠪᠤ ᠡᠵᠢ ᠠᠴᠠ ᠥᠭᠴᠤ᠂ ᠲᠠᠭᠤᠷᠢᠰᠬᠤ ᠠᠯᠳᠠᠷ ᠢ ᠥᠪᠡᠷ ᠢᠶᠠᠨ ᠤᠯᠳᠠᠬ︾᠃ ᠬᠡᠷᠡᠯ ᠨᠠᠰᠤᠳᠠᠨ ᠥᠪᠡᠷᠮᠢᠴᠡ ᠤᠨᠴᠠᠯᠢᠬ ᠲᠠᠢ ᠤᠯᠠᠮᠵᠢᠯᠠᠯᠳᠤ ᠭᠠᠷ ᠤᠷᠠᠯᠠᠯ ᠤᠨ ᠪᠥᠳᠥᠭᠡᠯ ᠢᠶᠠᠷ ᠢᠶᠠᠨ ᠤᠯᠠᠨ ᠳᠤ ᠲᠠᠨᠢᠬᠳᠠᠵᠥ ᠶᠠᠪᠤᠬᠤ ᠳᠠᠭᠠᠨ᠂ 2016 ᠤᠨ ᠳᠤ ᠥᠪᠡᠷᠳᠡᠭᠡᠨ ᠵᠠᠰᠠᠬᠤ ᠤᠷᠤᠨ ᠤ ᠮᠤᠷᠢᠨ ᠬᠢᠯᠭᠠᠰᠤ ᠤᠷᠢᠶᠠᠮᠠᠯ ᠮᠢᠨᠳᠠᠰᠤᠨ ᠤ ᠤᠷᠠᠯᠠᠯ ᠤᠨ ᠲᠠᠩᠺᠠ ᠶᠢᠨ ᠬᠠᠳᠬᠤᠮᠠᠯ ᠤᠨ ᠪᠤᠳᠠᠰ ᠤᠨ ᠪᠤᠰᠤ ᠰᠤᠶᠤᠯ ᠤᠨ ᠥᠪ ᠤᠨ ᠤᠯᠠᠮᠵᠢᠯᠠᠬᠴᠢ ᠪᠠᠷ ᠦᠨᠡᠯᠡᠭᠳᠡᠵᠤ᠂ 2017 ᠤᠨ ᠳᠤ ᠥᠪᠡᠷᠳᠡᠭᠡᠨ ᠵᠠᠰᠠᠬᠤ ᠤᠷᠤᠨ ᠤ ᠥᠨᠳᠤᠰᠤᠳᠠᠨ ᠤ ᠬᠤᠪᠴᠠᠰᠤ ᠵᠠᠰᠠᠯ ᠤᠨ ᠭᠠᠷ ᠤᠷᠠᠯᠠᠯ ᠤᠨ ᠲᠠᠷᠬᠠᠨ ᠢᠶᠠᠷ ᠨᠡᠷᠡᠶᠢᠳᠥᠭᠳᠡᠵᠠᠢ᠃ ᠬᠡᠬᠦ ᠳᠤ ᠨᠠᠰᠤᠳᠠᠨ ᠭᠤᠸᠠᠢ ᠡᠳᠡᠭᠡᠷ ᠢᠷᠡᠭᠤ ᠠᠯᠳᠠᠷ ᠲᠤ ᠰᠡᠳᠬᠢᠯ ᠬᠠᠨᠤᠨ ᠵᠢᠷᠭᠠᠵᠥ ᠰᠠᠭᠤᠭ᠎ᠠ ᠪᠢᠰᠢ᠂ ᠬᠠᠷᠢᠨ ᠥᠶ᠎ᠠ ᠤᠯᠠᠮᠵᠢᠯᠠᠵᠥ ᠢᠷᠡᠭᠰᠡᠨ ᠤᠷ᠎ᠠ ᠮᠡᠷᠭᠡᠰᠢᠯ ᠢᠶᠠᠨ ᠨᠤᠳᠤᠬ ᠤᠨ ᠮᠠᠯᠴᠢᠨ ᠲᠥᠮᠡᠨ ᠳᠡᠭᠡᠨ ᠤᠯᠠᠮᠵᠢᠯᠠᠬᠤ ᠪᠠᠷ ᠮᠤᠩᠭᠠᠨᠢᠵᠥ ᠶᠠᠪᠤᠨ᠎ᠠ᠃ ᠨᠠᠰᠤᠳᠠᠨ ᠥᠢᠷ᠎ᠠ ᠶᠢᠨ ᠵᠢᠯ ᠠᠴᠠ ᠨᠠᠰᠢ᠂ ᠲᠠᠩᠺᠠ ᠬᠢᠬᠦ ᠪᠤᠯᠪᠠᠰᠤᠷᠠᠯ ᠤᠨ ᠠᠩᠭᠢ ᠶᠢ ᠵᠢᠯ ᠪᠤᠯᠭᠠᠨ ᠨᠠᠭᠠᠳᠤ ᠵᠠᠬ᠎ᠠ ᠳᠠᠭᠠᠨ ᠬᠤᠶᠡᠷ ᠠᠴᠠ ᠭᠤᠷᠪᠠᠨ ᠤᠳᠠᠭ᠎ᠠ ᠡᠷᠬᠢᠯᠡᠵᠥ᠂ ᠨᠤᠳᠤᠬ ᠤᠨ ᠤᠯᠠᠨ ᠳᠠᠭᠠᠨ ᠲᠠᠩᠺᠠ ᠤᠶᠤᠬᠤ ᠭᠠᠷ ᠤᠷᠠᠯᠠᠯ ᠢᠶᠠᠨ ᠤᠬᠠᠭᠤᠯᠤᠨ ᠤᠯᠠᠮᠵᠢᠯᠠᠵᠤ ᠪᠤᠢ᠃ ᠨᠠᠰᠤᠳᠠᠨ᠄ ︽ᠪᠢ ᠨᠢᠬᠡᠨᠳᠠ ᠲᠠᠯᠠ ᠭᠠᠷᠴᠤ ᠲᠠᠶᠠᠭᠠᠷ ᠢ ᠲᠥᠰᠢᠬᠦ ᠨᠠᠰᠤᠨ ᠳᠤ ᠬᠥᠷᠥᠭᠰᠡᠨ ᠪᠤᠯᠬᠤᠷ ᠠᠯᠠᠱᠠ ᠨᠤᠳᠤᠬ ᠲᠤ ᠯᠡ ᠪᠠᠶᠢᠳᠠᠬ ᠮᠤᠷᠢᠨ ᠬᠢᠯᠭᠠᠰᠤ ᠪᠠᠷ ᠲᠠᠩᠺᠠ ᠬᠢᠬᠦ ᠤᠷᠠᠯᠠᠯ ᠢᠶᠠᠨ ᠨᠡᠩ ᠤᠯᠠᠨ ᠬᠥᠮᠥᠨ ᠳᠤ ᠲᠠᠨᠢᠭᠤᠯᠵᠥ᠂ ᠱᠠᠪᠢ ᠲᠠᠭᠠᠭᠤᠯᠤᠨ ᠵᠢᠭᠠᠵᠥ ᠤᠯᠠᠮᠵᠢᠯᠠᠬᠤ ᠪᠠᠷ ᠴᠢᠷᠮᠠᠶᠢᠨ᠎ᠠ︾ ᠬᠡᠵᠥ ᠪᠤᠳᠤᠯ ᠰᠠᠨᠠᠯ ᠢᠶᠠᠨ ᠶᠡᠷᠢᠯ᠎ᠠ᠃ ᠨᠡᠰᠤᠳᠠᠨ ᠭᠤᠸᠠᠢ ᠤᠷᠢᠳ ᠬᠤᠵᠢᠳ ᠥᠢᠷ᠎ᠠ ᠬᠠᠪᠢ ᠶᠢᠨ ᠢᠶᠠᠨ 200 ᠭᠠᠷᠤᠢ ᠮᠠᠯᠴᠢᠨ ᠳᠤ ᠪᠤᠯᠪᠠᠰᠤᠷᠠᠯ ᠬᠥᠷᠳᠡᠭᠡᠵᠥ᠂ ᠲᠠᠩᠺᠡ ᠶᠢᠨ ᠲᠡᠤᠭᠡ ᠰᠤᠶᠤᠯ ᠢᠶᠠᠨ ᠤᠯᠠᠮᠵᠢᠯᠠᠵᠥ ᠦᠭᠬᠦᠭᠰᠡᠨ ᠪᠢᠯᠡ᠃  ᠠᠯᠳ᠋ᠬᠠᠠᠭᠤᠯᠠ ᠥᠷᠭᠡᠨ ᠬᠠᠢ ᠴᠢᠤᠸᠠᠨ 



  
     
     