 

ᠨᠤᠷᠸᠠᠶᠢᠴᠤᠳ ᠤᠨ ᠤᠷᠲᠦ ᠨᠠᠰᠤᠯᠠᠳᠠᠭ  

2018-01-16 11:04
  287
  0
      ᠤᠯᠠᠨ ᠤᠯᠤᠰ ᠤᠨ ᠬᠤᠯᠪᠤᠭᠠᠳᠤ ᠪᠠᠶᠢᠭᠤᠯᠤᠯᠭ᠎ᠠ ᠶᠢᠨ ᠰᠤᠷᠭᠠᠨ ᠬᠦᠮᠦᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠳᠠ ᠶᠢᠨ ᠪᠦᠬᠦ ᠳᠡᠯᠡᠬᠡᠢ ᠶᠢᠨ ᠬᠦᠮᠦᠨ ᠳᠦᠷᠦᠯᠬᠢᠳᠠᠨ ᠤ ᠬᠦᠭᠵᠢᠯᠳᠡ ᠶᠢᠨ ᠵᠢᠭᠠᠯᠳᠠ ᠳᠤᠭ᠎ᠠ ᠶᠢᠨ ᠵᠢᠬᠰᠠᠭᠠᠯᠳᠠ ᠳᠤ ᠨᠤᠷᠸᠠᠢ ᠤᠯᠤᠰ ᠤᠯᠠᠨ ᠤᠳᠠᠭ᠎ᠠ ᠨᠢᠭᠡᠳᠦᠭᠡᠷ ᠲᠤ ᠤᠷᠤᠵᠤ᠂ ᠪᠦᠬᠦ ᠳᠡᠯᠡᠬᠡᠢ ᠶᠢᠨ ᠡᠷᠡᠭᠦᠯ ᠡᠩᠬᠡ ᠶᠢᠨ ᠦᠯᠢᠭᠡᠷ ᠳᠠᠭᠤᠷᠢᠶᠠᠯ ᠪᠤᠯᠤᠭᠰᠠᠭᠠᠷ ᠢᠷᠡᠵᠡᠢ᠃ ᠠᠮᠧᠷᠢᠺᠠ ᠶᠢᠨ ᠳᠠᠩᠰᠠᠯᠠᠭᠤᠯᠤᠭᠰᠠᠨ ᠰᠢᠮ᠎ᠠ ᠳᠡᠵᠢᠭᠡᠯ ᠤᠨ ᠢᠨᠵᠧᠨᠧᠷ ᠺᠤᠷᠢᠰᠳ᠋ · ᠯᠠᠸᠣ᠋ ᠵᠢᠯ ᠪᠤᠯᠭᠠᠨ ᠨᠤᠷᠸᠠᠢ ᠳᠤ ᠪᠠᠶᠢᠳᠠᠭ ᠡᠮᠡᠭᠡ ᠪᠠᠨ ᠡᠷᠭᠢᠵᠦ ᠦᠵᠡᠳᠡᠭ ᠶᠤᠮ ᠪᠠᠶᠢᠨ᠎ᠠ᠂ ᠦᠩᠭᠡᠷᠡᠬᠦ ᠵᠤᠨ ᠳᠡᠷᠡ ᠵᠤᠷᠰᠢᠯ ᠶᠤᠰᠤᠭᠠᠷ ᠡᠮᠡᠭᠡ ᠪᠠᠨ ᠡᠷᠭᠢᠵᠦ ᠦᠵᠡᠨ᠂ 100 ᠨᠠᠰᠤᠨ ᠤ ᠪᠠᠶᠠᠷ ᠢ ᠨᠢ ᠳᠡᠮᠳᠡᠭᠯᠡᠵᠦ ᠦᠭᠭᠦ ᠶᠢᠨ ᠳᠠᠭᠠᠤ᠂ ᠨᠤᠷᠸᠠᠶᠢᠴᠤᠳ ᠤᠨ ᠡᠷᠡᠭᠦᠯ ᠰᠠᠷᠠᠭᠤᠯ ᠤᠷᠲᠦ ᠨᠠᠰᠤᠯᠠᠳᠠᠭ ᠳᠤᠷᠰᠢᠯᠭ᠎ᠠ ᠠᠴᠠ ᠤᠯᠠᠨ ᠳᠤ ᠳᠠᠨᠢᠯᠴᠠᠭᠤᠯᠤᠭᠰᠠᠨ ᠪᠠᠶᠢᠨ᠎ᠠ᠃
      ᠤᠷᠤᠢ ᠶᠢᠨ ᠬᠤᠭᠤᠯᠠ ᠪᠠᠨ ᠡᠷᠳᠡ ᠢᠳᠡᠨ᠎ᠠ  ᠨᠤᠷᠸᠠᠢ ᠶᠢᠨ ᠤᠯᠠᠩᠭᠢ ᠬᠦᠮᠦᠨ 7 — 15 ᠴᠠᠭ ᠤᠨ ᠬᠤᠭᠤᠷᠤᠨᠳᠤ ᠠᠵᠢᠯᠯᠠᠳᠠᠭ᠃ 16 ᠴᠠᠭ ᠤᠷᠴᠢᠮ ᠢᠶᠠᠷ ᠡᠯᠪᠡᠭ ᠳᠠᠩᠰᠤᠭ ᠤᠷᠤᠢ ᠶᠢᠨ ᠬᠤᠭᠤᠯᠠ ᠢᠳᠡᠵᠦ᠂ 20 ᠴᠠᠭ ᠤᠨ ᠦᠶ᠎ᠠ ᠪᠠᠷ ᠪᠠᠭ᠎ᠠ ᠰᠠᠭ᠎ᠠ ᠦᠭᠡᠬᠦ ᠳᠤᠰᠤ ᠪᠠᠭᠠᠳᠠᠢ ᠢᠳᠡᠭᠡᠨ ᠨᠦᠬᠦᠪᠦᠷᠢᠯᠡᠳᠡᠭ ᠠᠵᠢ᠃ ᠡᠨᠡ ᠨᠢ ᠳᠡᠩᠳᠡᠭᠦᠦ ᠤᠷᠤᠢ ᠬᠤᠭᠤᠯᠠ ᠢᠳᠡᠵᠦ ᠰᠢᠩᠭᠡᠭᠡᠯᠳᠡ ᠶᠢ ᠨᠦᠯᠦᠭᠡᠯᠡᠬᠦ ᠠᠴᠠ ᠰᠡᠷᠭᠡᠶᠢᠯᠡᠳᠡᠭ᠃ ᠤᠷᠤᠢ ᠶᠢᠨ ᠬᠤᠭᠤᠯᠠ ᠳᠡᠩᠳᠡᠭᠦᠦ ᠤᠷᠦ᠋ᠢᠳᠠᠪᠠᠯ ᠤᠨᠳᠠᠯᠭ᠎ᠠ ᠪᠠ ᠰᠢᠩᠭᠡᠭᠡᠯᠳᠡ ᠶᠢ ᠨᠦᠯᠦᠭᠡᠯᠡᠵᠦ᠂ ᠮᠠᠷᠢᠶᠠᠯᠠᠬᠤ ᠵᠡᠷᠭᠡ ᠠᠶᠤᠯ ᠢ ᠨᠡᠮᠡᠭᠳᠡᠭᠦᠯᠳᠡᠭ᠃ ᠮᠠᠨ ᠤ ᠤᠯᠤᠰ ᠲᠤ 16 ᠴᠠᠭ ᠲᠤ ᠤᠷᠤᠢ ᠶᠢᠨ ᠬᠤᠭᠤᠯᠠ ᠢᠳᠡᠬᠦ ᠪᠤᠯᠤᠮᠵᠢ ᠦᠭᠡᠢ᠂ 18 ᠴᠠᠭ ᠤᠷᠴᠢᠮ ᠳᠤ ᠢᠳᠡᠪᠡᠯ ᠨᠡᠯᠢᠶᠡᠳ ᠳᠤᠬᠢᠷᠠᠮᠵᠢᠳᠠᠢ᠂ ᠴᠢᠳᠠᠬᠤ ᠶᠢᠨ ᠳᠤᠳᠤᠷ᠎ᠠ 20 ᠴᠠᠭ ᠠᠴᠠ ᠡᠮᠦᠨ᠎ᠠ ᠢᠳᠡᠪᠡᠯ ᠰᠠᠶᠢᠨ᠃ ᠬᠡᠷᠪᠡ ᠴᠠᠭ ᠲᠠᠭᠠᠨ ᠤᠷᠤᠢ ᠶᠢᠨ ᠬᠤᠭᠤᠯᠠ ᠪᠠᠨ ᠢᠳᠡᠵᠦ ᠠᠮᠵᠢᠬᠰᠠᠨ ᠦᠭᠡᠢ ᠪᠤᠯ ᠨᠠᠷᠢᠮᠤ ᠶᠢᠨ ᠵᠦᠢᠯ᠂ ᠪᠤᠷᠴᠠᠭ ᠤᠨ ᠵᠦᠢᠯ᠂ ᠰᠦ ᠶᠢᠨ ᠵᠦᠢᠯ ᠪᠠ ᠵᠢᠮᠢᠰ ᠢᠶᠠᠷ ᠤᠷᠤᠢ ᠶᠢᠨ ᠬᠤᠭᠤᠯᠠ ᠪᠤᠯᠭᠠᠪᠠᠯ ᠠᠮᠠᠷᠬᠠᠨ ᠰᠢᠩᠭᠡᠭᠡᠵᠦ᠂ ᠬᠤᠳᠤᠭᠤᠳᠤ ᠭᠡᠳᠡᠰᠦᠨ ᠳᠤ ᠳᠠᠷᠤᠭᠠᠰᠤ ᠪᠤᠯᠬᠤ ᠦᠭᠡᠢ ᠭᠡᠵᠦ ᠴᠢᠯᠦᠭᠡᠯᠡᠬᠦ ᠴᠡᠷᠢᠭ ᠤᠨ 309 ᠡᠮᠨᠡᠯᠭᠡ ᠶᠢᠨ ᠬᠤᠷᠢᠶᠠᠨ ᠤ ᠰᠢᠮ᠎ᠠ ᠳᠡᠵᠢᠭᠡᠯ ᠤᠨ ᠰᠠᠯᠠᠭᠠᠨ ᠤ ᠡᠷᠭᠢᠯᠡᠭᠴᠢ ᠵᠦᠸᠧ ᠰᠢᠶᠤᠤ ᠰᠢᠶᠠ ᠵᠦᠪᠯᠡᠵᠦ ᠪᠠᠶᠢᠨ᠎ᠠ᠃
       ᠭᠠᠳᠠᠨ᠎ᠠ ᠬᠤᠭᠤᠯᠠᠯᠠᠬᠤ ᠨᠢ ᠴᠦᠭᠡᠨ  ᠤᠨᠴᠠᠭᠠᠢ ᠪᠠᠶᠢᠳᠠᠯ ᠦᠭᠡᠢ ᠪᠤᠯ ᠨᠤᠷᠸᠠᠢ ᠶᠢᠨ ᠬᠦᠮᠦᠰ ᠪᠠᠷᠤᠭᠳᠠᠢ ᠳᠤ ᠭᠠᠳᠠᠨ᠎ᠠ ᠢᠳᠡᠳᠡᠭ ᠦᠭᠡᠢ᠂ ᠭᠠᠳᠠᠨ᠎ᠠ ᠢᠳᠡᠭᠰᠡᠨ ᠴᠤ ᠬᠤᠭᠤᠯᠠ ᠵᠠᠭᠤᠰᠢ ᠳᠤᠩ ᠪᠠᠭ᠎ᠠ ᠠᠪᠳᠠᠭ᠃ ᠳᠡᠳᠡ ᠦᠪᠡᠷᠰᠡᠳ ᠢᠶᠠᠨ ᠬᠤᠭᠤᠯᠠ ᠪᠠᠨ ᠬᠢᠪᠡᠯ ᠶᠠᠭᠤ ᠢᠳᠡᠵᠦ ᠪᠠᠶᠢᠬᠤ ᠪᠠᠨ ᠮᠡᠳᠡᠵᠦ ᠪᠤᠯᠤᠨ᠎ᠠ ᠭᠡᠵᠦ ᠦᠵᠡᠳᠡᠭ᠃ ᠳᠡᠭᠡᠭᠡᠳ ᠬᠡᠷ ᠲᠡᠭᠡᠨ ᠬᠤᠭᠤᠯᠠᠯᠠᠪᠠᠯ ᠳᠠᠶᠢᠪᠤᠩ ᠢᠳᠡᠵᠦ᠂ ᠭᠡᠳᠦᠷᠡᠳᠡᠯ᠎ᠠ ᠢᠳᠡᠵᠤ ᠨᠦᠢᠷ ᠤᠨ ᠠᠷᠠᠯ ᠤᠨ ᠡᠳ᠋ ᠤᠨ ᠱᠦᠭᠦᠷᠡᠯᠳᠡ ᠶᠢᠨ ᠬᠡᠪ ᠤᠨ ᠪᠠᠶᠢᠳᠠᠯ ᠢ ᠠᠯᠳᠠᠭᠳᠠᠭᠤᠯᠬᠤ ᠠᠴᠠ ᠵᠠᠶᠢᠯᠠᠰᠬᠢᠳᠠᠭ᠃  ᠬᠦᠮᠦᠨ ᠪᠦᠬᠦᠨ ᠶᠡᠷᠦᠳᠡᠭᠡᠨ ᠳᠠᠶᠢᠯᠠᠯᠭ᠎ᠠ ᠵᠤᠴᠢᠯᠠᠭ᠎ᠠ ᠪᠠᠨ ᠴᠢᠳᠠᠬᠤ ᠶᠢᠨ ᠳᠤᠳᠤᠷ᠎ᠠ ᠦᠳᠡ ᠳᠤ ᠳᠤᠬᠢᠷᠠᠭᠤᠯᠵᠤ᠂ ᠡᠳᠦᠷ ᠪᠤᠯᠭᠠᠨ ᠴᠠᠭ ᠲᠠᠭᠠᠨ ᠭᠡᠷ ᠲᠡᠭᠡᠨ ᠬᠠᠷᠢᠵᠤ ᠤᠷᠤᠢ ᠶᠢᠨ ᠬᠤᠭᠤᠯᠠ ᠢᠳᠡᠬᠦ ᠪᠠᠷ ᠴᠢᠷᠮᠠᠶᠢᠪᠠᠯ ᠵᠤᠬᠢᠨ᠎ᠠ᠃ ᠭᠡᠷ ᠲᠡᠭᠡᠨ ᠬᠤᠭᠤᠯᠠᠯᠠᠪᠠᠯ ᠰᠢᠮ᠎ᠡ ᠳᠡᠵᠢᠭᠡᠯ ᠢᠶᠠᠨ ᠳᠡᠩᠴᠡᠭᠦᠯᠵᠦ᠂ ᠪᠡᠶ᠎ᠡ ᠶᠢᠨ ᠬᠦᠨᠳᠦ ᠪᠠᠨ ᠬᠢᠵᠠᠭᠠᠷᠯᠠᠵᠤ᠂ ᠤᠵᠢᠬ ᠡᠪᠡᠳᠴᠢᠨ ᠠᠴᠠ ᠰᠡᠷᠭᠡᠶᠢᠯᠡᠬᠦ ᠦᠢᠯᠡᠳᠦᠯ ᠲᠠᠢ ᠭᠡᠳᠡᠭ ᠢ ᠰᠤᠳᠤᠯᠭᠠᠨ ᠳᠤ ᠭᠡᠷᠡᠴᠢᠯᠡᠵᠦ ᠪᠠᠶᠢᠨ᠎ᠠ᠃ ᠭᠡᠷ ᠲᠡᠭᠡᠨ ᠬᠠᠷᠢᠵᠤ ᠬᠤᠭᠤᠯᠠᠯᠠᠬᠤ ᠨᠢ ᠪᠠᠰᠠ ᠬᠡᠦᠬᠡᠳ ᠤᠨ ᠰᠠᠶᠢᠨ ᠰᠠᠶᠢᠬᠠᠨ ᠢᠳᠡᠭᠡᠨ ᠤ ᠳᠠᠳᠬᠠᠯ ᠢ ᠬᠦᠮᠦᠵᠢᠭᠦᠯᠬᠦ ᠳᠤ ᠳᠤᠰᠠ ᠲᠠᠢ᠂ ᠭᠡᠷ ᠪᠦᠯᠢ ᠶᠢᠨ ᠡᠶ᠎ᠡ ᠨᠠᠶᠢᠷ ᠢᠶᠠᠨ ᠵᠤᠵᠠᠭᠠᠳᠬᠠᠤ ᠦᠢᠯᠡᠳᠦᠯ ᠲᠠᠢ᠃ ᠰᠠᠨᠠᠭᠤᠯᠬᠤ ᠴᠢᠬᠤᠯᠠ ᠲᠠᠢ ᠨᠢ᠂ ᠴᠦᠭᠡᠨ ᠪᠤᠰᠤ ᠬᠦᠮᠦᠨ ᠭᠡᠷ ᠲᠡᠭᠡᠨ ᠬᠠᠷᠢᠵᠤ ᠬᠤᠭᠤᠯᠠᠯᠠᠳᠠᠭ ᠪᠤᠯᠪᠠᠴᠤ ᠳᠦᠭᠦᠮ ᠢ ᠪᠤᠳᠤᠵᠤ ᠪᠡᠯᠡᠨ ᠶᠠᠭᠤᠮ᠎ᠠ ᠠᠪᠴᠤ ᠬᠠᠷᠢᠭᠠᠳ ᠢᠳᠡᠳᠡᠭ ᠨᠢ ᠰᠢᠮ᠎ᠡ ᠳᠡᠵᠢᠭᠡᠯ ᠤᠨ ᠳᠡᠩᠴᠡᠭᠦᠷᠢ ᠶᠢ ᠠᠯᠳᠠᠭᠤᠯᠳᠠᠭ᠃ ᠵᠢᠱᠢᠶᠡᠯᠡᠪᠡᠯ ᠤᠯᠠᠩᠭᠢ ᠬᠠᠭᠠᠰ ᠡᠳ᠋ᠰᠢᠭᠦᠯᠦᠭᠰᠡᠨ ᠭᠤᠯᠢᠷ ᠤᠨ ᠢᠳᠡᠭᠡᠨ ᠨᠢ ᠪᠦᠷ ᠴᠠᠷᠳᠠᠭᠤᠯ ᠢᠯᠡᠭᠦᠦ᠂ ᠤᠭᠤᠷᠠᠭ ᠪᠠᠭ᠎ᠠ᠂ ᠸᠢᠲ᠋ᠠᠮᠢᠨ ᠨᠢ ᠡᠳ᠋ᠰᠢᠭᠦᠯᠭᠡ ᠶᠢᠨ ᠶᠠᠪᠤᠴᠠ ᠳᠤ ᠠᠯᠳᠠᠭᠳᠠᠭᠰᠠᠨ ᠪᠠᠶᠢᠳᠠᠭ ᠪᠤᠯᠬᠤᠷ ᠦᠪᠡᠷ ᠢᠶᠠᠨ ᠬᠢᠭᠰᠡᠨ ᠬᠤᠭᠤᠯᠠ ᠶᠢ ᠬᠦᠷᠳᠡᠭ ᠦᠭᠡᠢ︔ ᠬᠦᠯᠳᠡᠭᠡᠭᠰᠡᠨ ᠪᠤᠤᠵᠠ ᠪᠠᠩᠰᠢ ᠴᠤ ᠭᠡᠷᠡᠭᠴᠡᠭᠡ ᠲᠠᠢ ᠰᠢᠮ᠎ᠠ ᠳᠡᠵᠢᠭᠡᠯ ᠢᠶᠠᠷ ᠳᠤᠳᠠᠮᠠᠭ ᠪᠠᠶᠢᠳᠠᠭ ᠭᠡᠵᠦ ᠵᠦᠸᠧ ᠰᠢᠶᠤᠤ ᠰᠢᠶᠠ ᠰᠠᠨᠠᠭᠤᠯᠵᠤ ᠪᠠᠶᠢᠨ᠎ᠠ᠃
      ᠠᠯᠪᠠᠯᠠᠬᠤ ᠴᠠᠭ ᠢᠶᠠᠨ ᠤᠷᠳᠤᠳᠬᠠᠬᠤ ᠦᠭᠡᠢ  ᠶᠠᠭᠠᠷᠠᠤ᠂ ︽ᠠᠵᠢᠯ ᠲᠠᠢ ᠠᠮᠢᠳᠤᠷᠠᠯ ᠦᠭᠡᠢ︾ ᠪᠠᠶᠢᠳᠠᠯ ᠨᠢ ᠨᠢᠭᠡᠨᠳᠡ ᠤᠯᠠᠩᠭᠢ ᠳᠤᠭᠠᠨ ᠤ ᠠᠵᠢᠯ ᠠᠯᠪᠠ ᠲᠠᠢ ᠬᠦᠮᠦᠰ ᠤᠨ ᠤᠷᠤᠰᠢᠨ ᠳᠤᠭᠳᠠᠨᠢᠬᠤ ᠭᠡᠯᠪᠡᠷᠢ ᠪᠤᠯᠵᠠᠢ᠃ ᠨᠤᠷᠸᠠᠶᠢᠴᠤᠳ ᠪᠡᠶ᠎ᠡ ᠰᠡᠳᠭᠢᠯ ᠢᠶᠠᠨ ᠰᠠᠶᠢᠬᠠᠨ ᠠᠮᠠᠷᠠᠭᠤᠯᠬᠤ ᠪᠠ ᠬᠢᠨᠡᠮᠠᠭᠠᠢ ᠠᠵᠢᠯᠯᠠᠬᠤ ᠨᠢ ᠪᠦᠷ ᠴᠢᠬᠤᠯᠠ ᠭᠡᠵᠦ ᠦᠵᠡᠳᠡᠭ᠃ ᠤᠯᠠᠩᠭᠢ ᠪᠠᠶᠢᠭᠤᠯᠤᠯᠭ᠎ᠠ 16 ᠴᠠᠭ ᠠᠴᠠ ᠬᠤᠶᠢᠰᠢ ᠡᠭᠦᠳᠡ ᠪᠠᠨ ᠬᠠᠭᠠᠳᠠᠭ᠂ ᠭᠠᠷᠠᠭ ᠤᠨ ᠰᠡᠭᠦᠯᠴᠢ ᠳᠤ ᠠᠵᠢᠯᠯᠠᠬᠤ ᠶᠠᠪᠤᠳᠠᠯ ᠦᠨᠳᠦᠰᠦᠨ ᠳᠡᠭᠡᠨ ᠭᠠᠷᠳᠠᠭ ᠦᠭᠡᠢ᠃ ᠨᠤᠷᠸᠠᠢ ᠶᠢᠨ ᠬᠠᠤᠯᠢ ᠳᠤ᠂ ᠬᠠᠤᠯᠢ ᠳᠤ ᠳᠤᠭᠳᠠᠭᠠᠭᠰᠠᠨ ᠠᠮᠠᠷᠠᠯᠳᠠ ᠶᠢᠨ ᠡᠳᠦᠷ ᠠᠴᠠ ᠭᠠᠳᠠᠨ᠎ᠠ᠂ ᠬᠦᠯᠦᠰᠦᠯᠡᠭᠴᠢ ᠠᠴᠠ ᠵᠢᠯ ᠪᠤᠯᠭᠠᠨ ᠠᠵᠢᠯᠳᠠᠳ ᠲᠠᠭᠠᠨ 25 ᠡᠳᠦᠷ ᠤᠨ ᠴᠠᠯᠢᠩ ᠲᠠᠢ ᠤᠨ ᠤ ᠠᠮᠠᠷᠠᠯᠳᠠ ᠦᠭᠬᠦ ᠭᠡᠷᠡᠭᠳᠡᠢ ᠭᠡᠵᠦ ᠳᠤᠭᠳᠠᠭᠠᠭᠰᠠᠨ ᠪᠠᠶᠢᠳᠠᠭ᠃ ᠡᠶᠢᠮᠦ ᠠᠴᠠ ᠨᠤᠷᠸᠠᠶᠢᠴᠤᠳ ᠵᠢᠯ ᠪᠤᠯᠭᠠᠨ ᠨᠢᠭᠡ ᠰᠠᠷ᠎ᠠ ᠶᠢᠨ ᠠᠮᠠᠷᠠᠯᠳᠠ ᠲᠠᠢ ᠪᠠᠶᠢᠵᠤ᠂ ᠠᠵᠢᠯ ᠢᠶᠠᠨ ᠤᠷᠭᠢᠭᠠᠳ ᠢᠮᠧᠯ ᠢᠶᠠᠨ ᠴᠤ ᠨᠡᠭᠡᠭᠡᠵᠦ ᠦᠵᠡᠬᠦ ᠭᠡᠷᠡᠭ ᠦᠭᠡᠢ᠂ ᠭᠡᠷ ᠤᠨ ᠬᠦᠮᠦᠰ ᠲᠠᠢ ᠪᠠᠨ᠂ ᠨᠠᠶᠢᠵᠢ ᠨᠦᠬᠦᠳ ᠲᠠᠢ ᠪᠠᠨ ᠰᠡᠯᠡᠭᠦᠴᠡᠨ ᠳᠤᠭᠤᠷᠢᠳᠠᠭ ᠪᠠᠶᠢᠨ᠎ᠠ᠃ ᠠᠩᠭ᠍ᠯᠢ ᠪᠠ ᠰᠧᠧᠳᠧᠨ ᠤ ᠬᠢᠨ ᠤ ᠰᠤᠳᠤᠯᠵᠤ ᠢᠯᠡᠷᠡᠭᠦᠯᠦᠭᠰᠡᠨ ᠢᠶᠠᠷ᠂ ᠠᠮᠠᠷᠠᠯᠳᠠ ᠨᠢ ᠬᠦᠮᠦᠨ ᠤᠷᠮ᠎ᠠ ᠰᠡᠳᠭᠢᠯᠭᠡ ᠶᠢ ᠬᠦᠭᠵᠢᠭᠡᠵᠦ᠂ ᠳᠠᠷᠤᠭᠠᠰᠤ ᠶᠢ ᠳᠠᠶᠢᠯᠳᠠᠭ ᠪᠦᠭᠡᠳ ᠡᠨᠡᠬᠦ ᠰᠠᠶᠢᠨ ᠨᠦᠯᠦᠭᠡᠯᠡᠯ ᠨᠢ ᠬᠤᠶᠠᠷ ᠭᠠᠷᠠᠭ ᠠᠴᠠ ᠬᠡᠳᠦᠨ ᠰᠠᠷ᠎ᠠ ᠦᠷᠭᠦᠯᠵᠢᠯᠡᠳᠡᠭ ᠭᠡᠵᠡᠢ᠃
        ᠭᠡᠷ ᠲᠡᠭᠡᠨ ᠴᠤᠬᠯᠠᠨ᠎ᠠ  ᠨᠤᠷᠸᠠᠶᠢᠴᠤᠳ ᠳᠤᠭᠳᠠᠭᠰᠠᠨ ᠬᠤᠭᠤᠴᠠᠭ᠎ᠠ ᠲᠠᠢ ᠭᠡᠷ ᠲᠡᠭᠡᠨ ᠨᠦᠬᠦᠳ ᠤᠨ ᠴᠤᠭᠯᠠᠭᠠᠨ ᠬᠢᠵᠦ᠂ ᠯᠠ ᠠᠰᠠᠭᠠᠨ᠂ ᠳᠠᠪᠤ ᠭᠤᠷᠪᠠᠭᠤᠯᠠ ᠪᠠᠨ ᠱᠠᠬᠠᠢ ᠪᠠᠨ ᠳᠠᠶᠢᠯᠦᠨ ᠳᠤᠯᠭ᠎ᠠ ᠪᠠᠨ ᠳᠤᠭᠤᠷᠢᠨ ᠰᠠᠭᠤᠵᠠᠭᠠᠵᠤ᠂ ᠰᠠᠳᠭᠢᠯ ᠢᠶᠠᠨ ᠠᠭᠤᠳᠠᠯᠤᠨ ᠶᠠᠷᠢᠯᠴᠠᠵᠤ᠂ ᠳᠠᠩᠰᠤᠭ ᠢᠳᠡᠭᠡᠨ ᠠᠴᠠ ᠠᠮᠳᠠᠯᠠᠨ᠂ ᠠᠮᠢᠳᠤ ᠶᠢᠨ ᠵᠢᠷᠭᠠᠯ ᠨᠦᠭᠦᠷᠯᠡᠯ ᠤᠨ ᠢᠯᠴᠢᠨ ᠳᠤ ᠱᠤᠩᠪᠠᠨ᠎ᠠ᠃ ᠶᠠᠮᠠᠷ ᠰᠠᠶᠢᠬᠠᠨ ᠬᠤᠭᠤᠯᠠᠨ ᠳᠢᠩᠭᠢᠮ ᠴᠤ ᠢᠢᠮᠦ ᠳᠠᠶᠢᠪᠤᠩ ᠴᠢᠯᠦᠭᠡᠳᠡᠢ ᠪᠠᠶᠢᠬᠤ ᠪᠤᠯᠤᠮᠵᠢ ᠦᠭᠡᠢ᠃  ︽ᠴᠠᠭ ᠬᠤᠮᠰᠠ᠂ ᠰᠡᠳᠭᠢᠯ ᠳᠤᠭᠳᠠᠭᠤᠨ ᠦᠭᠡᠢ ᠪᠠᠶᠢᠳᠠᠯ ᠨᠢ ᠤᠳᠤ ᠶᠢᠨ ᠬᠦᠮᠦᠰ ᠤᠨ ᠨᠦᠭᠦᠷᠯᠡᠯ ᠤᠨ ᠰᠠᠶᠢᠬᠠᠨ ᠢ ᠡᠳ᠋ᠯᠡᠬᠦ ᠴᠠᠭ ᠵᠠᠢ ᠶᠢ ᠡᠵᠡᠯᠡᠭᠡᠳ ᠬᠦᠮᠦᠰ ᠪᠦᠷ ᠤᠢᠢᠳᠬᠠᠷ ᠭᠠᠭᠴᠠᠭᠠᠷᠳᠠᠯ ᠳᠤ ᠠᠪᠳᠠᠨ᠂ ᠠᠮᠢᠳᠤᠷᠠᠯ ᠳᠤ ᠨᠠᠵᠠᠭᠠᠢᠢᠷᠠᠨ᠂ ᠮᠠᠭᠤ ᠤᠷᠴᠢᠯ ᠳᠤ ᠤᠷᠢᠶᠠᠭᠳᠠᠨ᠎ᠠ︾᠃ ᠶᠡᠷᠦᠳᠡᠭᠡᠨ ᠭᠠᠭᠴᠠᠭᠠᠷᠳᠠᠯ ᠳᠤ ᠠᠪᠳᠠᠭᠰᠠᠨ ᠬᠦᠮᠦᠨ ᠤ ᠴᠢᠰᠦᠨ ᠳᠠᠷᠤᠯᠳᠠ ᠦᠨᠳᠦᠷ᠂ ᠦᠯᠦ ᠬᠠᠯᠳᠠᠭᠠᠬᠤ ᠴᠢᠳᠠᠪᠤᠷᠢ ᠳᠤᠷᠤᠢ᠂ ᠤᠨᠳᠠᠯᠭ᠎ᠠ ᠪᠠ ᠶᠡᠭᠡ ᠳᠠᠷᠢᠬᠢ ᠨᠢ ᠬᠠᠷᠰᠢᠯᠠᠯ ᠳᠤ ᠤᠴᠠᠷᠠᠳᠠᠭ᠃ ᠨᠠᠶᠢᠵᠢ ᠨᠦᠬᠦᠳ ᠤᠨ ᠰᠠᠶᠢᠨ ᠨᠢ ᠨᠦᠬᠦᠷᠯᠡᠯ ᠤᠨ ᠵᠤᠵᠠᠭᠠᠨ ᠳᠤ ᠪᠠᠶᠢᠳᠠᠭ᠂ ᠬᠠᠷᠢᠨ ᠬᠦᠮᠦᠨ ᠤ ᠤᠯᠠᠨ ᠴᠦᠭᠡᠨ ᠳᠤ ᠪᠠᠶᠢᠳᠠᠭ ᠦᠭᠡᠢ᠂ ᠨᠢᠭᠡ ᠬᠤᠶᠠᠷ ᠰᠡᠳᠭᠢᠯ ᠤᠨ ᠨᠠᠶᠢᠵᠢ ᠲᠠᠢ ᠪᠠᠶᠢᠵᠤ ᠪᠠᠶᠢᠩᠭᠤ ᠠᠭᠤᠯᠵᠠᠨ ᠰᠡᠳᠭᠢᠯ ᠢᠶᠠᠨ ᠠᠭᠤᠳᠠᠯᠵᠤ ᠪᠠᠶᠢᠪᠠᠯ ᠳᠠᠷᠤᠭᠠᠰᠤ ᠶᠢ ᠬᠦᠩᠭᠡᠯᠡᠵᠦ᠂ ᠡᠷᠡᠭᠦᠯ ᠮᠡᠨᠳᠦ ᠳᠤ ᠳᠤᠰᠠ ᠲᠠᠢ ᠪᠠᠶᠢᠳᠠᠭ ᠭᠡᠵᠦ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠡᠳᠭᠢᠴᠡ ᠶᠢᠨ ᠰᠤᠳᠤᠯᠭᠠᠨ ᠤ ᠭᠠᠵᠠᠷ ᠤᠨ ᠵᠤᠬᠢᠶᠠᠨ ᠪᠠᠶᠢᠭᠤᠯᠤᠯᠳᠠ ᠪᠠ ᠠᠵᠢᠯᠳᠠᠨ ᠤ ᠠᠬᠢᠭᠤᠯᠤᠯᠳᠠ ᠶᠢᠨ ᠳᠦᠪ ᠤᠨ ᠰᠢᠯᠭᠠᠨ ᠦᠨᠡᠯᠡᠬᠦ ᠭᠡᠯᠳᠡᠰ ᠤᠨ ᠡᠷᠭᠢᠯᠡᠭᠴᠢ ᠰᠢᠶᠤᠤ ᠵᠧᠩ ᠢᠦᠢ ᠶᠠᠷᠢᠵᠤ ᠪᠠᠶᠢᠨ᠎ᠠ᠃
      ᠪᠤᠷᠤᠭᠠᠨ ᠲᠠᠢ ᠪᠤᠯᠪᠠᠴᠤ ᠳᠠᠮᠢᠷ ᠲᠠᠭᠠᠨ ᠭᠠᠷᠤᠨ᠎ᠠ  ᠨᠤᠷᠸᠠᠢ ᠶᠢᠨ ᠴᠠᠰᠤ ᠪᠤᠷᠤᠭ᠎ᠠ ᠲᠠᠢ ᠡᠳᠦᠷ ᠤᠯᠠᠨ᠂ ᠡᠨᠡ ᠨᠢ ᠬᠦᠮᠦᠰ ᠤᠨ ᠳᠠᠮᠢᠷ ᠤᠨ ᠬᠦᠳᠡᠯᠭᠡᠭᠡᠨ ᠬᠢᠬᠦ ᠬᠠᠯᠠᠭᠤᠨ ᠰᠡᠳᠭᠢᠯ ᠢ ᠬᠦᠷᠦᠭᠡᠵᠦ ᠳᠡᠶᠢᠯᠳᠡᠭ ᠦᠭᠡᠢ᠃ ᠨᠤᠷᠸᠠᠢ ᠶᠢᠨ ᠪᠡᠶ᠎ᠡ ᠴᠢᠬᠢᠷᠠᠬᠵᠢᠭᠤᠯᠬᠤ ᠳᠠᠯᠠᠪᠤᠷ ᠨᠢ ᠶᠡᠷᠦᠳᠡᠭᠡᠨ ᠬᠦᠮᠦᠨ ᠴᠦᠭᠡᠨ ᠲᠠᠢ ᠪᠠᠶᠢᠳᠠᠭ᠂ ᠤᠴᠢᠷ ᠨᠢ ᠪᠤᠷᠤᠭᠠᠨ ᠴᠠᠰᠤ ᠬᠦᠢᠳᠡᠨ ᠬᠠᠯᠠᠭᠤᠨ ᠢ ᠬᠠᠮᠢᠶᠠᠷᠤᠯ ᠦᠭᠡᠢ ᠬᠦᠮᠦᠰ ᠪᠦᠷ ᠭᠠᠳᠠᠭ᠎ᠠ ᠭᠠᠷᠴᠤ ᠬᠦᠶᠦᠵᠦ ᠠᠯᠬᠤᠬᠤ ᠳᠤᠷᠠᠳᠠᠢ ᠪᠠᠶᠢᠳᠠᠭ᠃ ᠭᠡᠷ ᠤᠨ ᠭᠠᠳᠠᠨᠠᠬᠢ ᠤᠷᠴᠢᠨ ᠳᠤᠭᠤᠷᠢᠨ ᠪᠡᠶ᠎ᠡ ᠰᠡᠳᠭᠢᠯ ᠤᠨ ᠡᠷᠡᠭᠦᠯ ᠮᠡᠨᠳᠦ ᠳᠤ ᠳᠤᠰᠠ ᠲᠠᠢ᠂ ᠬᠦᠢᠳᠡᠨ ᠨᠢ ᠪᠡᠶ᠎ᠡ ᠶᠢᠨ ᠢᠯᠴᠢ ᠡᠨᠧᠷᠭᠢ ᠶᠢᠨ ᠬᠡᠮᠵᠢᠶ᠎ᠠ ᠶᠢ ᠪᠠᠭᠤᠷᠠᠭᠤᠯᠳᠠᠭ᠂ ᠵᠢᠷᠦᠭᠡ ᠬᠦᠮᠦᠨ ᠤ ᠪᠦᠬᠦ ᠪᠡᠶ᠎ᠡ ᠳᠤ ᠴᠢᠰᠦ ᠬᠦᠷᠭᠡᠬᠦ ᠭᠡᠵᠦ ᠴᠢᠷᠮᠠᠶᠢᠬᠰᠠᠭᠠᠷ ᠪᠠᠶᠢᠵᠤ ᠦᠪᠡᠷ ᠢᠶᠠᠨ ᠴᠢᠬᠢᠷᠠᠬᠵᠢᠳᠠᠭ᠂ ᠦᠯᠦ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠳᠡᠭ ᠭᠡᠵᠦ ᠨᠤᠷᠸᠠᠶᠢᠴᠤᠳ ᠦᠵᠡᠳᠡᠭ᠃    ᠰᠠᠨᠠᠭᠤᠯᠬᠤ ᠨᠢ᠂ ᠬᠡᠦᠬᠡᠳ ᠨᠠᠰᠤᠳᠠᠶᠢᠴᠤᠳ ᠵᠡᠷᠭᠡ ᠤᠨᠴᠠᠭᠠᠢ ᠬᠦᠮᠦᠰ ᠭᠠᠳᠠᠭ᠎ᠠ ᠭᠠᠷᠴᠤ ᠬᠦᠳᠡᠯᠭᠡᠭᠡᠨ ᠬᠢᠬᠦ ᠳᠡᠭᠡᠨ ᠴᠠᠭ ᠠᠭᠤᠷ ᠤᠨ ᠪᠠᠶᠢᠳᠠᠯ ᠢ ᠠᠩᠬᠠᠷᠴᠤ᠂ ᠳᠤᠯᠠᠭᠠᠯᠠᠭ᠎ᠠ ᠵᠡᠷᠭᠡ ᠰᠡᠷᠭᠡᠶᠢᠯᠡᠯᠳᠡ ᠶᠢᠨ ᠠᠷᠭ᠎ᠠ ᠬᠡᠮᠵᠢᠶ᠎ᠠ ᠠᠪᠬᠤ ᠬᠡᠷᠡᠭᠳᠡᠢ᠃ ᠮᠠᠨ ᠤ ᠬᠢᠨ ᠳᠤ ᠦᠷᠭᠦᠯᠵᠢ ᠢᠯᠡᠷᠡᠳᠡᠭ ᠪᠤᠬᠢᠷ ᠮᠠᠨᠠᠨ ᠲᠠᠢ ᠪᠤᠶᠤ ᠡᠯᠡᠰᠦ ᠳᠤᠭᠤᠰᠤ ᠳᠡᠭᠳᠡᠭᠰᠡᠨ ᠡᠳᠦᠷ ᠭᠠᠳᠠᠨ᠎ᠠ ᠭᠠᠷᠴᠤ ᠬᠦᠳᠡᠯᠭᠡᠭᠡᠨ ᠬᠢᠬᠦ ᠦᠭᠡᠢ ᠨᠢ ᠳᠡᠭᠡᠷ᠎ᠡ᠂ ᠡᠷᠡᠭᠦᠯ ᠮᠡᠨᠳᠦ ᠳᠤ ᠮᠠᠭᠤ᠃
       ᠳᠦᠭᠦᠭᠡᠢ ᠵᠢᠭᠠᠰᠤ ᠢᠳᠡᠬᠦ ᠳᠤᠷᠠᠳᠠᠢ  ᠨᠤᠷᠸᠠᠢ ᠤᠰᠤᠨ ᠭᠠᠷᠤᠯᠳᠠ ᠶᠢᠨ ᠡᠬᠢ ᠪᠠᠶᠠᠯᠢᠬ ᠢᠶᠠᠷ ᠪᠠᠶᠠᠨ᠂ ᠪᠠᠷᠤᠭ ᠬᠤᠭᠤᠯᠠ ᠪᠤᠯᠭᠠᠨ ᠳᠤ ᠵᠢᠭᠠᠰᠤ ᠪᠠᠶᠢᠳᠠᠭ᠂ ᠪᠢᠳᠡᠭᠦᠨ ᠤ ᠬᠤᠭᠤᠯᠠᠨ ᠳᠠᠭᠠᠨ ᠴᠤ ᠰᠢᠷ᠎ᠠ ᠳᠤᠰᠤ᠂ ᠰᠢᠨ᠎ᠠ ᠰᠤᠷᠭᠤᠭ ᠨᠢᠮᠪᠡᠭᠡ ᠶᠢᠨ ᠰᠢᠭᠦᠰᠦ ᠪᠠᠷ ᠬᠠᠴᠢᠷᠯᠠᠭᠰᠠᠨ ᠳᠠᠪᠬ᠎ᠠ ᠵᠢᠭᠠᠰᠤ ᠭᠠᠷᠭᠠᠭᠰᠠᠨ ᠪᠠᠶᠢᠳᠠᠭ ᠠᠵᠢ᠃ ᠡᠳᠡᠨ ᠤ ᠢᠳᠡᠳᠡᠭ ᠵᠢᠭᠠᠰᠤ ᠨᠢ ᠪᠠᠷᠤᠭ ᠪᠦᠷ ᠦᠪᠡᠷᠰᠡᠳ ᠢᠶᠠᠨ ᠨᠠᠭᠤᠷ ᠪᠤᠶᠤ ᠳᠠᠯᠠᠢ ᠠᠴᠠ ᠭᠦᠬᠢᠳᠡᠭᠰᠡᠨ ᠵᠡᠷᠯᠢᠭ ᠵᠢᠭᠠᠰᠤ ᠪᠠᠶᠢᠵᠤ᠂ ᠳᠡᠵᠢᠭᠡᠪᠦᠷᠢ ᠵᠢᠭᠠᠰᠤ ᠨᠢ ᠴᠤ ᠪᠦᠷ ᠪᠠᠶᠢᠭᠠᠯᠢᠯᠢᠬ ᠢᠶᠠᠷ ᠢᠶᠠᠨ ᠪᠦᠲᠦᠭᠦᠷᠡᠵᠦ ᠳᠤᠮᠤᠷᠠᠭᠰᠠᠨ ᠪᠠᠶᠢᠳᠠᠭ᠃ ᠳᠠᠯᠠᠢ ᠶᠢᠨ ᠤᠰᠤ ᠬᠦᠢᠳᠡᠨ ᠪᠤᠯᠬᠤᠷ ᠵᠢᠭᠠᠰᠤᠨ ᠤ ᠮᠢᠬ᠎ᠠ ᠨᠢ ᠨᠢᠬᠳᠠ ᠴᠢᠬᠢᠷᠠᠭ ᠪᠠᠶᠢᠳᠠᠭ᠂ ᠤᠨᠴᠠᠭᠠᠢᠢᠯᠠᠨ ᠳᠠᠪᠬ᠎ᠠ ᠵᠢᠭᠠᠰᠤᠨ ᠤ ᠮᠢᠬᠠᠨ ᠳᠤ ᠤᠮᠧᠭ᠎ᠠ 3 ᠦᠭᠡᠭᠦᠨ ᠬᠦᠴᠢᠯ ᠡᠯᠪᠡᠭ ᠠᠭᠤᠯᠵᠤ᠂ ᠰᠢᠮ᠎ᠠ ᠳᠡᠭᠦᠰ ᠪᠠᠶᠢᠵᠤ᠂ ᠵᠢᠷᠦᠭᠡ ᠴᠢᠰᠦᠨ ᠰᠤᠳᠠᠯ ᠤᠨ ᠡᠷᠡᠭᠦᠯ ᠮᠡᠨᠳᠦ᠂ ᠦᠷᠪᠢᠰᠦᠯ ᠡᠭᠦᠰᠬᠦ ᠠᠴᠠ ᠰᠡᠷᠭᠡᠶᠢᠯᠡᠬᠦ ᠳᠤ ᠪᠦᠷ ᠳᠤᠩ ᠰᠠᠶᠢᠨ ᠦᠢᠯᠡᠳᠦᠯ ᠲᠠᠢ ᠪᠠᠶᠢᠳᠠᠭ᠃ ᠳᠤᠮᠳᠠᠳᠤ ᠤᠯᠤᠰ ᠤᠨ ᠬᠦᠮᠦᠨ ᠤ ᠡᠳᠦᠷ ᠪᠤᠯᠭᠠᠨ ᠤ ᠵᠢᠭᠠᠰᠤ ᠰᠠᠮ ᠢᠳᠡᠬᠦ ᠬᠡᠮᠵᠢᠶ᠎ᠠ ᠨᠢ ᠵᠦᠳᠡᠭᠦᠦ 23.7 ᠭᠷᠡᠮ ᠪᠠᠶᠢᠵᠤ᠂ 40 — 75 ᠭᠷᠡᠮ ᠢᠳᠡᠬᠦ ᠡᠷᠡᠭᠦᠯ ᠮᠨᠨᠳᠦ ᠶᠢᠨ ᠵᠦᠪᠯᠡᠯᠭᠡ ᠶᠢᠨ ᠬᠡᠮᠵᠢᠶᠡᠨ ᠠᠴᠠ ᠬᠤᠯᠠ ᠳᠤᠤᠷ᠎ᠠ ᠪᠠᠶᠢᠨ᠎ᠠ᠃ ᠭᠠᠷᠠᠭ ᠲᠤ 2 — 3 ᠤᠳᠠᠭ᠎ᠠ ᠳᠠᠪᠬ᠎ᠠ᠂ ᠴᠢᠯᠠᠭᠤᠨ ᠳᠡᠭᠳᠡᠭᠡ ᠵᠡᠷᠭᠡ ᠵᠢᠭᠠᠰᠤ ᠢᠳᠡᠪᠡᠯ ᠰᠠᠶᠢᠨ ᠭᠡᠵᠦ ᠵᠦᠸᠧ ᠰᠢᠶᠤᠤ ᠰᠢᠶᠠ ᠰᠠᠨᠠᠭᠤᠯᠵᠤ ᠪᠠᠶᠢᠨ᠎ᠠ᠃
       ᠵᠦᠭᠡᠢ ᠶᠢᠨ ᠪᠠᠯ ᠳᠤ ᠰᠢᠬᠢᠷ ᠬᠤᠯᠢᠳᠠᠭ ᠦᠭᠡᠢ  ᠵᠠᠬ᠎ᠠ ᠳᠡᠯᠭᠡᠭᠦᠷ ᠳᠡᠭᠡᠷᠡᠬᠢ ᠤᠯᠠᠩᠭᠢ ᠵᠦᠭᠡᠢ ᠶᠢᠨ ᠪᠠᠯ ᠤᠨ ᠪᠦᠲᠦᠭᠡᠭᠳᠡᠭᠦᠨ ᠳᠤ ᠰᠢᠬᠢᠷ ᠤᠨ ᠠᠮᠳᠠ ᠤᠷᠤᠭᠤᠯᠤᠭᠴᠢ ᠭᠡᠬᠦᠴᠢᠯᠡᠨ ᠤᠯᠠᠨ ᠵᠦᠢᠯ ᠤᠨ ᠨᠡᠮᠡᠯᠳᠡ ᠡᠳ᠋ ᠬᠤᠯᠢᠬᠰᠠᠨ ᠪᠠᠶᠢᠳᠠᠭ᠃ ᠨᠤᠷᠸᠠᠶᠢᠴᠤᠳ ᠵᠦᠭᠡᠢ ᠳᠡᠵᠢᠭᠡᠬᠦ ᠳᠠᠯᠠᠪᠠᠢ ᠠᠴᠠ ᠴᠡᠪᠡᠷ ᠪᠠᠯ ᠠᠪᠴᠤ ᠢᠳᠡᠬᠦ ᠳᠤᠷᠠᠳᠠᠢ ᠪᠠᠶᠢᠳᠠᠭ᠂ ᠳᠡᠷᠡ ᠨᠢ ᠪᠠᠶᠢᠭᠠᠯᠢ ᠶᠢᠨ ᠰᠢᠮ᠎ᠡ ᠳᠡᠵᠢᠭᠡᠯ ᠢᠶᠠᠨ ᠬᠠᠳᠠᠭᠠᠯᠠᠵᠤ ᠪᠠᠶᠢᠳᠠᠭ᠃  ᠰᠠᠨᠠᠭᠤᠯᠬᠤ ᠨᠢ᠂ ᠵᠦᠭᠡᠢ ᠳᠡᠵᠢᠭᠡᠬᠦ ᠳᠠᠯᠠᠪᠠᠢ ᠠᠴᠠ ᠪᠠᠯ ᠠᠪᠬᠤ ᠳᠤ ᠦᠭᠦᠭᠰᠡᠨ ᠵᠦᠭᠡᠢ᠂ ᠡᠪᠡᠰᠦ᠂ ᠳᠤᠭᠤᠰᠤ ᠵᠡᠷᠭᠡ ᠶᠠᠭᠤᠮ᠎ᠠ ᠬᠤᠯᠢᠯᠳᠤᠭᠰᠠᠨ ᠪᠠᠶᠢᠵᠤ ᠮᠡᠳᠡᠨ᠎ᠠ᠂ ᠡᠶᠢᠮᠦ ᠠᠴᠠ ᠴᠡᠪᠡᠷᠯᠡᠵᠦ ᠪᠠᠺᠲ᠋ᠧᠷᠢ ᠶᠢ ᠠᠯᠠᠭᠰᠠᠨ ᠤ ᠳᠠᠷᠠᠭ᠎ᠠ ᠢᠳᠡᠪᠡᠯ ᠵᠤᠬᠢᠨ᠎ᠠ᠃
      ᠨᠢᠮᠭᠡᠨ ᠪᠢᠩᠭᠠᠨ ᠢᠶᠠᠨ ᠢᠳᠡᠬᠦ ᠳᠤᠷᠠᠳᠠᠢ  ᠨᠤᠷᠸᠠᠶᠢᠴᠤᠳ ᠤᠨ ᠨᠢᠮᠭᠡᠨ ᠪᠢᠩᠭᠠᠨ ᠨᠢ ᠬᠠᠷ᠎ᠠ ᠪᠤᠭᠤᠳᠠᠢ ᠵᠡᠷᠭᠡ ᠪᠠᠷ ᠡᠳ᠋ᠰᠢᠭᠦᠯᠦᠭᠰᠡᠨ ᠨᠢᠭᠡ ᠵᠦᠢᠯ ᠤᠨ ᠪᠢᠩᠭᠠᠨ ᠪᠠᠶᠢᠵᠤ᠂ ᠨᠡᠭᠦᠷᠡᠰᠦ ᠤᠰᠤᠨ ᠤ ᠨᠢᠭᠡᠳᠪᠦᠷᠢ ᠶᠢᠨ ᠠᠭᠤᠯᠤᠭᠳᠠᠴᠠ ᠨᠢ ᠤᠯᠠᠮᠵᠢᠯᠠᠯᠳᠤ ᠳᠠᠯᠬ᠎ᠠ ᠠᠴᠠ 60% ᠤᠷᠴᠢᠮ ᠳᠤᠤᠷ᠎ᠠ ᠪᠠᠶᠢᠵᠤ᠂ ᠢᠳᠡᠭᠡᠨ ᠤ ᠰᠢᠷᠭᠡᠭᠯᠢᠭ ᠡᠯᠪᠡᠭ ᠠᠭᠤᠯᠵᠤ᠂ ᠢᠯᠴᠢ ᠰᠢᠩᠭᠡᠭᠡᠬᠦ ᠶᠢ ᠬᠤᠷᠢᠬᠯᠠᠬᠤ ᠳᠤ ᠳᠤᠰᠠ ᠲᠠᠢ ᠪᠠᠶᠢᠳᠠᠭ᠃ ᠳᠤᠮᠳᠠᠳᠤ ᠤᠯᠤᠰ ᠤᠨ ᠬᠦᠮᠦᠨ ᠴᠠᠭᠠᠨ ᠪᠤᠳᠠᠭ᠎ᠠ᠂ ᠴᠠᠭᠠᠨ ᠭᠤᠯᠢᠷ ᠢᠳᠡᠬᠦ ᠳᠤᠷᠠᠳᠠᠢ ᠪᠠᠶᠢᠳᠠᠭ᠂ ᠤᠳᠤ ᠶᠢᠨ ᠦᠢᠯᠡᠳᠪᠦᠷᠢᠯᠡᠯ ᠤᠨ ᠤᠷ᠎ᠡ ᠮᠡᠷᠭᠡᠰᠢᠯ ᠨᠢ ᠳᠠᠪᠰᠢᠭᠠᠳ ᠳᠤᠳᠤᠷᠭ᠎ᠠ ᠪᠤᠭᠤᠳᠠᠢ ᠪᠠᠨ ᠪᠦᠷ ᠳᠤᠩ ᠨᠠᠷᠢᠯᠢᠬ ᠪᠤᠯᠪᠠᠰᠤᠷᠠᠭᠤᠯᠵᠤ᠂ ᠦᠨᠦᠷ ᠠᠮᠳᠠ ᠨᠢ ᠰᠤᠳᠤᠨ ᠪᠠᠶᠢᠳᠠᠭ᠂ ᠭᠡᠬᠦ ᠳᠡᠭᠡᠨ ᠢᠳᠡᠭᠡᠨ ᠤ ᠰᠢᠷᠭᠡᠭᠯᠢᠭ ᠨᠢ ᠶᠡᠬᠡᠪᠡᠷ ᠠᠯᠳᠠᠭᠳᠠᠳᠠᠭ᠃ ᠪᠢᠳᠠ ᠨᠤᠷᠸᠠᠢ ᠶᠢᠨ ᠨᠢᠮᠭᠡᠨ ᠪᠢᠩᠭᠠᠨ ᠢ ᠦᠷᠭᠦᠯᠵᠢ ᠢᠳᠡᠬᠦ ᠪᠤᠯᠤᠮᠵᠢ ᠦᠭᠡᠢ ᠴᠤ ᠴᠠᠭᠠᠨ ᠪᠤᠳᠠᠭ᠎ᠠ᠂ ᠴᠠᠭᠠᠨ ᠭᠤᠯᠢᠷ ᠲᠠᠢ ᠪᠠᠨ ᠵᠡᠷᠭᠡᠴᠡᠭᠦᠯᠦᠨ ᠡᠷᠳᠡᠨᠢ ᠰᠢᠰᠢ᠂ ᠠᠮᠳᠠᠳᠤ ᠳᠦᠮᠦᠰᠦ᠂ ᠰᠠᠭᠠᠭ ᠤᠨ ᠭᠤᠯᠢᠷ᠂ ᠪᠤᠷᠴᠠᠭ ᠤᠨ ᠵᠦᠢᠯ ᠢ ᠢᠳᠡᠵᠦ ᠢᠳᠡᠭᠡᠨ ᠤ ᠰᠢᠷᠭᠡᠭᠯᠢᠭ ᠢ ᠨᠦᠬᠦᠵᠦ ᠪᠤᠯᠤᠨ᠎ᠠ᠃ ︽ ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠦᠭᠯᠡᠭᠦᠷ︾᠎ ᠲᠤ᠂ ᠡᠩ ᠤᠨ ᠬᠦᠮᠦᠰ ᠡᠳᠦᠷ ᠲᠤ ᠨᠠᠷᠢᠮᠤ ᠳᠦᠮᠦᠰᠦᠨ ᠤ ᠵᠦᠢᠯ ᠢ 250 — 400 ᠭᠷᠡᠮ᠂ ᠡᠭᠦᠨ ᠳᠤ ᠴᠡᠪᠡᠷ ᠨᠠᠷᠢᠮᠤ ᠪᠠ ᠬᠤᠯᠢᠮᠠᠭ ᠪᠤᠷᠴᠠᠭ ᠤᠨ ᠵᠦᠢᠯ 50 — 150 ᠭᠷᠡᠮ᠂ ᠳᠦᠮᠦᠰᠦᠨ ᠤ ᠵᠦᠢᠯ 50 — 100 ᠭᠷᠡᠮ ᠢ ᠰᠢᠩᠭᠡᠭᠡᠨ ᠠᠪᠤᠪᠠᠯ ᠵᠤᠬᠢᠨ᠎ᠠ ᠭᠡᠵᠦ ᠱᠠᠭᠠᠷᠳᠠᠭᠰᠠᠨ ᠪᠠᠶᠢᠨ᠎ᠠ᠃
      ᠡᠬᠡ ᠪᠠᠶᠢᠭᠠᠯᠢ ᠳᠠᠭᠠᠨ ᠡᠭᠡᠨᠢᠭᠰᠢᠨ᠎ᠠ  ᠨᠤᠷᠸᠠᠶᠢᠴᠤᠳ ᠭᠡᠭᠡᠷ᠎ᠡ ᠭᠠᠳᠠᠭ᠎ᠠ ᠶᠠᠪᠤᠬᠤ ᠳᠤᠷᠠᠳᠠᠢ᠂ ᠵᠢᠱᠢᠶᠡᠯᠡᠪᠡᠯ ᠤᠢ ᠰᠢᠭᠤᠢ ᠳᠤ ᠤᠷᠤᠵᠤ ᠵᠡᠷᠯᠢᠭ ᠵᠢᠮᠢᠰ᠂ ᠮᠦᠭᠦ ᠪᠠ ᠭᠡᠭᠡᠷ᠎ᠡ ᠶᠢᠨ ᠴᠡᠴᠡᠭ ᠳᠡᠭᠦᠬᠦ᠂ ᠵᠢᠭᠠᠰᠤ ᠭᠦᠬᠢᠳᠠᠬᠦ᠂ ᠤᠰᠤᠨ ᠳᠤ ᠤᠮᠪᠠᠭ᠋ᠤ᠂ ᠮᠤᠳᠤᠨ ᠵᠡᠪᠢ ᠰᠡᠯᠢᠭᠦ᠂ ᠮᠤᠷᠢ ᠤᠨᠤᠵᠤ ᠳᠠᠪᠬᠢᠬᠤ ᠳᠤᠷᠠᠳᠠᠢ ᠪᠠᠶᠢᠳᠠᠭ᠃ ᠡᠬᠡ ᠪᠠᠶᠢᠭᠠᠯᠢ ᠲᠠᠢ ᠪᠠᠨ ᠦᠷᠭᠦᠯᠵᠢ ᠬᠠᠷᠢᠴᠠᠵᠤ ᠪᠠᠶᠢᠳᠠᠭ ᠢᠶᠠᠷ ᠨᠤᠷᠸᠠᠶᠢᠴᠤᠳ ᠨᠠᠮᠵᠢᠭᠤᠨ ᠳᠤᠭᠳᠠᠭᠤᠨ ᠤ ᠳᠤᠮᠳᠠ ᠪᠡᠶ᠎ᠡ ᠰᠡᠳᠭᠢᠯ ᠢᠶᠠᠨ ᠠᠮᠠᠷᠠᠭᠤᠯᠵᠤ ᠴᠢᠳᠠᠳᠠᠭ ᠪᠠᠶᠢᠨ᠎ᠠ᠃ ᠠᠯᠢ ᠤᠯᠠᠨ ᠰᠤᠳᠤᠯᠭᠠᠨ ᠠᠴᠠ ᠦᠵᠡᠬᠦ ᠳᠤ᠂ ᠡᠬᠡ ᠪᠠᠶᠢᠭᠠᠯᠢ ᠳᠠᠭᠠᠨ ᠬᠠᠷᠢᠬᠤ ᠨᠢ ᠳᠠᠷᠤᠭᠠᠰᠤ ᠶᠢ ᠬᠦᠩᠭᠡᠷᠡᠭᠦᠯᠵᠦ᠂ ᠤᠨᠳᠠᠯᠭ᠎ᠠ ᠶᠢᠨ ᠴᠢᠨᠠᠷ ᠢ ᠰᠠᠶᠢᠵᠢᠷᠠᠭᠤᠯᠵᠤ᠂ ᠪᠡᠶ᠎ᠡ ᠳᠡᠭᠡᠨ ᠢᠳᠡᠭᠡᠯ ᠲᠠᠢ᠂ ᠠᠮᠢᠳᠤᠷᠠᠯ ᠳᠠᠭᠠᠨ ᠰᠡᠳᠭᠢᠯ ᠳᠦᠭᠦᠷᠡᠩ ᠪᠠᠶᠢᠬᠤ ᠰᠡᠳᠭᠢᠯᠭᠡ ᠶᠢ ᠳᠡᠭᠡᠭᠰᠢᠯᠡᠭᠦᠯᠵᠦ᠂ ᠶᠠᠯ᠎ᠠ ᠬᠢᠬᠦ ᠨᠤᠷᠮ᠎ᠠ ᠶᠢ ᠳᠤᠷᠤᠭᠰᠢᠯᠠᠭᠤᠯᠳᠠᠭ᠃ ᠡᠶᠢᠮᠦ ᠠᠴᠠ ᠭᠠᠷᠠᠭ ᠤᠨ ᠰᠡᠭᠦᠯᠴᠢ ᠪᠤᠶᠤ ᠠᠮᠠᠷᠠᠯᠳᠠ ᠶᠢᠨ ᠡᠳᠦᠷ ᠲᠡᠭᠡᠨ ᠡᠬᠡ ᠪᠠᠶᠢᠭᠠᠯᠢ ᠶᠢᠨ ᠳᠤᠮᠳᠠ ᠤᠴᠢᠵᠤ᠂ ᠴᠡᠩᠭᠡᠭ ᠠᠭᠠᠷ ᠠᠮᠢᠰᠬᠤᠨ ᠬᠤᠯᠠ ᠶᠢ ᠬᠠᠷᠠᠨ ᠪᠡᠶ᠎ᠡ ᠰᠡᠳᠭᠢᠯ ᠢᠶᠠᠨ ᠬᠤᠳᠠ ᠶᠢᠨ ᠳᠤᠭᠤᠰᠤ ᠳᠤᠷᠳᠤᠭ ᠪᠠ ᠴᠢᠬᠤᠯᠳᠠᠯ ᠠᠴᠠ ᠴᠢᠯᠦᠭᠡᠯᠡᠵᠦ ᠪᠤᠯᠤᠨ᠎ᠠ᠃
       ᠬᠢᠮᠢ ᠶᠢᠨ ᠪᠦᠳᠦᠭᠡᠭᠳᠡᠭᠦᠨ ᠢ ᠪᠠᠭ᠎ᠠ ᠬᠡᠷᠡᠭᠯᠡᠨ᠎ᠠ  ᠨᠤᠷᠸᠠᠶᠢᠴᠤᠳ ᠡᠬᠡ ᠪᠠᠶᠢᠭᠠᠯᠢ ᠲᠠᠢ ᠪᠠᠨ ᠡᠭᠡᠨᠢᠭᠰᠢᠨ᠂ ᠡᠬᠡ ᠪᠠᠶᠢᠭᠠᠯᠢ ᠠᠴᠠ ᠤᠶᠤᠨ ᠤᠬᠠᠭᠠᠨ ᠤ ᠰᠢᠮ᠎ᠠ ᠬᠦᠷᠳᠡᠳᠡᠭ᠃ ᠳᠡᠳᠡ ᠠᠮᠢᠳᠤᠷᠠᠯ ᠳᠤᠮᠳᠠ ᠡᠬᠡ ᠪᠠᠶᠢᠭᠠᠯᠢ ᠠᠴᠠ ᠤᠯᠵᠤ ᠠᠪᠬᠤ ᠦᠭᠡᠢ ᠵᠦᠢᠯ ᠦᠭᠡᠢ ᠭᠡᠵᠦ ᠦᠵᠡᠳᠡᠭ᠂ ᠤᠬᠢᠶᠠᠯᠭ᠎ᠠ ᠶᠢᠨ ᠡᠳ᠋ ᠵᠡᠷᠭᠡ ᠶᠢᠨ ᠬᠢᠮᠢ ᠶᠢᠨ ᠪᠦᠲᠦᠭᠡᠭᠳᠡᠭᠦᠨ ᠢ ᠴᠤ ᠡᠬᠡ ᠪᠠᠶᠢᠭᠠᠯᠢ ᠠᠴᠠ ᠶᠠᠭᠤ ᠨᠢᠭᠡ ᠶᠢ ᠤᠯᠵᠤ ᠤᠷᠤᠯᠠᠭᠤᠯᠵᠤ ᠪᠤᠯᠤᠨ᠎ᠠ ᠭᠡᠵᠦ ᠦᠵᠡᠳᠡᠭ᠃ ᠳᠤᠭᠤᠭ᠎ᠠ ᠰᠢᠨᠠᠭ᠎ᠠ ᠤᠬᠢᠶᠠᠬᠤ ᠡᠳ᠋᠂ ᠬᠤᠪᠴᠠᠰᠤ ᠤᠭᠢᠶᠠᠬᠤ ᠡᠳ᠋ ᠵᠡᠷᠭᠡ ᠨᠢ ᠭᠭᠢᠷ ᠪᠤᠷᠳᠤᠭ ᠢ ᠳᠤᠩ ᠠᠮᠠᠷᠬᠠᠨ ᠴᠡᠪᠡᠷᠯᠡᠵᠦ ᠳᠡᠶᠢᠯᠳᠡᠭ ᠴᠤ ᠳᠡᠭᠦᠨ ᠳᠤ ᠠᠭᠤᠯᠳᠠᠭ ᠠᠯᠢ ᠤᠯᠠᠨ ᠬᠢᠮᠢ ᠶᠢᠨ ᠬᠤᠤᠷᠠᠳᠤ ᠪᠤᠳᠠᠰ ᠨᠢ ᠠᠷᠠᠰᠤ᠂ ᠨᠢᠳᠤᠨ ᠳᠤ ᠰᠡᠳᠡᠯᠳᠡ ᠦᠭᠳᠡᠭ ᠢᠶᠠᠷ ᠪᠠᠷᠠᠬᠤ ᠦᠭᠡᠢ᠂ ᠦᠮᠡᠨ ᠡᠭᠦᠰᠭᠡᠬᠦ ᠠᠶᠤᠯ ᠲᠠᠢ ᠪᠠᠶᠢᠳᠠᠭ᠃ ᠡᠶᠢᠮᠦ ᠠᠴᠠ ᠳᠡᠭᠦᠨ ᠢ ᠤᠷᠤᠯᠠᠬᠤ ᠵᠦᠢᠯ ᠢ ᠨᠤᠷᠸᠠᠶᠢᠴᠤᠳ ᠤᠯᠵᠤ ᠠᠪᠴᠠᠢ᠃ ᠼᠦ ᠪᠠ ᠨᠢᠮᠪᠡᠭᠡ ᠶᠢᠨ ᠰᠢᠭᠦᠰᠦ ᠪᠤᠯ ᠤᠬᠢᠶᠠᠯᠠᠭ᠎ᠠ ᠶᠢᠨ ᠡᠳ᠋ ᠢ ᠤᠷᠤᠯᠠᠬᠤ ᠰᠠᠶᠢᠨ ᠶᠠᠭᠤᠮ᠎ᠠ ᠪᠤᠯᠤᠨ᠎ᠠ᠂ ᠤᠰᠤᠨ ᠤ ᠬᠠᠭ ᠵᠡᠷᠭᠡ ᠶᠢᠨ ᠱᠦᠯᠳᠦᠯᠢᠭ ᠴᠢᠨᠠᠷᠳᠠᠢ ᠭᠭᠢᠷ ᠪᠤᠷᠳᠤᠭ ᠢ ᠴᠡᠪᠡᠷᠯᠡᠬᠦ ᠦᠢᠯᠡᠳᠦᠯ ᠨᠢ ᠰᠠᠶᠢᠨ ᠪᠠᠶᠢᠳᠠᠭ  ᠳᠤᠰᠤ ᠵᠡᠷᠭᠡ ᠶᠢᠨ ᠬᠦᠴᠢᠯᠯᠢᠭ ᠴᠢᠨᠠᠷᠳᠠᠢ ᠭᠭᠢᠷ ᠪᠤᠷᠳᠤᠭ ᠢ ᠠᠷᠢᠯᠭᠠᠬᠤ ᠳᠤ ᠱᠤᠸᠠᠵᠠ ᠪᠠᠨ ᠪᠠᠭ᠎ᠠ ᠰᠤᠳᠠ ᠳᠤ ᠳᠦᠷᠦᠭᠡᠳ ᠱᠤᠸᠠᠵᠠᠳᠠᠪᠠᠯ ᠭᠭᠢᠷ ᠢ ᠠᠷᠢᠯᠭᠠᠬᠤ᠂ ᠦᠨᠦᠷ ᠢ ᠭᠠᠷᠭᠠᠬᠤ᠂ ᠭᠭᠢᠷ ᠪᠤᠷᠳᠤᠭ ᠢ ᠵᠦᠭᠡᠯᠡᠷᠡᠭᠦᠯᠬᠦ ᠵᠡᠷᠭᠡ ᠦᠢᠯᠡᠳᠦᠯ ᠲᠠᠢ ᠪᠠᠶᠢᠳᠠᠭ  ᠬᠤᠪᠴᠠᠰᠤ ᠤᠭᠢᠶᠠᠬᠤ ᠳᠠᠭᠠᠨ ᠰᠠᠪᠤᠩ ᠢᠶᠠᠷ ᠬᠤᠪᠴᠠᠰᠤ ᠤᠭᠢᠶᠠᠬᠤ ᠰᠢᠩᠭᠡᠨ ᠢ ᠤᠷᠤᠯᠠᠭᠤᠯᠵᠤ ᠪᠤᠯᠤᠨ᠎ᠠ᠂ ᠰᠠᠪᠤᠩ ᠤᠨ ᠳᠦᠭᠦᠬᠡᠢ ᠡᠳ᠋ ᠨᠢ ᠤᠷᠭᠤᠮᠠᠯ ᠪᠠ ᠠᠮᠢᠳᠠᠨ ᠤ ᠦᠭᠡᠬᠦ ᠪᠤᠯᠤᠨ᠎ᠠ᠂ ᠬᠦᠮᠦᠨ ᠤ ᠪᠡᠶ᠎ᠡ ᠳᠤ ᠦᠭᠬᠦ ᠬᠤᠤᠷ ᠨᠦᠯᠦᠭᠡ ᠨᠢ ᠬᠠᠷᠢᠴᠠᠩᠭᠤᠢ ᠪᠠᠭ᠎ᠠ᠂ ᠠᠮᠢᠳᠤ ᠪᠤᠳᠠᠰ ᠤᠨ ᠦᠢᠯᠡᠳᠦᠯ ᠢᠶᠠᠷ ᠵᠠᠳᠠᠷᠠᠵᠤ ᠳᠡᠶᠢᠯᠳᠡᠭ ᠠᠴᠠ ᠤᠷᠴᠢᠨ ᠳᠤᠭᠤᠷᠢᠨ ᠢ ᠬᠠᠮᠠᠭᠠᠯᠠᠬᠤ ᠳᠤ ᠠᠰᠢᠬᠳᠠᠢ ᠪᠠᠶᠢᠳᠠᠭ᠃       



  
     
     