- •
86055
ᠪᠣᠳᠠᠲᠠᠢ ᠰᠢᠭ᠋ ᠬᠡᠯᠡᠵᠦ ᠪᠣᠯᠬᠤ ᠦᠭᠡᠢ ᠦᠦ︖
2018-06-11 11:04
374
0
ᠪᠣᠳᠠᠲᠠᠢ ᠰᠢᠭ᠋ ᠬᠡᠯᠡᠵᠦ ᠪᠣᠯᠬᠤ ᠦᠭᠡᠢ ᠦᠦ︖
ᠫᠷᠣᠹᠧᠰᠰᠣᠷ ᠭᠤᠸᠠᠢ ᠭᠡᠷ ᠲᠡᠬᠡᠨ ᠶᠠᠭᠠᠷᠠᠯᠲᠠᠶᠢᠬᠠᠨ ᠰᠤᠳᠤᠯᠭᠠᠨ ᠤ ᠥᠭᠦᠯᠡᠯ ᠢᠶᠡᠨ ᠪᠢᠴᠢᠵᠦ ᠪᠠᠶᠢᠯ᠎ᠠ᠃ ᠲᠡᠷᠡ ᠭᠡᠨᠡᠳᠲᠡ᠄ ︽ ᠬᠠᠶᠢᠷᠠᠲᠤ ᠮᠢᠨᠢ᠂ ᠬᠠᠷᠠᠨᠳᠠ ᠶᠢ ᠬᠠᠮᠢᠭ᠎ᠠ ᠲᠠᠯᠪᠢᠭᠰᠠᠨ ᠢ ᠮᠡᠳᠡᠨ᠎ᠡ ᠦᠦ︖︾ ᠭᠡᠵᠦ ᠪᠦᠰᠡᠭᠦᠢ ᠡᠴᠡ ᠪᠡᠨ ᠠᠰᠠᠭᠤᠪᠠ᠃ ᠪᠦᠰᠡᠭᠦᠢ ᠨᠢ᠄ ︽ ᠴᠢᠬᠢᠨ ᠳᠡᠬᠡᠨ ᠬᠠᠪᠴᠢᠭᠤᠯᠵᠤ ᠪᠠᠶᠢᠬᠤ ᠦᠭᠡᠢ ᠦᠦ︖︾ ᠭᠡᠵᠦ ᠬᠠᠷᠢᠭᠤᠯᠪᠠ᠃ ᠫᠷᠣᠹᠧᠰᠰᠣᠷ᠄ ︽ ᠴᠢ ᠮᠢᠨᠤ ᠦᠬᠦᠲᠡᠯ᠎ᠡ ᠶᠠᠭᠠᠷᠠᠵᠤ ᠪᠠᠶᠢᠭ᠎ᠠ ᠶᠢ ᠦᠵᠡᠵᠦ ᠪᠠᠶᠢᠨ᠎ᠠ ᠪᠠ︖ ᠠᠯᠢ ᠴᠢᠬᠢᠨ ᠳᠦ ᠬᠠᠪᠴᠢᠭᠤᠯᠵᠤ ᠪᠠᠶᠢᠭ᠎ᠠ ᠶᠢ ᠪᠣᠳᠠᠲᠠᠢ ᠰᠢᠭ᠋ ᠬᠡᠯᠡᠵᠦ ᠪᠣᠯᠬᠤ ᠦᠭᠡᠢ ᠦᠦ︖︾ ᠭᠡᠵᠦ ᠵᠠᠩᠨᠠᠨ ᠬᠡᠯᠡᠭᠰᠡᠨ ᠭᠡᠨ᠎ᠡ᠃