-
68894
ᠡᠬᠡ ᠬᠡᠯᠡᠨ ᠣ ᠴᠢᠯᠦᠭᠡᠳᠦ ᠰᠠᠯᠬᠢᠨ
2019-05-28 09:05
251
0
ᠡᠬᠡ ᠬᠡᠯᠡᠨ ᠣ ᠴᠢᠯᠦᠭᠡᠳᠦ ᠰᠠᠯᠬᠢᠨ
ᠦᠩᠭᠡ ᠶᠢᠨ ᠰᠢᠪᠠᠭᠤᠳ ᠴᠢᠯᠦᠭᠡᠳᠦ ᠰᠠᠯᠬᠢᠨ᠎ᠠ ᠲᠤᠩᠭᠤᠳᠬᠤ ᠴᠢᠮᠡᠬᠡᠨ ᠡᠬᠡ ᠬᠡᠯᠡ ᠶᠤᠮ
ᠡᠬᠦᠷᠢᠳᠡ ᠶᠢᠨ ᠨᠤᠳᠤᠭ ᠴᠡᠩᠭᠡᠷ ᠪᠤᠷᠤᠭᠠᠨᠠ ᠮᠠᠨᠠᠨᠳᠤᠬᠤ ᠪᠡᠷ᠎ᠡ ᠡᠬᠡ ᠬᠡᠯᠡ ᠶᠤᠮ
ᠦᠷᠯᠦᠬᠡ ᠶᠢᠨ ᠰᠡᠬᠦᠳᠡᠷ ᠨᠡᠷᠡᠨ ᠣ ᠢᠯᠴᠢᠨ ᠳᠦ ᠰᠤᠪᠤᠳᠷᠠᠬᠤ ᠬᠡᠷᠡᠯ ᠡᠬᠡ ᠬᠡᠯᠡ ᠶᠤᠮ
ᠦᠷᠦᠬᠡᠯ ᠳᠦ ᠪᠢ ᠦᠪᠡᠷ ᠢ ᠪᠠᠨ ᠲᠠᠨᠢᠭᠤᠯᠬᠤ ᠠᠮᠠᠨ ᠬᠡᠷᠡᠴᠢ ᠡᠬᠡ ᠬᠡᠯᠡ ᠶᠤᠮ
ᠬᠠᠳᠠᠨ ᠵᠢᠷᠤᠭ ᠤᠨ ᠬᠡ ᠵᠢᠷᠤᠭᠠᠰᠤᠨ ᠳᠤ ᠡᠬᠡ ᠬᠡᠯᠡ ᠮᠢᠨᠢ ᠪᠢᠴᠢᠭᠳᠡᠳᠡᠭ
ᠬᠠᠨᠠᠭᠠᠷ ᠬᠡᠬᠡᠷ᠎ᠡ ᠶᠢᠨ ᠬᠦᠮᠦᠨ ᠴᠢᠯᠠᠭᠤ ᠡᠬᠡ ᠬᠡᠯᠡ ᠵᠢ ᠮᠢᠨᠢ ᠮᠡᠳᠡᠳᠡᠭ
ᠪᠤᠭᠤᠨ ᠴᠢᠯᠠᠭᠤ ᠬᠡᠷᠡᠯᠳᠦ ᠬᠦᠰᠢᠶ᠎ᠡ ᠡᠬᠡ ᠬᠡᠯᠡ ᠵᠢ ᠮᠢᠨᠢ ᠲᠡᠮᠳᠡᠭᠯᠡᠳᠡᠭ
ᠪᠤᠰᠤᠭ᠎ᠠ ᠬᠡᠢᠮᠤᠷᠢ ᠶᠢᠨ ᠬᠡᠬᠡᠨ ᠰᠤᠳᠤᠷ ᠢᠶᠠᠨ ᠡᠬᠡ ᠬᠡᠯᠡ ᠪᠡᠷ ᠢᠶᠡᠨ ᠲᠤᠭᠤᠷᠪᠢᠳᠠᠭ
ᠨᠤᠳᠤᠭ ᠤᠨ ᠪᠠᠭᠤᠴᠠᠨ ᠣ ᠬᠠᠭᠤᠴᠢᠨ ᠲᠤᠭᠤᠷᠢ ᠡᠬᠡ ᠬᠡᠯᠡ ᠮᠢᠨᠢ ᠪᠠᠢᠪᠠ
ᠨᠤᠭᠤᠯᠤᠷ ᠢᠳᠡᠭᠰᠡᠨ ᠬᠢᠳᠤᠭᠠᠨ ᠢᠷ ᠡᠬᠡ ᠬᠡᠯᠡ ᠮᠢᠨᠢ ᠪᠠᠢᠪᠠ
ᠨᠤᠭᠤᠭᠠᠨ ᠣ ᠰᠢᠨᠡᠭᠡᠨ ᠨᠠᠬᠢᠶ᠎ᠠ ᠡᠬᠡ ᠬᠡᠯᠡ ᠪᠡᠷ ᠰᠡᠩᠬᠢᠨᠡᠳᠡᠭ
ᠨᠢᠭᠤᠴᠠᠬᠠᠨ ᠬᠠᠢᠷ᠎ᠠ ᠶᠢᠨ ᠰᠢᠪᠡᠨᠡᠭᠡ ᠡᠬᠡ ᠬᠡᠯᠡ ᠪᠡᠷ ᠤᠶᠠᠩᠭᠠᠷᠠᠳᠠᠭ
ᠪᠤᠷᠠᠨᠳᠠᠭ ᠰᠤᠯᠢᠵᠥ ᠬᠡᠰᠢᠭ ᠢ ᠨᠢ ᠲᠠᠯᠠᠯᠤᠭᠰᠠᠨ ᠲᠡᠮᠡᠭᠡᠳ ᠪᠤᠯ ᠡᠬᠡ ᠬᠡᠯᠡ
ᠪᠤᠭᠤᠯᠠᠭ᠎ᠠ ᠰᠤᠯᠠᠯᠠᠵᠥ ᠪᠡᠯᠴᠢᠭᠡᠷ ᠲᠤ ᠨᠢ ᠲᠡᠯᠪᠢᠭ᠌ᠰᠠᠨ ᠱᠠᠷ ᠪᠤᠯ ᠡᠬᠡ ᠬᠡᠯᠡ
ᠵᠦᠪ ᠪᠤᠰᠤᠭᠰᠠᠨ ᠲᠠᠤᠯᠠᠢ ᠶᠢᠨ ᠮᠦᠷ ᠡᠬᠡ ᠬᠡᠯᠡ ᠵᠢ ᠲᠠᠮᠠᠭᠠᠯᠠᠨ᠎ᠠ
ᠵᠦᠩ ᠪᠢᠯᠢᠭ ᠦᠨ ᠠᠯᠳᠠᠨ ᠬᠤᠷᠤᠮ ᠡᠬᠡ ᠬᠡᠯᠡ ᠵᠢ ᠬᠠᠢᠯᠳᠠᠭ
ᠨᠠᠢ᠌ᠮᠠᠨ ᠰᠢᠷᠭ᠎ᠠ ᠠᠳᠤᠭᠤᠨ ᠣ ᠲᠤᠷᠠᠭᠠᠨ ᠪᠡᠯᠴᠢᠭᠡᠷ ᠡᠬᠡ ᠬᠡᠯᠡ ᠪᠠᠢᠭᠰᠠᠨ ᠶᠤᠮ
ᠨᠠᠢ᠌ᠮᠠᠨ ᠵᠠᠭᠤᠨ ᠣ ᠨᠠᠮᠢᠷᠠᠭᠰᠠᠨ ᠪᠤᠷᠤᠭ᠎ᠠ ᠡᠬᠡ ᠬᠡᠯᠡ ᠪᠠᠢᠭᠰᠠᠨ ᠶᠤᠮ
ᠪᠤᠷᠬᠠᠨ ᠲᠡᠭᠷᠢ ᠮᠤᠩᠭᠤᠯ ᠢ ᠰᠤᠩᠭᠤᠬᠤ ᠳᠤ ᠲᠡᠭᠷᠢ ᠬᠡᠯᠡ ᠲᠡᠢ ᠨᠢ ᠲᠤᠮᠢᠯᠠᠭᠰᠠᠠ ᠶᠤᠮ
ᠪᠤᠭᠤᠷᠤᠯ ᠲᠡᠦᠬᠡ ᠶᠢᠨ ᠬᠠᠭᠤᠳᠠᠰᠤᠨ ᠳᠤ ᠪᠢᠳᠠ ᠪᠤᠰᠤᠭ᠎ᠠ ᠪᠢᠴᠢᠭ ᠲᠡᠢ ᠦᠯᠡᠳᠡᠭᠰᠡᠨ ᠶᠤᠮ