

︽ᠰᠢᠷ᠎ᠠ ᠮᠦᠷᠡᠨ︾ ᠰᠡᠳᠬᠦᠯ ᠤᠨ ᠶᠠᠷᠦᠩᠬᠡᠢ ᠨᠠᠶᠢᠢᠷᠠᠭᠤᠯᠤᠬᠴᠢ ᠤ᠊ · ᠴᠤᠯᠮᠤᠨ ᠯᠤᠭ᠎ᠠ ᠶᠢᠨ ᠶᠠᠷᠢᠯᠴᠠᠭ᠎ᠠ

2019-10-16 20:51
  91
  0
ᠤᠳᠬ᠎ᠠ ᠤᠶᠠᠩᠭ᠎ᠠ ᠶᠢᠨ ᠢᠷᠠᠭᠤ ᠤᠷᠤᠰᠬᠠᠯᠳᠤ — ︽ᠰᠢᠷ᠎ᠠ ᠮᠦᠷᠡᠨ︾ ᠰᠡᠳᠬᠦᠯ ᠤᠨ ᠶᠠᠷᠦᠩᠬᠡᠢ ᠨᠠᠶᠢᠢᠷᠠᠭᠤᠯᠤᠬᠴᠢ ᠤ᠊ · ᠴᠤᠯᠮᠤᠨ ᠯᠤᠭ᠎ᠠ ᠶᠢᠨ ᠶᠠᠷᠢᠯᠴᠠᠭ᠎ᠠ
   ︽ᠰᠢᠷ᠎ᠠ ᠮᠦᠷᠨᠨ︾ ᠰᠡᠳᠬᠦᠯ ᠪᠤᠯ ᠤᠯᠠᠭᠠᠨᠬᠠᠳᠠ ᠬᠤᠲᠠ ᠶᠢᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠡᠷᠬᠢᠯᠡᠵᠤ ᠪᠤᠢ ᠤᠷᠠᠨ ᠵᠤᠬᠢᠶᠠᠯ ᠤᠨ ᠬᠤᠤᠰ ᠰᠠᠷ᠎ᠠ ᠶᠢᠨ ᠰᠡᠳᠭᠦᠯ᠃ ᠰᠡᠳᠭᠦᠯ ᠨᠢ ᠬᠡᠪᠯᠡᠯ ᠡᠬᠢᠯᠡᠭᠰᠡᠨ ᠠᠴᠠ ᠠᠪᠤᠭᠠᠳ ᠤᠳᠬ᠎ᠠ ᠤᠷᠠᠯᠢᠭ ᠨᠡᠶᠢᠭᠡᠮ ᠵᠢᠷᠦᠮ ᠳᠤ ᠦᠢᠯᠡᠴᠢᠯᠡᠬᠦ᠂ ᠠᠷᠠᠳ ᠲᠦᠮᠡᠨ ᠳᠤ ᠦᠢᠯᠡᠴᠢᠯᠡᠬᠦ ᠴᠢᠭᠯᠡᠯ ᠢ ᠪᠠᠷᠢᠮᠲᠠᠯᠠᠨ᠂ ᠴᠡᠴᠡᠭ ᠪᠦᠬᠦᠨ ᠢ ᠵᠡᠷᠭᠡ ᠪᠠᠷ ᠳᠡᠯᠭᠡᠷᠡᠭᠦᠯᠵᠤ᠂ ᠡᠷᠳᠡᠮᠲᠡᠨ ᠪᠦᠬᠦᠨ ᠢ ᠴᠢᠯᠦᠭᠡᠲᠡᠢ ᠶᠠᠷᠢᠯᠴᠠᠭᠤᠯᠬᠤ ᠴᠢᠭᠯᠡᠯᠲᠡ ᠬᠢᠭᠡᠳ ᠦᠨᠳᠦᠰᠦᠲᠡᠨ ᠤ ᠲᠤᠬᠠᠢ ᠨᠠᠮ ᠤᠨ ᠳᠦᠷᠦ ᠶᠢᠨ ᠪᠤᠳᠤᠯᠭ᠎ᠠ ᠶᠢ ᠲᠤᠭᠤᠰᠢᠯᠠᠭᠤᠯᠵᠤ᠂ ᠴᠠᠭ ᠦᠶ᠎ᠡ ᠶᠢᠨ ᠭᠤᠤᠯ ᠬᠦᠭ ᠠᠶᠠᠰ ᠢ ᠴᠢᠪᠬᠠᠳᠠᠬᠰᠠᠭᠠᠷ ᠢᠷᠡᠭᠰᠡᠨ ᠶᠤᠮ᠃
   ᠰᠤᠷᠪᠤᠯᠵᠢᠯᠠᠭᠴᠢ᠄ ︽ᠰᠢᠷ᠎ᠠ ᠮᠦᠷᠡᠨ︾ ᠰᠡᠳᠭᠦᠯ ᠪᠤᠯ ᠮᠢᠨᠦ ᠳᠤᠮᠳᠠᠳᠦ ᠰᠤᠷᠭᠠᠭᠤᠯᠢ ᠠᠴᠠ ᠪᠠᠨ ᠪᠠᠭ᠋ᠠᠷᠬᠠᠨ ᠤᠩᠰᠢᠵᠤ ᠪᠠᠶᠢᠭᠰᠠᠨ ᠨᠤᠲᠤᠭ ᠤᠨ ᠰᠡᠳᠭᠦᠯ᠃ ᠡᠬᠢ ᠡᠬᠦᠰᠦᠯ ᠢ ᠨᠢ ᠶᠠᠷᠢᠪᠡᠯ︖
   ᠤ · ᠴᠤᠯᠮᠤᠨ᠄ ︽ᠰᠢᠷ᠎ᠠ ᠮᠦᠷᠡᠨ︾ ᠰᠡᠳᠭᠦᠯ ᠪᠤᠯ ᠤᠯᠠᠭᠠᠨᠬᠠᠳᠠ ᠬᠤᠲᠠ ︵ᠬᠡᠪᠯᠡᠯ ᠡᠬᠢᠯᠡᠬᠦ ᠦᠶ᠎ᠡ ᠳᠤ ᠵᠤᠤ ᠤᠳᠠ ᠠᠶᠢᠮᠠᠭ ᠬᠡᠵᠤ ᠪᠠᠶᠢᠭᠰᠠᠨ︶ ᠶᠢᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠡᠷᠬᠢᠯᠡᠵᠤ ᠪᠤᠢ ᠤᠷᠠᠨ ᠵᠤᠬᠢᠶᠠᠯ ᠤᠨ ᠬᠤᠤᠰ ᠰᠠᠷ᠎ᠠ ᠶᠢᠨ ᠰᠡᠳᠭᠦᠯ᠃ 1980 ᠤᠨ ᠳᠤ ᠬᠡᠪᠯᠡᠯ ᠡᠬᠢᠯᠡᠵᠣ᠂ 1981 ᠤᠨ ᠳᠤ ᠦᠪᠦᠷ ᠮᠤᠩᠭᠤᠯ ᠤᠨ ᠨᠠᠮ ᠤᠨ ᠬᠤᠷᠢᠶᠠᠨ ᠤ ᠲᠠᠷᠬᠠᠭᠠᠭᠰᠠᠨ ︵81︶ — 2 ᠳ᠋ᠤᠭᠠᠷ ᠲᠤᠭᠠᠲᠤ ᠠᠯᠪᠠᠨ ᠪᠢᠴᠢᠭ ᠤᠨ ᠵᠦᠪᠰᠢᠶᠡᠷᠡᠯ ᠲᠠᠢ ᠪᠠᠷ ᠤᠯᠤᠰ ᠤᠨ ᠲᠤᠲᠤᠭᠠᠲᠤ ᠭᠠᠳᠠᠭᠠᠲᠤ ᠳᠤ ᠢᠯᠡ ᠪᠠᠷ ᠲᠠᠷᠬᠠᠭᠠᠵᠤ᠂ ᠰᠢᠤᠳᠠᠨ ᠢᠶᠠᠷ ᠵᠠᠬᠢᠶᠠᠯᠠᠨ ᠤᠩᠰᠢᠬᠤ ᠰᠡᠳᠭᠦᠯ ᠪᠤᠯᠤᠭᠰᠠᠨ ᠪᠠᠶᠢᠨ᠎ᠠ᠃ ᠠᠩᠬ᠎ᠠ ᠬᠡᠪᠯᠡᠯ ᠡᠬᠢᠯᠡᠬᠦ ᠦᠶ᠎ᠡ ᠳᠤ ᠬᠤᠭᠤᠴᠠᠭ᠎ᠠ ᠪᠦᠷᠢ ᠠᠷᠪᠠᠨ ᠵᠢᠷᠭᠤᠭᠠᠨ ᠵᠢᠰᠦᠮ ᠤᠨ 88 ᠨᠢᠭᠤᠷ ᠲᠠᠢ ᠪᠠᠶᠢᠢᠬᠰᠠᠨ ᠶᠤᠮ᠃ ︽ᠲᠤᠭᠤᠵᠢᠰ ᠵᠤᠬᠢᠶᠠᠯ︾᠂ ︽ᠢᠷᠠᠭᠤ ᠨᠠᠶᠢᠷᠠᠭ︾᠂ ︽ᠤᠨᠤᠯ ᠰᠢᠭᠦᠮᠵᠢ︾ ᠵᠡᠷᠬᠡ ᠬᠡᠳᠦᠨ ᠪᠤᠯᠤᠩ ᠲᠠᠢ ᠠᠴᠠ ᠭᠠᠳᠠᠨ᠎ᠠ ᠭᠠᠳᠠᠭᠠᠲᠤ ᠲᠤᠲᠤᠭᠠᠲᠤ ᠶᠢᠨ ᠰᠤᠳᠤᠨ ᠪᠦᠲᠦᠭᠡᠯ ᠢ ᠲᠠᠨᠢᠯᠴᠠᠭᠤᠯᠤᠭᠰᠠᠨ ︽ᠴᠡᠴᠡᠭᠲᠤ ᠡᠷᠭᠢ︾᠂ ᠤᠷᠠᠨ ᠵᠤᠬᠢᠶᠠᠯ ᠤᠨ ᠪᠢᠯᠢᠭ ᠲᠦᠷᠦᠵᠦ ᠤᠶᠠᠩᠭ᠎ᠠ ᠶᠢᠨ ᠬᠦᠯᠦᠭ ᠲᠤ ᠳᠦᠷᠦᠭᠡ ᠭᠢᠰᠭᠢᠵᠤ ᠪᠠᠶᠢᠭ᠎ᠠ ᠵᠠᠯᠠᠭᠤ ᠵᠤᠬᠢᠶᠠᠭᠴᠢᠳ ᠲᠤ ᠵᠤᠷᠢᠭᠤᠯᠤᠭᠰᠠ ︽ᠨᠤᠭᠤᠭᠠᠨ ᠲᠤᠬᠤᠢ︾᠂ ᠠᠷᠠᠳ ᠤᠨ ᠠᠮᠠᠨ ᠵᠤᠬᠢᠶᠠᠯ ᠤᠨ ᠠᠯᠲᠠᠨ ᠰᠠᠩ ᠠᠴᠠ ᠴᠤᠮᠨᠠᠭᠰᠠᠨ ︽ᠳᠤᠩ ᠯᠠᠪᠠᠢ︾ ᠵᠡᠷᠭᠡ ᠲᠤᠰᠬᠠᠢ ᠪᠤᠯᠤᠩ ᠤᠳ ᠲᠠᠢ ᠪᠠᠶᠢᠭᠰᠠᠨ ᠡ᠃
  ᠰᠤᠷᠪᠤᠯᠵᠢᠯᠠᠭᠴᠢ᠄ ᠦᠪᠡᠷ ᠢᠶᠠᠷ ᠢᠶᠠᠨ ᠪᠠᠶᠢᠢᠨ᠎ᠠ ᠬᠡᠳᠡᠭ ᠤᠷᠡᠨ ᠪᠦᠳᠦᠬᠡᠯᠴᠢᠳ ᠤᠨ ᠨᠢᠬᠡᠨ ᠳᠤᠳᠤᠷᠬᠠᠶᠢᠢᠯᠠᠯ᠃ ᠰᠡᠳᠭᠦᠯ ᠴᠤ ᠠᠳᠠᠯᠢᠬᠠᠨ᠃ ᠰᠡᠳᠬᠦᠯ ᠪᠦ᠋ᠬᠦᠨ ᠦᠪᠡᠷ ᠤᠨ ᠬᠡᠪ ᠨᠠᠮᠪᠠ᠂ ᠦᠪᠡᠷ ᠤᠨ ᠬᠢᠨᠢ ᠵᠤᠷᠢᠯᠲᠠ ᠲᠠᠢ ᠪᠠᠶᠢᠳᠠᠭ᠃ ᠳᠡᠶᠢᠢᠮᠦ ᠡ︖
   ᠤ · ᠴᠤᠯᠮᠤᠨ᠄ ︽ᠰᠢᠷ᠎ᠠ ᠮᠦᠷᠡᠨ︾ ᠰᠡᠳᠭᠦᠯ ᠨᠢ ᠬᠡᠪᠯᠡᠯ ᠡᠬᠢᠯᠡᠭᠰᠡᠨ ᠠᠴᠠ ᠠᠪᠤᠭᠠᠳ ᠬᠡᠳᠦᠨ ᠦᠶ᠎ᠡ ᠶᠢᠨ ᠨᠠᠶᠢᠷᠠᠭᠤᠯᠤᠭᠴᠢ ᠰᠣᠯᠢᠭᠳᠠᠭᠰᠠᠨ ᠪᠤᠯᠪᠠᠴᠤ ᠰᠡᠳᠭᠦᠯ ᠠᠩᠬ᠎ᠠ ᠡᠷᠬᠢᠯᠡᠬᠦ ᠦᠶ᠎ᠡ ᠶᠢᠨ ᠤᠭ ᠰᠠᠨᠠᠭ᠎ᠠ ᠪᠠᠨ ᠪᠠᠳᠤ ᠴᠡᠬᠡᠵᠢᠯᠡᠭᠰᠡᠭᠡᠷ᠂ ᠲᠠᠷᠤᠢ ᠤᠳᠬ᠎ᠠ ᠤᠷᠠᠯᠢᠭ ᠨᠡᠶᠢᠭᠡᠮ ᠵᠢᠷᠦᠮ ᠳᠤ ᠦᠢᠯᠡᠴᠢᠯᠡᠬᠦ᠂ ᠠᠷᠠᠳ ᠲᠦᠮᠡᠨ ᠳᠤ ᠦᠢᠯᠡᠴᠢᠯᠡᠬᠦ ᠴᠢᠭᠯᠡᠯ ᠢ ᠢᠮᠠᠬᠳᠠ ᠪᠠᠷᠢᠮᠲᠠᠯᠠᠨ᠂ ᠴᠡᠴᠡᠭ ᠪᠦᠬᠦᠨ ᠢ ᠵᠡᠷᠭᠡ ᠪᠠᠷ ᠳᠡᠯᠭᠡᠷᠡᠭᠦᠯᠵᠤ᠂ ᠡᠷᠳᠡᠮᠲᠡᠨ ᠪᠦᠬᠦᠨ ᠢ ᠴᠢᠯᠦᠭᠡᠲᠡᠢ ᠶᠠᠷᠢᠯᠴᠠᠭᠤᠯᠬᠤ ᠴᠢᠭᠯᠡᠯᠲᠡ ᠬᠢᠭᠡᠳ ᠦᠨᠳᠦᠰᠦᠲᠡᠨ ᠤ ᠲᠤᠬᠠᠢ ᠨᠠᠮ ᠤᠨ ᠳᠦᠷᠦ ᠶᠢᠨ ᠪᠤᠳᠤᠯᠭ᠎ᠠ ᠶᠢ ᠲᠤᠭᠤᠰᠢᠯᠠᠭᠤᠯᠵᠤ᠂ ᠴᠠᠭ ᠦᠶ᠎ᠡ ᠶᠢᠨ ᠭᠤᠤᠯ ᠬᠦᠭ ᠠᠶᠠᠰ ᠢ ᠴᠢᠪᠬᠠᠳᠠᠨ᠂ ᠦᠨᠳᠦᠰᠦᠲᠡᠨ ᠤ ᠪᠠᠨ ᠰᠤᠶᠤᠯ ᠤᠨ ᠤᠭᠢ ᠱᠦᠯᠳᠤ ᠶᠢ ᠢᠳᠡᠭᠡᠰᠢᠯᠡᠬᠦᠯᠵᠤ᠂ ᠤᠷᠤᠨ ᠨᠤᠲᠤᠭ ᠤᠨ ᠤᠨᠴᠠᠯᠢᠭ ᠲᠠᠢ ᠮᠦᠷᠲᠡᠭᠡᠨ ᠪᠦᠬᠦ ᠲᠠᠯ᠎ᠠ ᠶᠢ ᠬᠠᠷᠠᠭᠠᠯᠵᠠᠵᠤ᠂ ᠰᠡᠳᠭᠦᠯ ᠤᠨ ᠢᠶᠠᠨ ᠪᠤᠷᠤᠭᠵᠢᠭᠤᠨ ᠴᠢᠨᠠᠷ ᠢ ᠪᠠᠲᠤᠯᠠᠵᠦ᠂ ᠵᠤᠬᠢᠶᠠᠯ ᠤᠨ ᠰᠡᠳᠦᠪᠯᠡᠬᠦᠨ᠂ ᠠᠭᠤᠯᠭ᠎ᠠ ᠶᠢᠨ ᠲᠠᠯ᠎ᠠ ᠪᠠᠷ ᠦᠷᠭᠡᠨ ᠳᠡᠯᠭᠡᠷ ᠪᠠᠶᠢᠯᠭᠠᠬᠤ ᠪᠠ ᠬᠡᠯᠪᠡᠷᠢ ᠬᠡᠪ ᠨᠠᠮᠪᠠ᠂ ᠰᠲ᠋ᠢᠯᠢ ᠶᠢ ᠤᠯᠠᠨ ᠶᠠᠩᠵᠤ ᠶᠢᠨ ᠪᠤᠯᠭᠠᠬᠤ ᠶᠢ ᠪᠠᠷᠢᠮᠲᠠᠯᠠᠨ᠂ ᠰᠢᠨ᠎ᠡ ᠬᠦᠴᠦᠨ ᠢ ᠪᠤᠶᠢᠢᠵᠢᠭᠤᠯᠤᠨ ᠬᠦᠮᠦᠵᠢᠭᠦᠯᠬᠦ ᠪᠡ ᠨᠡᠶᠢᠭᠡᠮ ᠵᠢᠷᠦᠮᠲᠤ ᠤᠶᠤᠨ ᠤ ᠪᠤᠯᠪᠠᠰᠤᠨ ᠤ ᠪᠦᠲᠦᠭᠡᠨ ᠪᠠᠶᠢᠭᠤᠯᠤᠯᠲᠠ ᠳᠤ ᠨᠡᠮᠡᠷᠢ ᠬᠠᠨᠳᠢᠪ ᠤᠷᠤᠭᠤᠯᠤᠨ᠂ ᠮᠤᠩᠭᠤᠯ ᠤᠳᠬ᠎ᠠ ᠵᠤᠬᠢᠶᠠᠯ᠂ ᠤᠷᠠᠯᠢᠭ ᠤᠨ ᠤᠶᠢᠯᠡᠰ ᠢ ᠬᠦᠭᠵᠢᠭᠦᠯᠦᠨ ᠴᠡᠴᠡᠭᠯᠡᠬᠦᠯᠬᠦ ᠶᠢᠨ ᠲᠦᠯᠦᠬᠡ ᠴᠢᠷᠮᠠᠶᠢᠢᠬᠰᠠᠭᠠᠷ ᠢᠷᠠᠵᠠᠢ᠃
  ᠰᠤᠷᠪᠤᠯᠵᠢᠯᠠᠭᠴᠢ᠄ ︽ᠰᠢᠷ᠎ᠠ ᠮᠦᠷᠡᠨ︾ ᠢ ᠤᠩᠰᠢᠬᠤ ᠳᠤ ᠨᠠᠳᠠ ᠳᠤ ᠶᠠᠷᠤ ᠠᠮᠢᠳᠤᠯᠢᠭ᠂ ᠴᠤᠪᠤᠭᠤᠯᠢᠭ᠂ ᠰᠤᠨᠢᠷᠬᠠᠯᠲᠠᠢ ᠰᠠᠨᠠᠭᠳᠠᠭᠠᠳ ᠪᠠᠶᠢᠳᠠᠭ ᠶᠤᠮ ᠡ︖
   ᠤ · ᠴᠤᠯᠮᠤᠨ᠄ ᠴᠠᠭ ᠡᠷᠢᠨ ᠤ ᠲᠠᠰᠤᠷᠠᠯᠲᠠ ᠦᠭᠡᠢ ᠬᠦᠭᠵᠢᠬᠦ ᠶᠢ ᠳᠠᠭᠠᠯᠲᠤᠨ ᠤᠩᠰᠢᠭᠴᠢᠳ ᠤᠨ ᠲᠠᠭᠠᠰᠢᠶᠠᠯ ᠴᠦ ᠤᠯᠠᠨ ᠡᠰᠢᠲᠤ ᠰᠤᠨᠢᠷᠬᠠᠯ ᠬᠦᠷᠲᠡᠮᠵᠢ ᠬᠦᠰᠡᠮᠵᠢᠯᠡᠳᠡᠭ ᠪᠤᠯᠵᠠᠢ᠃ ᠤᠩᠰᠢᠭᠴᠢᠳ ᠤᠨ ᠢᠶᠠᠨ ᠳᠤᠷ᠎ᠠ ᠰᠤᠨᠢᠷᠬᠠᠯ ᠢ ᠬᠠᠩᠭᠠᠬᠤ ᠭᠡᠵᠤ ᠪᠢᠳᠡ ᠤᠯᠠᠨ ᠲᠤᠭᠲᠠᠮᠠᠯ ᠪᠤᠰᠤ ᠪᠤᠯᠤᠩ ᠡᠷᠬᠢᠯᠡᠳᠡᠭ᠃ ᠮᠤᠩᠭᠤᠯ ᠰᠣᠶᠤᠯ ᠳᠤ ᠵᠤᠷᠢᠭᠤᠯᠤᠭᠰᠠᠨ ᠰᠡᠭᠦᠯ ᠤᠨ ᠦᠶ᠎ᠡ ᠶᠢᠨ ᠮᠡᠳᠡᠭᠡ ᠶᠢ ︽ᠰᠡᠳᠭᠦᠯ ᠲᠤᠳᠤᠷᠠᠬᠢ ᠰᠤᠨᠢᠨ︾ ᠪᠤᠯᠤᠩ ᠢᠶᠠᠷ ᠳᠡᠯᠬᠡᠵᠦ᠂ ᠡᠬᠡᠯᠴᠣᠳ ᠤᠨ ᠠᠮᠢᠳᠦᠷᠠᠯ ᠬᠠᠶᠢᠷ᠎ᠠ ᠳᠤᠷᠠᠰᠤᠭᠳᠠᠳᠠᠭ ︽ᠬᠠᠭᠤᠴᠢᠨ ᠵᠢᠷᠤᠭ ᠤᠨ ᠦᠯᠢᠭᠡᠷ︾᠂ ᠬᠡᠴᠢᠨᠡᠨ ᠵᠢᠯ ᠳᠠᠷᠤᠭᠳᠠᠭᠰᠠᠨ ᠰᠡᠳᠬᠢᠯ ᠤᠨ ᠨᠢᠭᠤᠴᠠ ᠪᠠᠨ ᠳᠡᠶᠢᠢᠯᠬᠤ ︽ᠴᠠᠭᠠᠪᠤᠷᠯᠠᠯ︾᠂ ᠨᠡᠶᠢᠭᠡᠮ ᠤᠨ ᠲᠡᠭᠰᠢ ᠪᠤᠰᠤ ᠶᠢ ᠬᠢᠷᠠᠬᠠᠢ ᠬᠠᠷᠠᠴᠠ ᠪᠠᠷ ᠰᠢᠷᠪᠢᠳᠡᠭ ︽ᠤᠯᠠᠨ ᠤ ᠨᠢᠳᠦ︾᠂ ᠵᠤᠤ ᠤᠳᠠ ᠠᠷᠠᠳ ᠤᠨ ᠳᠠᠭᠤᠤ ᠳᠤ ᠬᠤᠯᠪᠤᠭᠳᠠᠭᠰᠠᠨ ᠪᠤᠳᠠᠳᠤ ᠬᠦᠮᠦᠨ ᠣᠴᠢᠷ ᠢ ᠲᠠᠶᠢᠯᠪᠤᠷᠢᠯᠠᠭᠰᠠᠨ ︽ᠦᠯᠢᠭᠡᠷ ᠳᠤᠮᠤᠭ ᠲᠠᠢ ᠵᠤᠤ ᠤᠳᠠ ᠠᠷᠠᠳ ᠤᠨ ᠳᠠᠭᠤᠤ︾᠂ ᠵᠤᠤ ᠤᠳᠠ ᠶᠢᠨ ᠠᠯᠳᠡᠷᠳᠦ ᠪᠦᠬᠡ ᠶᠢᠨ ᠳᠤᠮᠤᠭ ᠪᠦᠬᠦᠢ ︽ᠠᠯᠲᠠᠨ ᠲᠤᠪᠤᠷᠤᠤ︾᠂ ᠨᠤᠲᠤᠭ ᠤᠰᠤ ᠬᠦᠮᠦᠨ ᠠᠷᠠᠳ ᠤᠨ ᠢᠶᠠᠨ ᠬᠡᠢ ᠮᠤᠷᠢ ᠵᠤᠯᠪᠤᠭ᠎ᠠ ᠶᠢ ᠬᠤᠷᠦ᠋ᠢᠯᠠᠭᠰᠠᠨ ︽ᠵᠤᠤ ᠤᠳᠠ ᠶᠢᠨ ᠠᠯᠲᠠᠨ ᠤᠪᠤᠭᠠᠳ︾᠂ ᠤᠶᠠᠩᠭ᠎ᠠ ᠳᠠᠭᠤᠤ ᠪᠠᠷ ᠬᠦᠳᠡᠭᠡ ᠲᠠᠯ᠎ᠠ ᠪᠠᠨ ᠪᠠᠶᠠᠰᠬᠠᠭᠰᠠᠨ ︽ᠤᠯᠠᠭᠠᠨᠮᠥ᠋ᠴᠢᠷᠴᠢᠨ︾ ᠵᠡᠷᠭᠡ ᠪᠤᠯᠤᠩ ᠤᠳ ᠢ ᠬᠤᠭᠤᠴᠠᠭ᠎ᠠ ᠳᠠᠷᠠᠭᠠᠯᠠᠨ ᠡᠭᠡᠯᠵᠢᠯᠡᠨ ᠡᠷᠬᠢᠯᠡᠵᠤ ᠢᠷᠡᠯ᠎ᠠ᠃
   ᠰᠤᠷᠪᠤᠯᠵᠢᠯᠠᠭᠴᠢ᠄ ᠤᠷᠴᠢᠮ ᠤᠨ ᠬᠡᠳᠦᠨ ᠵᠢᠯ ᠠᠴᠠ ᠵᠢᠬᠢᠷᠢᠭ ᠨᠢᠭᠤᠷ ᠲᠠᠭᠠᠨ ᠮᠤᠩᠭᠤᠯ ᠦᠨᠳᠦᠰᠦᠲᠡᠨ ᠤ ᠠᠬᠠᠮᠠᠳ᠂ ᠢᠳᠡᠷ᠂ ᠵᠠᠯᠠᠭᠤ ᠭᠤᠷᠪᠠᠨ ᠦᠶ᠎ᠡ ᠶᠢᠨ ᠰᠢᠯᠦᠭᠴᠢ ᠵᠤᠬᠢᠶᠠᠯᠴᠢ ᠶᠢ ᠲᠠᠨᠢᠯᠴᠠᠭᠤᠯᠵᠤ ︽ᠰᠢᠯᠦᠭᠴᠢ ᠵᠤᠬᠢᠶᠠᠯᠴᠢ ᠶᠢᠨ ᠨᠠᠷᠭᠢᠶ᠎ᠠ︾ ᠭᠡᠮᠡᠬᠦ ᠲᠤᠰᠬᠠᠢ ᠰᠤᠷᠪᠤᠯᠵᠢᠯᠠᠭ᠎ᠠ ᠨᠡᠶᠢᠳᠡᠯᠡᠳᠡᠭ ᠨᠢ ᠲᠠᠨ ᠤ ᠰᠡᠳᠭᠦᠯ ᠤᠨ ᠨᠢᠭᠡᠨ ᠦᠪᠡᠷᠮᠢᠴᠡ ᠤᠨᠴᠠᠯᠢᠭ ᠭᠡᠮᠡᠷ ᠰᠠᠨᠠᠭᠳᠠᠯ᠎ᠠ᠂ ᠡᠨᠡ ᠲᠤᠬᠠᠢ ᠪᠠᠨ ᠶᠠᠷᠢᠨ᠎ᠠ ᠤᠤ︖
   ᠤ · ᠴᠤᠯᠮᠤᠨ᠄ ᠪᠢᠳᠡ ᠬᠡᠳᠤᠨ ᠵᠢᠯ ᠤᠨ ᠡᠮᠤᠨ᠎ᠡ ᠠᠴᠠ ᠡᠬᠢᠯᠡᠵᠤ᠂ ᠦᠨᠳᠦᠰᠦᠲᠡᠨ ᠤ ᠪᠠᠨ ᠨᠡᠷᠡᠲᠦ ᠰᠢᠯᠦᠭᠴᠢ ᠵᠤᠬᠢᠶᠠᠯᠴᠢ ᠪᠠᠨ ᠭᠡᠭᠡᠨ ᠳᠦᠷᠬᠦ ᠶᠢ ᠨᠢ ᠬᠠᠷᠠᠬᠤ ᠠᠴᠠ ᠭᠡᠷᠡᠯ ᠵᠢᠷᠤᠭ ᠲᠠᠢ᠂ ᠲᠤᠷᠭᠠᠨ ᠮᠡᠳᠡᠷᠡᠮᠵᠢ ᠪᠠᠷ ᠠᠮᠲᠠᠷᠬᠠᠬᠤ ᠰᠤᠳᠤᠨ ᠪᠦᠲᠦᠭᠡᠯ ᠲᠠᠢ ᠨᠢ᠂ ᠠᠮᠢᠳᠤᠷᠠᠯ ᠤᠨ ᠲᠤᠬᠠᠢ᠂ ᠵᠤᠬᠢᠶᠠᠨ ᠪᠦᠲᠦᠭᠡᠯᠭᠡ ᠶᠢᠨ ᠬᠢᠨᠢ ᠲᠤᠬᠠᠢ᠂ ᠪᠤᠳᠤᠯ ᠰᠠᠨᠠᠭ᠎ᠠ ᠲᠤᠲᠤᠭᠠᠲᠤ ᠰᠡᠳᠭᠢᠯᠭᠡ ᠶᠢ ᠨᠢ ᠤᠶᠢᠯᠠᠭᠠᠬᠤ ᠠᠴᠠ ᠲᠡᠳᠡᠨ ᠲᠠᠢ ᠬᠢᠭᠰᠡᠨ ᠨᠠᠷᠭᠢᠶ᠎ᠠ ᠵᠤᠭᠤᠭ ᠲᠠᠢ ᠨᠢ᠂ ᠰᠡᠳᠭᠦᠯ ᠳᠡᠭᠡᠷ᠎ᠡ ᠪᠠᠨ ᠭᠤᠷᠮᠤᠰᠤᠨ ᠴᠤᠭᠴᠠ ᠪᠤᠯᠭᠠᠵᠤ ᠲᠠᠨᠢᠯᠴᠠᠭᠤᠯᠵᠤ ᠡᠬᠢᠯᠡᠭᠰᠡᠨ ᠶᠤᠮ᠃ ᠨᠠ᠊ · ᠰᠠᠶᠢᠰᠢᠶᠠᠯᠲᠤ᠂ ᠰᠢ᠊ · ᠮᠦᠷᠡᠨ᠂ ᠠᠷᠲᠠᠢ᠂ ᠲ᠊ · ᠭᠤᠮᠪᠤᠵᠠᠪ᠂ ᠭᠠ᠊ · ᠰᠢᠷᠠᠪᠵᠠᠮᠰᠤ᠂ ᠤ · ᠪᠤᠶ᠋ᠬᠠᠦ᠋ᠯᠵᠡᠢ᠂ ᠲ᠊ · ᠰᠡᠴᠡᠨ᠂ ᠳᠤᠷᠤᠨᠠᠲ᠋ᠡᠭᠷᠢ᠂ ᠳᠣᠯᠠᠭᠠᠨ᠂ ᠬᠠᠶᠢᠷᠬᠠᠨ ᠵᠡᠷᠭᠡ ᠨᠠᠷ᠎ᠠ ᠠᠯᠳᠠᠷ ᠲᠠᠢ ᠰᠢᠯᠢᠳᠡᠭ ᠤᠷᠡᠨ ᠪᠦᠳᠦᠬᠡᠯᠴᠢ ᠶᠢ ᠰᠢᠰᠲ᠋ᠧᠮ ᠲᠠᠢ ᠲᠠᠨᠢᠯᠴᠠᠭᠤᠯᠵᠤ ᠢᠷᠡᠪᠠ᠃ ᠡᠨᠡ ᠬᠦ ᠬᠡᠯᠪᠡᠷᠢ ᠨᠢ ᠵᠤᠬᠢᠶᠠᠯᠴᠢ ᠰᠢᠯᠦᠭᠴᠢ ᠪᠤᠯᠤᠨ ᠤᠩᠰᠢᠭᠴᠢᠳ ᠤᠨ ᠬᠤᠭᠤᠷᠤᠨᠳᠤᠬᠢ ᠤᠷᠤᠨ ᠵᠠᠢ ᠶᠢ ᠨᠡᠩ ᠤᠶᠢᠷ᠎ᠠ ᠪᠤᠯᠭᠠᠯ᠎ᠠ ᠭᠡᠵᠤ ᠪᠢ ᠦᠵᠡᠳᠡᠭ᠃
   ᠰᠤᠷᠪᠤᠯᠵᠢᠯᠠᠭᠴᠢ᠄ ᠪᠢ ᠵᠤᠬᠢᠶᠠᠭᠴᠢ ᠤᠩᠰᠢᠭᠴᠢ ᠬᠤᠶᠠᠷ ᠢ ᠰᠡᠳᠭᠦᠯ ᠤᠨ ᠬᠤᠶᠠᠷ ᠳᠠᠯᠠᠪᠴᠢ ᠭᠡᠵᠤ ᠦᠵᠡᠳᠡᠭ᠂ ᠲᠠ ᠶᠡᠷᠦᠩᠬᠡᠢ ᠨᠠᠶᠢᠷᠠᠭᠤᠯᠤᠭᠴᠢ ᠪᠤᠯᠤᠬᠰᠠᠨ ᠬᠦᠮᠦᠨ ᠡᠨᠡ ᠬᠦ ᠬᠠᠷᠢᠴᠠᠭ᠎ᠠ ᠶᠢ ᠬᠡᠷᠬᠢᠨ ᠵᠤᠬᠢᠴᠠᠭᠤᠯᠳᠠᠭ ᠪᠤᠢ︖
   ᠤ · ᠴᠤᠯᠮᠤᠨ᠄ ᠵᠤᠬᠢᠶᠠᠭᠴᠢ ᠤᠩᠰᠢᠭᠴᠢ ᠬᠤᠶᠠᠷ ᠵᠢᠭᠠᠰᠤ ᠤᠰᠤᠨ ᠤ ᠬᠠᠷᠢᠴᠠᠭ᠎ᠠ ᠲᠠᠢ᠃ ᠵᠤᠬᠢᠶᠠᠭᠴᠢ᠂ ᠣᠩᠰᠢᠭᠴᠢ᠂ ᠨᠠᠶᠢᠷᠠᠭᠤᠯᠤᠭᠴᠢ ᠭᠤᠷᠪᠠ ᠤᠴᠤᠭ ᠤᠨ ᠭᠤᠷᠪᠠᠨ ᠴᠢᠯᠠᠭᠤ᠂ ᠰᠡᠳᠭᠦᠯ ᠤᠨ ᠲᠤᠯᠭ᠎ᠠ ᠶᠢ ᠲᠤᠯᠳᠠᠭ᠃ ᠨᠢᠭᠡ ᠤᠷᠠᠨ ᠪᠦᠲᠦᠭᠡᠯ ᠨᠡᠶᠢᠭᠡᠮ ᠤᠨ ᠪᠦᠲᠦᠭᠡᠭᠳᠡᠭᠦᠨ ᠪᠤᠯᠬᠤ ᠳᠠᠭᠠᠨ ᠡᠨᠡ ᠭᠤᠷᠪᠠᠨ ᠡᠯᠧᠮᠧᠨ᠋ᠲ ᠤᠨ ᠠᠯᠢ ᠨᠢᠭᠡᠨ ᠠᠴᠠ ᠴᠦ ᠰᠠᠯᠵᠤ ᠪᠤᠯᠬᠤ ᠦᠭᠡᠢ᠃ ᠵᠤᠬᠢᠶᠠᠭᠴᠢ ᠤᠩᠰᠢᠭᠴᠢ ᠨᠡᠶᠢᠯᠡᠮᠡᠨᠵᠢᠨ ᠰᠠᠶ᠋ᠢ ᠨᠢᠭᠡ ᠪᠦᠲᠦᠭᠡᠯ ᠢ ᠪᠦᠷᠢᠨ ᠪᠦᠲᠦᠨ ᠪᠤᠯᠭᠠᠳᠠᠭ᠂ ᠡᠨᠡ ᠬᠤᠶᠠᠷ ᠤᠨ ᠬᠤᠭᠤᠷᠤᠨᠳᠤ ᠵᠠᠭᠤᠴᠢ ᠪᠤᠶᠤ ᠬᠦᠭᠦᠷᠭᠡ ᠶᠢᠨ ᠦᠢᠯᠡᠳᠣᠯ ᠦᠵᠡᠭᠦᠯᠵᠤ ᠪᠠᠶᠢᠭ᠎ᠠ ᠨᠢ ᠰᠡᠳᠭᠦᠯᠴᠢ ᠪᠤᠯᠤᠨ᠎ᠠ᠃ ᠰᠢᠯᠢᠳᠡᠭ ᠪᠦᠳᠦᠭᠡᠯ ᠭᠠᠷᠭᠠᠬᠤ ᠪᠤᠯ ᠵᠤᠬᠢᠶᠠᠭᠴᠢ ᠶᠢᠨ ᠡᠭᠦᠷᠭᠡ᠂ ᠰᠤᠩᠭᠤᠯᠲᠠ ᠬᠢᠬᠦ ᠪᠤᠯ ᠤᠩᠰᠢᠭᠴᠢᠳ ᠤᠨ ᠡᠷᠬᠡ ᠴᠢᠯᠦᠬᠡ᠂ ᠬᠠᠷᠢᠨ ᠬᠡᠨ ᠳᠤ ᠵᠤᠷᠢᠭᠤᠯᠵᠤ ᠶᠠᠮᠠᠷ ᠪᠦᠲᠦᠭᠡᠯ ᠨᠡᠶᠢᠳᠡᠯᠡᠨ᠎ᠡ ᠭᠡᠳᠡᠭ ᠪᠤᠯ ᠰᠡᠳᠭᠦᠯᠴᠤᠳ ᠤᠨ ᠬᠠᠷᠢᠭᠤᠴᠠᠯᠭ᠎ᠠ ᠪᠠᠶᠢᠵᠤ ᠲᠠᠭᠠᠷᠠᠨ᠎ᠠ᠃
   ᠰᠤᠷᠪᠤᠯᠵᠢᠯᠠᠭᠴᠢ᠄ ᠳᠦᠴᠢᠨ ᠵᠢᠯ ᠬᠡᠳᠡᠭ ᠨᠢᠬᠡ ᠳᠠᠯ᠎ᠠ ᠪᠠᠷ ᠢᠶᠠᠨ ᠴᠠᠭ ᠬᠤᠭᠤᠴᠠᠭ᠎ᠠ᠂ ᠨᠦᠬᠦᠬᠡ ᠳᠠᠯ᠎ᠠ ᠪᠠᠷ ᠢᠶᠠᠨ ᠠᠮᠢᠳᠦ ᠳᠡᠦᠬᠡ᠃ ︽ᠰᠢᠷ᠎ᠠ ᠮᠦᠷᠡᠨ︾ ᠰᠡᠳᠭᠦᠯ ᠬᠡᠪᠯᠡᠯ ᠡᠬᠢᠯᠡᠭᠡᠳ ᠳᠦᠴᠢ ᠰᠢᠬᠠᠮ ᠵᠢᠯ ᠤᠨ ᠨᠢᠭᠤᠷ ᠢ ᠦᠵᠡᠯ᠎ᠡ᠂ ᠡᠨᠡ ᠴᠢᠯᠦᠭᠡᠨ ᠳᠤ ᠬᠦᠷᠲᠡᠵᠤ ᠶᠠᠪᠤᠭᠰᠠᠨ ᠢᠷᠠᠭᠤ ᠠᠯᠳᠠᠷ ᠢᠶᠠᠨ ᠡᠷᠭᠢᠴᠡᠭᠦᠯᠵᠤ ᠦᠵᠡᠪᠡᠯ︖
   ᠣ · ᠴᠤᠯᠮᠤᠨ᠄ ︽ᠰᠢᠷ᠎ᠠ ᠮᠦᠷᠡᠨ︾ ᠰᠡᠳᠭᠦᠯ ᠨᠢ ᠬᠡᠳᠦᠨ ᠦᠶ᠎ᠡ ᠶᠢᠨ ᠨᠠᠶᠢᠷᠠᠭᠤᠯᠤᠭᠴᠢᠳ ᠤᠨ ᠬᠦᠯᠦᠰᠤ ᠬᠦᠳᠡᠯᠮᠤᠷᠢ ᠪᠠᠷ ᠰᠢᠮ᠎ᠠ ᠰᠢᠬᠦᠰᠦᠯᠡᠵᠦ᠂ ᠣᠳᠠᠯ ᠦᠭᠡᠢ ᠳᠦᠷᠦᠭᠡᠨ ᠳᠡᠭᠡᠷ᠎ᠡ ᠦᠨᠳᠡᠶᠢᠭᠰᠡᠨ ᠳᠦᠴᠢᠨ ᠵᠢᠯ ᠢᠶᠠᠨ ᠤᠭᠲᠤᠬᠤ ᠪᠤᠯᠤᠨ᠎ᠠ᠃ ᠰᠡᠳᠭᠦᠯ ᠨᠢ ᠤᠯᠠᠭᠠᠨᠬᠠᠳᠠ ᠳᠤ ᠪᠠᠶᠢᠷᠢᠯᠠᠵᠤ᠂ ᠨᠠᠶᠢᠮᠠᠨ ᠮᠤᠵᠢ ᠤᠷᠤᠨ ᠤ ᠵᠤᠬᠢᠶᠠᠭᠴᠢ ᠤᠩᠰᠢᠭᠴᠢ ᠳᠤ ᠬᠠᠨᠳᠤᠭᠰᠠᠨ ᠤᠷᠠᠨ ᠵᠤᠬᠢᠶᠠᠯ ᠤᠨ ᠲᠤᠷᠭᠠᠨ ᠪᠠᠭᠤᠴᠠ ᠶᠤᠮ᠃ ᠳᠦᠴᠢᠨ ᠵᠢᠯ ᠤᠨ ᠲᠤᠷᠰᠢ ᠡᠬᠡ ᠪᠢᠴᠢᠭ ᠨᠡᠶᠢᠳᠡᠯᠡᠬᠦ ᠳᠡᠭᠡᠨ ᠨᠤᠲᠤᠭ ᠤᠰᠤ ᠢᠯᠭᠠᠳᠠᠭ ᠦᠭᠡᠢ ᠵᠠᠷᠴᠢᠮ ᠢ ᠪᠠᠷᠢᠮᠲᠠᠯᠠᠭᠰᠠᠭᠠᠷ ᠢᠷᠡᠪᠡ᠃ ︽ᠰᠢᠷ᠎ᠠ ᠮᠦᠷᠡᠨ︾ ᠰᠡᠳᠭᠦᠯ ᠳᠡᠭᠡᠷ᠎ᠡ ᠠᠩᠬᠠᠨ ᠤ ᠵᠤᠬᠢᠶᠠᠯ ᠢᠶᠠᠨ ᠨᠡᠶᠢᠳᠡᠯᠡᠭᠦᠯᠵᠤ ᠤᠷᠠᠨ ᠵᠤᠬᠢᠶᠠᠯ ᠤᠨ ᠵᠠᠮ ᠡᠯᠭᠦᠭᠰᠡᠨ ᠵᠤᠬᠢᠶᠠᠭᠴᠢ ᠵᠠᠷᠢᠮ ᠨᠢ ᠤᠳᠤ ᠤᠯᠤᠰ ᠤᠷᠤᠨ ᠳᠠᠶᠠᠭᠠᠷ ᠠᠯᠳᠠᠷ ᠴᠣᠣᠲᠠᠢ ᠰᠢᠯᠦᠭᠴᠢ ᠵᠤᠬᠢᠶᠠᠯᠴᠢ ᠪᠤᠯᠤᠭᠠᠳ ᠭᠢᠯᠠᠷᠠᠵᠤ ᠪᠤᠢ᠂ ᠳᠦᠴᠢ ᠰᠢᠬᠠᠮ ᠵᠢᠯ ᠳᠤ ︽ᠰᠢᠷ᠎ᠠ ᠮᠦᠷᠡᠨ︾ ᠰᠡᠳᠭᠦᠯ ᠳᠤ ᠨᠡᠶᠢᠳᠡᠯᠡᠭᠳᠡᠭᠰᠡᠨ ᠵᠤᠬᠢᠶᠠᠯ ᠪᠦᠲᠦᠭᠡᠯ ᠤᠨ ᠳᠤᠮᠳᠠ ᠠᠴᠠ ᠵᠠᠷᠢᠮ ᠪᠦᠲᠦᠭᠡᠯ ᠨᠢ ᠳᠤᠮᠳᠠᠳᠣ ᠪᠠᠭ᠎ᠠ ᠰᠤᠷᠭᠠᠭᠤᠯᠢ ᠶᠢᠨ ᠮᠤᠩᠭᠤᠯ ᠬᠡᠯᠡ ᠪᠢᠴᠢᠭ ᠲᠤ ᠰᠤᠩᠭᠤᠭᠳᠠᠵᠤ᠂ ᠵᠠᠷᠢᠮ ᠨᠢ ︽ᠰᠤᠯᠤᠩᠭ᠎ᠠ︾ ᠱᠠᠩᠨᠠᠯ ᠪᠤᠯᠤᠨ ᠪᠤᠰᠤᠳ ᠰᠢᠯᠭᠠᠷᠠᠭᠤᠯᠳᠠ ᠳᠤ ᠱᠠᠩᠨᠠᠯ ᠬᠦᠷᠲᠡᠵᠤ ᠦᠩᠭᠡᠷᠡᠪᠠ᠃ ︽ᠰᠢᠷ᠎ᠠ ᠮᠦᠷᠡᠨ︾ ᠰᠡᠳᠭᠦᠯ ᠨᠢ ᠬᠤᠶᠠᠷ ᠤᠳᠠᠭ᠎ᠠ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠮᠤᠩᠭᠤᠯ ᠬᠡᠯᠡ ᠪᠢᠴᠢᠭ ᠰᠣᠷᠴᠤ ᠬᠡᠷᠡᠭᠯᠡᠭᠰᠡᠨ ᠲᠡᠷᠢᠬᠦᠨ ᠤ ᠨᠢᠭᠡᠴᠢ ᠪᠠᠷ ᠬᠦᠬᠢᠭᠦᠯᠦᠭᠳᠡᠪᠡ᠃ ᠲᠤᠰ ᠰᠡᠳᠭᠦᠯ ᠤᠨ ᠨᠠᠶᠢᠷᠠᠭᠤᠯᠤᠭᠴᠢ ᠴᠦ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ︽ᠮᠤᠷᠠᠯ ᠡᠷᠳᠡᠮ ᠬᠤᠤᠰᠯᠠᠭᠰᠠᠨ ᠤᠳᠬ᠎ᠠ ᠤᠷᠠᠯᠢᠭ ᠤᠨ ᠠᠵᠢᠯᠲᠠᠨ︾ ᠤ ᠢᠷᠠᠭᠤ ᠠᠯᠳᠠᠷ ᠢ ᠬᠦᠷᠲᠡᠵᠤ ᠦᠩᠭᠡᠷᠡᠭᠰᠡᠨ ᠶᠤᠮ᠃
  ᠰᠤᠷᠪᠤᠯᠵᠢᠯᠠᠭᠴᠢ᠄ ︽ᠰᠢᠷ᠎ᠠ ᠮᠦᠷᠡᠨ︾ ᠮᠦᠨ ᠬᠦ ︽ᠰᠢᠵᠢᠷᠳᠦᠨ ᠳᠤᠯᠬᠢᠶᠠᠯᠠᠵᠦ︾᠂ ᠤᠳᠬ᠎ᠠ ᠤᠶᠠᠩᠭ᠎ᠠ ᠶᠢᠨ ᠭᠠᠶᠢᠢᠬᠠᠮᠰᠢᠭ ᠢ ᠦᠬᠦᠯᠡᠨ ︽ᠤᠷᠤᠰᠤᠭᠰᠠᠭᠠᠷ︾ ᠪᠠᠶᠢᠢᠬᠤ ᠪᠤᠯᠤᠨ᠎ᠠ᠃ ᠰᠡᠳᠭᠦᠯ ᠤᠨ ᠢᠶᠠᠨ ᠬᠦᠭᠵᠢᠯ ᠤᠨ ᠲᠤᠬᠠᠢ ᠶᠠᠷᠢᠨ᠎ᠠ ᠤᠤ︖
   ᠤ · ᠴᠤᠯᠮᠤᠨ᠄ ᠤᠷᠠᠨ ᠵᠤᠬᠢᠶᠠᠯ ᠤᠨ ᠤᠳᠤᠬᠢᠴᠢ ᠦᠩᠭᠡ ᠪᠤᠳᠤᠭ ᠢ ᠠᠩᠬᠠᠷᠴᠤ᠂ ᠠᠭᠤᠯᠭ᠎ᠠ ᠪᠤᠯᠤᠨ ᠬᠡᠯᠪᠡᠷᠢ ᠶᠢᠨ ᠦᠪᠡᠷᠮᠢᠴᠡ ᠬᠡᠪ ᠨᠠᠮᠪᠠ ᠶᠢ ᠴᠤᠭᠴᠠᠯᠠᠨ᠂ ᠤᠷᠠᠨ ᠵᠤᠬᠢᠶᠠᠯ ᠤᠨ ᠴᠢᠨᠠᠷ᠂ ᠰᠤᠨᠢᠷᠬᠠᠯᠲᠤ ᠴᠢᠨᠠᠷ᠂ ᠤᠩᠰᠢᠪᠤᠷᠢᠲᠤ ᠴᠢᠨᠠᠷ ᠢ ᠨᠢᠭᠡ ᠴᠤᠭᠴᠠ ᠪᠤᠯᠭᠠᠵᠤ᠂ ᠦᠵᠡᠯ ᠰᠠᠨᠠᠭ᠎ᠠ ᠤᠷᠠᠯᠢᠭ ᠬᠤᠶᠠᠷ ᠢ ᠨᠢᠭᠡᠳᠦᠭᠦᠯᠵᠤ᠂ ︽ᠠᠷᠠᠳ ᠲᠦᠮᠡᠨ ᠢᠶᠠᠷ ᠭᠤᠤᠯ ᠪᠤᠯᠭᠠᠬᠤ︾ ᠶᠢ ᠪᠠᠷᠢᠮᠲᠠᠯᠠᠨ᠂ ᠠᠷᠠᠳ ᠲᠦᠮᠡᠨ ᠤ ᠭᠤᠸ᠎ᠠ ᠲᠠᠭᠠᠰᠢᠶᠠᠯ ᠳᠤ ᠨᠡᠶᠢᠴᠡᠭᠰᠡᠨ᠂ ᠨᠡᠶᠢᠭᠡᠮ ᠴᠠᠭ ᠦᠶ᠎ᠡ ᠳᠤ ᠨᠡᠶᠢᠴᠡᠭᠰᠡᠨ ᠪᠦᠲᠦᠭᠡᠯ ᠭᠠᠷᠭᠠᠬᠤ ᠲᠤᠬᠠᠢ ᠤᠬᠠᠮᠰᠠᠷ ᠢ ᠲᠠᠰᠣᠷᠠᠯᠲᠠ ᠦᠭᠡᠢ ᠪᠤᠢ ᠪᠤᠯᠭᠠᠵᠤ᠂ ᠵᠤᠬᠢᠶᠠᠯ ᠪᠦᠲᠦᠭᠡᠯ ᠳᠤ ᠤᠬᠠᠮᠰᠠᠷᠲᠤ ᠰᠤᠩᠭᠤᠯᠲᠠ ᠬᠢᠵᠤ ᠤᠩᠰᠢᠭᠴᠢᠳ ᠲᠤ ᠤᠭᠢ ᠰᠢᠯᠢᠳᠡᠭ ᠤᠶᠤᠨ ᠤ ᠬᠦᠨᠡᠰᠦ ᠬᠠᠩᠭᠠᠬᠤ ᠪᠠᠷ ᠦᠷᠭᠦᠯᠵᠢᠯᠡᠨ ᠴᠢᠷᠮᠠᠶᠢᠨ᠎ᠠ᠃ ᠵᠣᠬᠢᠶᠠᠭᠴᠢ᠄  ᠦᠨᠡᠨᠵᠢᠷᠭᠠᠯ



  
     
     