-
2153140
ᠠᠭᠤᠰᠤᠯᠴᠠᠭ᠎ᠠ ᠶᠠᠪᠤᠯᠴᠠᠭ᠎ᠠ ᠶᠢᠨ ᠦᠷᠭᠡᠨ ᠲᠠᠪᠴᠠᠩ ᠤᠢᠢᠯᠠᠭᠠᠯᠴᠠᠭ᠎ᠠ ᠨᠡᠪᠳᠡᠷᠡᠯᠴᠡᠭᠡ ᠶᠢᠨ ᠭᠡᠭᠡᠨ ᠴᠤᠩᠬᠤᠪᠴᠢ
2019-09-09 20:57
36
0
— ᠭᠤᠷᠪᠠᠳᠤᠭᠠᠷ ᠬᠤᠭᠤᠴᠠᠭᠠᠨ ᠤ ᠲᠤᠮᠳᠠᠳᠤ ᠮᠤᠩᠭᠤᠯ ᠤᠨ ᠦᠵᠡᠰᠬᠦᠯᠡᠩ ᠤᠨ ᠴᠤᠬᠯᠠᠭᠠᠨ ᠤ ᠦᠵᠡᠭᠦᠯᠭᠡ ᠳᠡᠯᠭᠡᠨ ᠪᠤᠷᠤᠯᠠᠭᠤᠯᠭ᠎ᠠ ᠶᠢᠨ ᠲᠤᠬᠠᠢ ᠲᠠᠲᠠᠯᠠᠭ᠎ᠠ
ᠨᠠᠯᠠᠭᠠᠷ ᠨᠠᠮᠤᠷ ᠤᠨ ᠶᠢᠰᠦᠨ ᠰᠠᠷ᠎ᠠ ᠳᠤ ᠤᠯᠤᠰ ᠤᠨ ᠲᠤᠳᠤᠭᠠᠳᠤ ᠭᠠᠳᠠᠭᠠᠳᠤ ᠶᠢᠨ 6000 ᠭᠠᠷᠤᠢ ᠭᠡᠶᠢᠴᠢᠨ ᠵᠤᠴᠢᠨ ᠦᠵᠡᠰᠭᠦᠯᠠᠩᠳᠤ ᠰᠠᠶᠢᠬᠠᠨ ᠤᠯᠠᠭᠠᠨᠴᠠᠪ ᠲᠤ ᠰᠠᠭᠠᠳᠠᠵᠦ᠂ ᠦᠪᠡᠳᠡᠭᠰᠢ ᠴᠤᠬᠯᠠᠭᠠᠨ ᠳᠤ ᠬᠦᠷ ᠨᠡᠮᠡᠪᠡ᠃ ᠭᠤᠷᠪᠡᠳᠡᠭᠢ ᠬᠤᠭᠤᠴᠠᠭ᠎ᠠ ᠪᠠᠨ ᠤᠬᠳᠤᠨ ᠠᠪᠴᠢᠷᠠᠵᠦ ᠪᠠᠶᠢᠭ᠎ᠠ ᠲᠤᠮᠳᠠᠳᠤ ᠮᠤᠩᠭᠤᠯ ᠤᠨ ᠦᠵᠡᠰᠭᠦᠯᠠᠩ ᠤᠨ ᠴᠤᠬᠯᠠᠭᠠᠨ ᠲᠡᠯᠡᠭᠡᠢ ᠨᠡᠶᠢᠳᠡ ᠶᠢᠨ ᠬᠢᠨ ᠳᠤ ᠮᠡᠳᠡᠷᠡᠭᠳᠡᠨ᠂ ᠤᠯᠠᠨ ᠤᠯᠤᠰ ᠤᠷᠤᠨ ᠤ ᠠᠩᠬᠠᠷᠤᠯ ᠢ ᠲᠠᠳᠠᠵᠦ᠂ ᠴᠤᠬᠯᠠᠭᠠᠨ ᠤ ᠬᠡᠪᠴᠢᠶ᠎ᠠ ᠠᠭᠤᠯᠭ᠎ᠠ ᠤᠷᠢᠳ ᠡᠮᠦᠨ᠎ᠠ ᠪᠠᠶᠢᠭ᠎ᠠ ᠦᠭᠡᠢ ᠦᠷᠭᠡᠵᠢᠭᠰᠡᠨ ᠪᠢᠯᠡ᠃
ᠲᠡᠯᠭᠡᠨ ᠦᠵᠡᠭᠦᠯᠭᠡ ᠳᠤ ᠤᠷᠤᠯᠴᠠᠬᠰᠠᠨ ᠠᠷᠠᠯᠵᠢᠶᠠᠴᠢᠨ ᠬᠤᠳᠠᠯᠳᠤᠭᠠᠴᠢᠨ᠂ ᠠᠵᠦ ᠠᠬᠤᠢᠢᠯᠠᠯᠳᠠᠨ ᠬᠡᠲᠦᠨ ᠮᠢᠩᠭᠠᠨ ᠤ ᠵᠠᠢ ᠶᠢ ᠠᠯᠤᠰ ᠲᠤ ᠪᠤᠳᠤᠯ ᠦᠭᠡᠢ ᠪᠠᠷ ᠦᠪᠤᠷ ᠮᠤᠩᠭᠤᠯ ᠤᠨ ᠲᠠᠯ᠎ᠠ ᠨᠤᠳᠤᠬ ᠲᠤ ᠪᠤᠯᠵᠤᠭ᠎ᠠ ᠶᠤᠰᠤᠭᠠᠷ ᠬᠦᠷᠦᠯᠴᠡᠨ ᠢᠷᠡᠵᠦ᠂ ᠦᠵᠡᠭᠦᠯᠭᠡ ᠶᠢᠨ ᠲᠠᠪᠴᠠᠩ ᠢᠶᠠᠷ ᠲᠠᠮᠵᠢᠨ ᠠᠷᠠᠯᠵᠢᠶ᠎ᠠ ᠮᠠᠶᠢᠮᠠᠢ ᠶᠢᠨ ᠠᠵᠠ ᠲᠤᠬᠢᠶᠠᠯ ᠬᠠᠶᠢᠵᠦ᠂ ᠰᠤᠯᠢᠯᠴᠠᠭ᠎ᠠ ᠶᠠᠪᠤᠯᠴᠠᠭ᠎ᠠ ᠪᠠᠨ ᠦᠷᠭᠡᠵᠢᠭᠦᠯᠦᠨᠠ᠃
ᠶᠠᠪᠤᠯᠴᠠᠭ᠎ᠠ ᠶᠢ ᠬᠦᠨᠵᠡᠭᠡᠶᠢᠷᠡᠭᠦᠯᠦᠭᠰᠡᠨ ᠵᠠᠬ᠎ᠠ ᠲᠡᠯᠭᠡᠭᠦᠷ ᠤᠨ ᠵᠠᠶᠢᠴᠠ
2015 ᠤᠨ ᠳᠤ ᠲᠤᠮᠳᠠᠳᠤ ᠮᠤᠩᠭᠤᠯ ᠤᠨ ᠦᠵᠡᠰᠭᠦᠯᠠᠩ ᠤᠨ ᠴᠤᠬᠯᠠᠭᠠᠨ ᠢ ᠡᠬᠢᠯᠡᠨ ᠶᠠᠪᠤᠬᠳᠠᠭᠤᠯᠤᠬᠰᠠᠨ ᠠᠴᠠ ᠨᠠᠭᠠᠰᠢ᠂ ᠲᠤᠮᠳᠠᠳᠤ ᠶᠢᠨ ᠵᠠᠬ᠎ᠠ ᠲᠡᠯᠭᠡᠭᠦᠷ ᠭᠠᠳᠠᠭᠠᠳᠤ ᠶᠢᠨ ᠠᠷᠠᠯᠵᠢᠶᠡᠴᠢᠨ ᠬᠤᠳᠠᠯᠳᠤᠭᠠᠴᠢᠨ ᠤ ᠠᠩᠬᠠᠷᠤᠯ ᠢ ᠤᠯᠠᠮ ᠢᠶᠠᠷ ᠲᠠᠳᠠᠬᠤ ᠪᠤᠯᠵᠠᠢ᠃ ᠲᠡᠳᠡ ᠲᠤᠮᠳᠠᠳᠤ ᠶᠢᠨ ᠵᠠᠬ᠎ᠠ ᠲᠡᠯᠭᠡᠭᠦᠷ ᠲᠤ ᠪᠠᠷᠠᠭ᠎ᠠ ᠲᠠᠸᠠᠷ ᠢᠶᠠᠨ ᠪᠤᠷᠤᠯᠠᠭᠤᠯᠵᠦ ᠪᠠᠶᠢᠬᠰᠠᠨ ᠠᠴᠠ ᠪᠠᠨ ᠦᠪᠡᠷ ᠦᠪᠡᠷ ᠤᠨ ᠰᠢᠨ᠎ᠠ ᠮᠡᠷᠭᠡᠵᠢᠯ ᠪᠤᠯᠤᠨ ᠪᠦᠲᠦᠭᠡᠭᠳᠡᠭᠦᠨ ᠢᠶᠠᠨ ᠴᠤ ᠲᠤᠮᠳᠠᠳᠤ ᠶᠢᠨ ᠵᠠᠬ᠎ᠠ ᠲᠡᠯᠭᠡᠭᠦᠷ ᠲᠤ ᠤᠷᠤᠭᠤᠯᠵᠦ᠂ ᠡᠯ᠎ᠠ ᠤᠯᠤᠰ ᠯᠤᠭ᠎ᠠ ᠶᠢᠨ ᠠᠷᠠᠯᠵᠢᠶ᠎ᠠ ᠬᠤᠳᠠᠯᠳᠤᠭᠠᠨ ᠤ ᠰᠤᠯᠢᠯᠴᠠᠭ᠎ᠠ ᠪᠠᠨ ᠠᠬᠢᠭᠤᠯᠬᠤ ᠶᠢ ᠵᠤᠷᠢᠵᠠᠭᠠᠨᠠ᠃
9 ᠰᠠᠷ᠎ᠠ ᠶᠢᠨ 6 ᠤ ᠦᠳᠡ ᠶᠢᠨ ᠡᠮᠦᠨ᠎ᠠ᠂ ᠤᠯᠠᠨ ᠤᠯᠤᠰ ᠤᠨ ᠲᠦᠷᠢ ᠲᠦᠷᠬᠦ ᠶᠢᠨ ᠦᠵᠡᠬᠦᠯᠬᠡ᠂ ᠤᠯᠤᠰ ᠤᠨ ᠲᠤᠳᠤᠭᠠᠳᠤ ᠶᠢᠨ ᠲᠦᠷᠢ ᠲᠦᠷᠬᠦ ᠶᠢᠨ ᠦᠵᠡᠬᠦᠯᠬᠡ᠂ ᠦᠪᠤᠷ ᠮᠤᠩᠭᠤᠯ ᠤᠨ ᠲᠦᠷᠢ ᠲᠦᠷᠬᠦ ᠶᠢᠨ ᠦᠵᠡᠬᠦᠯᠬᠡ ᠵᠠᠯᠭᠠᠭ᠎ᠠ ᠪᠠᠷ ᠡᠬᠢᠯᠡᠵᠤ᠂ ᠤᠯᠠᠨ ᠤᠯᠤᠰ ᠤᠨ ᠤᠯᠠᠨ ᠤᠯᠤᠰ ᠤᠨ ᠪᠠᠷᠠᠭ᠎ᠠ ᠲᠠᠸᠠᠷ ᠤᠨ ᠲᠡᠯᠭᠡᠨ ᠪᠤᠷᠤᠯᠠᠭᠤᠯᠭ᠎ᠠ᠂ ᠤᠯᠤᠰ ᠤᠨ ᠲᠤᠳᠤᠭᠠᠳᠤ ᠶᠢᠨ ᠪᠠᠷᠠᠭ᠎ᠠ ᠲᠠᠸᠠᠷ ᠤᠨ ᠲᠡᠯᠭᠡᠨ ᠪᠤᠷᠤᠯᠠᠭᠤᠯᠭ᠎ᠠ᠂ ᠦᠪᠤᠷ ᠮᠤᠩᠭᠤᠯ ᠤᠨ ᠪᠠᠷᠠᠭ᠎ᠠ ᠲᠠᠸᠠᠷ ᠤᠨ ᠲᠡᠯᠭᠡᠨ ᠪᠤᠷᠤᠯᠠᠭᠤᠯᠭ᠎ᠠ᠂ ᠦᠪᠤᠷ ᠮᠤᠩᠭᠤᠯ ᠤᠨ ᠪᠤᠬᠢᠷᠳᠤᠯ ᠦᠭᠡᠢ ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠲᠦᠭᠡᠭᠳᠡᠭᠦᠨ ᠤ ᠲᠡᠯᠭᠡᠨ ᠪᠤᠷᠤᠯᠠᠭᠤᠯᠭ᠎ᠠ᠂ ᠦᠪᠤᠷ ᠮᠤᠩᠭᠤᠯ ᠤᠨ ᠤᠨᠴᠠᠯᠢᠬᠳᠤ ᠰᠤᠶᠤᠯ ᠵᠢᠭᠤᠯᠴᠢᠯᠠᠯ ᠤᠨ ᠪᠠᠷᠠᠭ᠎ᠠ ᠲᠠᠸᠠᠷ ᠤᠨ ᠲᠡᠯᠭᠡᠨ ᠦᠵᠡᠭᠦᠯᠭᠡ᠂ ᠮᠤᠩᠭᠤᠯ ᠤᠯᠤᠰ ᠤᠨ ᠪᠠᠷᠠᠭ᠎ᠠ ᠲᠠᠸᠠᠷ ᠤᠨ ᠪᠤᠷᠤᠯᠠᠭᠤᠯᠭ᠎ᠠ ᠵᠡᠷᠭᠡ ᠵᠢᠷᠭᠤᠭᠠᠨ ᠶᠡᠭᠡ ᠪᠠᠷᠠᠭ᠎ᠠ ᠲᠠᠸᠠᠷ ᠤᠨ ᠪᠤᠷᠤᠯᠠᠭᠤᠯᠭ᠎ᠠ ᠪᠦᠭᠦᠨ ᠢᠶᠠᠷ ᠢᠶᠠᠨ ᠨᠡᠭᠡᠭᠡᠯᠳᠡ ᠬᠢᠪᠠ᠃ ᠲᠤᠭᠤᠷᠢᠵᠦ ᠢᠷᠡᠭᠰᠡᠳ ᠡᠯ᠎ᠠ ᠤᠯᠤᠰ ᠤᠷᠤᠨ ᠵᠢᠴᠢ ᠤᠯᠤᠰ ᠤᠨ ᠲᠤᠳᠤᠭᠠᠳᠤ ᠶᠢᠨ ᠭᠠᠵᠠᠷ ᠤᠷᠤᠨ ᠤ ᠲᠦᠷᠢ ᠲᠦᠷᠭᠦ ᠶᠢᠨ ᠦᠵᠡᠭᠦᠯᠭᠡ ᠶᠢ ᠰᠤᠨᠢᠷᠬᠠᠨ᠂ ᠡᠯ᠎ᠠ ᠤᠯᠤᠰ ᠤᠷᠤᠨ ᠤ ᠰᠤᠶᠤᠯ ᠪᠤᠯᠪᠠᠰᠤᠨ᠂ ᠤᠨᠴᠠᠯᠢᠬᠳᠤ ᠪᠦᠲᠦᠭᠡᠭᠳᠡᠭᠦᠨ ᠢ ᠭᠠᠶᠢᠬᠠᠨ ᠱᠠᠭᠰᠢᠵᠤ᠂ ᠲᠡᠯᠡᠭᠡᠢ ᠶᠢᠨ ᠪᠦᠲᠦᠭᠡᠭᠳᠡᠭᠦᠨ ᠤ ᠮᠦᠽᠸᠢ ᠳᠤ ᠤᠷᠤᠬᠰᠨᠨ ᠬᠡᠮᠡᠷ ᠤᠷᠮᠠᠳᠠᠶᠢᠬᠠᠨ ᠲᠤᠭᠤᠷᠢᠵᠠᠭᠠᠨᠠ᠃ ᠮᠤᠩᠭᠤᠯ ᠤᠯᠤᠰ ᠤᠨ ᠦᠵᠡᠭᠦᠯᠭᠡ ᠶᠢᠨ ᠤᠷᠳᠤᠨ ᠤ ᠲᠤᠬᠯᠠᠯᠳᠠ ᠶᠢᠨ ᠲᠠᠶᠢᠰᠠᠨ ᠤ ᠡᠮᠦᠨ᠎ᠠ ᠾᠧᠪᠸᠢ ᠮᠤᠵᠢ ᠶᠢᠨ ᠼᠠᠩᠵᠸᠤ ᠬᠤᠳᠠ ᠠᠴᠠ ᠢᠷᠡᠭᠰᠡᠨ ᠴᠧᠨ ᠰᠢᠶᠤᠤ ᠰᠢᠶᠠᠨ ︽ᠪᠤᠱᠢᠭᠤ ᠭᠠᠷ︾ ᠢᠶᠠᠨ ᠨᠡᠭᠡᠭᠡᠵᠦ ᠰᠢᠭᠤᠳ ᠨᠡᠪᠳᠡᠷᠡᠭᠦᠯᠭᠡ ᠬᠢᠵᠦ ᠶᠠᠭᠠᠷᠠᠨ᠎ᠠ᠃ ︽ᠦᠵᠡᠰᠭᠦᠯᠠᠩ ᠤᠨ ᠴᠤᠬᠯᠠᠭᠠᠨ ᠳᠤ ᠦᠡᠭᠭᠡ ᠶᠢᠨ ᠪᠠᠷᠠᠭ᠎ᠠ ᠪᠠᠶᠢᠬᠤ ᠪᠠᠷ ᠪᠠᠷᠠᠬᠤ ᠦᠭᠡᠢ ᠭᠤᠶᠢᠳᠠ ᠲᠤᠬᠯᠠᠯᠳᠠ ᠴᠤ ᠪᠤᠢ᠃ ᠤᠷᠮᠠᠰ ᠬᠦᠭᠵᠢᠬᠡᠬᠦ ᠡᠨᠡ ᠭᠦ ᠭᠱᠠᠨ ᠢ ᠪᠠᠭ᠋ᠠᠳᠠᠳ ᠲᠠᠢ ᠪᠠᠨ ᠬᠤᠪᠢᠶᠠᠯᠴᠠᠶ᠎ᠠ︾ ᠭᠡᠵᠦ ᠲᠡᠷᠡ ᠤᠷᠮᠠᠳᠠᠢ ᠶᠠᠷᠢᠨ᠎ᠠ᠃
ᠬᠠᠷᠢ ᠭᠠᠳᠠᠭᠠᠳᠤ ᠶᠢᠨ ᠰᠤᠨᠢᠨ ᠰᠠᠶᠢᠬᠠᠨ ᠪᠠᠷᠠᠭ᠎ᠠ ᠲᠠᠸᠠᠷ ᠤᠯᠠᠨ ᠲᠦᠮᠡᠨ ᠤ ᠲᠤᠮᠳᠡ ᠠᠰᠤᠷᠤ ᠬᠦᠷᠢᠶᠠᠯᠠᠯ ᠲᠠᠢ ᠨᠢ ᠶᠠᠷᠢᠶᠡᠨ ᠦᠭᠡᠢ᠃ ᠤᠯᠠᠨ ᠢᠶᠠᠷ ᠢᠶᠠᠨ ᠦᠵᠡᠰᠭᠦᠯᠠᠩ ᠤᠨ ᠴᠤᠬᠯᠠᠭᠠᠨ ᠤ ᠡᠳᠦᠷ ᠬᠤᠨᠤᠭ ᠢ ᠬᠤᠷᠤᠭᠤ ᠲᠠᠷᠤᠨ ᠲᠤᠭᠠᠯᠠᠵᠦ᠂ ᠪᠠᠭ᠋ᠠᠷᠬᠠᠵᠤ ᠲᠤᠭᠤᠬᠰᠠᠨ ᠵᠦᠢᠯᠡᠰ ᠢᠶᠠᠨ ᠴᠠᠬ ᠢ ᠠᠮᠵᠢᠨ ᠬᠤᠳᠠᠯᠳᠤᠨ ᠠᠪᠴᠠᠭᠠᠨᠠ᠃
ᠠᠨᠨᠠ ᠪᠤᠯ ᠠᠵᠦ ᠠᠬᠤᠢᠢᠯᠠᠯ ᠤᠨ ᠲᠡᠯᠭᠡᠨ ᠦᠵᠡᠭᠦᠯᠭᠡ ᠳᠤ ᠤᠷᠤᠯᠴᠠᠬᠤ ᠪᠠᠷ ᠢᠷᠡᠭᠰᠡᠨ ᠤᠷᠤᠰ ᠬᠡᠤᠭᠡᠨ᠃ ᠲᠡᠷᠡ ᠠᠩᠭ᠍ᠯᠢ ᠬᠡᠯᠡ ᠪᠠᠷ ᠤᠷᠴᠢᠭᠤᠯᠤᠬᠴᠢ ᠲᠠᠢ ᠪᠠᠨ ᠶᠠᠷᠢᠯᠴᠠᠵᠦ᠂ ᠺᠤᠷᠢᠶᠠ ᠶᠢᠨ ᠨᠢᠭᠤᠷ ᠤᠨ ᠭᠤᠶᠤᠯᠠᠯ ᠤᠨ ᠪᠦᠲᠦᠭᠡᠭᠳᠡᠭᠦᠨ ᠢ ᠠᠰᠠᠭᠤᠨ ᠯᠠᠪᠯᠠᠨ᠎ᠠ᠃ ᠺᠤᠷᠢᠶᠠ ᠶᠢᠨ ᠨᠢᠭᠤᠷ ᠤᠨ ᠭᠤᠶᠤᠯᠠᠯ ᠤᠨ ᠪᠦᠲᠦᠭᠡᠭᠳᠡᠭᠦᠨ ᠤᠷᠤᠰ ᠲᠤ ᠮᠠᠰᠢ ᠬᠦᠷᠢᠶᠠᠯᠠᠯ ᠲᠠᠢ ᠪᠤᠯᠬᠤᠷ ᠲᠠᠷᠡ ᠤᠤᠯ ᠠᠴᠠ ᠪᠠᠨ ᠰᠤᠨᠢᠷᠬᠠᠯ ᠲᠠᠢ ᠪᠠᠶᠢᠵᠠᠢ᠃ ︽ᠡᠨᠡ ᠤᠳᠠᠭ᠎ᠠ ᠶᠢᠨ ᠲᠤᠬᠢᠶᠠᠯ ᠢᠶᠠᠷ ᠪᠠᠶᠠᠴᠢᠯᠠᠨ ᠤᠢᠢᠯᠠᠭᠠᠬᠤ ᠪᠤᠯᠤᠬᠰᠠᠨ ᠳᠠᠭᠠᠨ ᠮᠠᠰᠢ ᠪᠠᠶᠠᠷᠳᠠᠢ ᠪᠠᠶᠢᠨ᠎ᠠ︾ ᠭᠡᠵᠦ ᠲᠡᠷᠡ ᠶᠠᠷᠢᠵᠦ ᠪᠠᠶᠢᠯ᠎ᠠ᠃ ᠲᠤᠮᠳᠠᠳᠤ ᠮᠤᠩᠭᠤᠯ ᠤᠨ ᠦᠵᠡᠰᠭᠦᠯᠡᠩ ᠤᠨ ᠴᠤᠬᠯᠠᠭᠠᠨ ᠨᠢ ᠠᠷᠠᠯᠵᠢᠶ᠎ᠠ ᠮᠠᠶᠢᠮᠠᠢ ᠶᠢᠨ ᠰᠤᠯᠢᠯᠴᠠᠭᠠᠨ ᠤ ᠲᠠᠪᠴᠠᠩ ᠲᠡᠳᠦᠢ ᠦᠭᠡᠢ᠂ ᠵᠡᠭᠦᠨ ᠬᠤᠶᠢᠳᠤ ᠠᠽᠢᠶ᠎ᠠ ᠶᠢᠨ ᠤᠯᠤᠰ ᠤᠷᠤᠨ ᠯᠤᠭ᠎ᠠ ᠶᠢᠨ ᠬᠤᠭᠤᠷᠤᠨᠳᠤᠭᠢ ᠰᠤᠯᠢᠯᠴᠠᠭ᠎ᠠ ᠶᠠᠪᠤᠯᠴᠠᠭ᠎ᠠ ᠶᠢᠨ ᠬᠦᠬᠦᠷᠭᠡ ᠬᠤᠯᠪᠤᠭᠠᠰᠦ ᠪᠤᠯᠵᠦ ᠪᠤᠢ᠃ ᠮᠤᠩᠭᠤᠯ ᠤᠯᠤᠰ ᠠᠴᠠ ᠭᠠᠳᠠᠨ᠎ᠠ᠂ ᠺᠤᠷᠢᠶᠠ ᠭᠤᠤᠯ ᠵᠤᠴᠢᠨ ᠤᠯᠤᠰ ᠤᠨ ᠬᠤᠪᠢ ᠪᠠᠷ ᠲᠤᠰ ᠬᠤᠭᠤᠴᠠᠭᠠᠨ ᠤ ᠦᠵᠡᠰᠬᠦᠯᠡᠩ ᠤᠨ ᠴᠤᠭᠯᠠᠭᠠᠨ ᠳᠤ ᠤᠷᠤᠯᠴᠠᠵᠦ᠂ ᠫᠠᠺᠢᠰᠲ᠋ᠠᠨ᠂ ᠸᠢᠶᠧᠲᠨᠠᠮ᠂ ᠪᠷᠠᠽᠢᠯ ᠵᠡᠷᠭᠡ ᠤᠯᠤᠰ ᠤᠷᠤᠨ ᠴᠤ ᠢᠳᠡᠪᠭᠢᠯᠡᠨ ᠤᠷᠤᠯᠴᠠᠵᠦ᠂ ᠲᠤᠮᠳᠠᠳᠤ ᠤᠯᠤᠰ ᠤᠨ ᠲᠡᠯᠡᠭᠡᠢ ᠶᠢᠨ ᠤᠯᠠᠨ ᠤᠯᠤᠰ ᠯᠤᠭ᠎ᠠ ᠶᠢᠨ ᠤᠯᠤᠰ ᠲᠦᠷᠦ ᠶᠢᠨ ᠢᠳᠡᠭᠡᠯᠴᠡᠯ᠂ ᠠᠷᠠᠯᠵᠢᠶ᠎ᠠ ᠬᠤᠳᠠᠯᠳᠤᠭ᠎ᠠ ᠶᠢᠨ ᠬᠠᠮᠳᠤᠷᠠᠯᠴᠠᠭ᠎ᠠ ᠪᠠ ᠰᠤᠶᠤᠯ ᠢᠷᠭᠡᠨᠰᠢᠯ ᠤᠨ ᠰᠤᠯᠢᠯᠴᠠᠭ᠎ᠠ ᠶᠢ ᠠᠬᠢᠭᠤᠯᠪᠠ᠃
ᠮᠤᠩᠭᠤᠯ ᠤᠯᠤᠰ ᠤᠨ ᠭᠡᠷ ᠵᠢᠭᠤᠯᠴᠢᠯᠠᠯ ᠤᠨ ᠺᠤᠮᠫᠠᠨᠢ ᠬᠤᠪᠢ ᠬᠦᠮᠦᠨ᠂ ᠭᠡᠷ ᠪᠦᠯᠢ ᠪᠠ ᠬᠠᠮᠳᠤ ᠨᠡᠶᠢᠳᠡ ᠳᠤ ᠵᠤᠷᠢᠭᠤᠯᠤᠬᠰᠠᠨ ᠭᠤᠷᠪᠠᠨ ᠬᠤᠨᠤᠭ ᠠᠴᠠ ᠬᠠᠭᠠᠰ ᠰᠠᠷ᠎ᠠ ᠶᠢᠨ ᠬᠤᠭᠤᠷᠤᠨᠳᠤᠭᠢ ᠵᠢᠭᠤᠯᠴᠢᠯᠠᠯ ᠤᠨ ᠱᠤᠭᠤᠮ ᠢ ᠨᠠᠷᠢᠯᠢᠭ ᠲᠦᠰᠦᠪᠯᠡᠵᠦ᠂ ᠬᠤᠷᠠᠬᠰᠠᠨ ᠤᠯᠠᠨ ᠳᠤ ᠲᠠᠨᠢᠯᠴᠠᠭᠤᠯᠭ᠎ᠠ ᠬᠢᠵᠦ᠂ ᠮᠤᠩᠭᠤᠯ ᠤᠯᠤᠰ ᠢᠶᠠᠷ ᠲᠤᠭᠤᠷᠢᠨ ᠵᠢᠭᠤᠯᠴᠢᠯᠠᠬᠤ ᠤᠷᠢᠯᠭ᠎ᠠ ᠲᠠᠯᠪᠢᠵᠦ ᠪᠠᠶᠢᠯ᠎ᠠ᠃ ᠠᠷᠪᠠᠨ ᠭᠡᠲᠦᠨ ᠵᠢᠯ ᠰᠡᠳᠭᠦᠯᠴᠢ ᠪᠠᠷ ᠶᠠᠪᠤᠬᠰᠠᠨ ᠬᠠᠳᠠᠪᠠᠭᠠᠳᠤᠷ ᠭᠤᠸᠠᠢ ᠮᠤᠩᠭᠤᠯ ᠤᠯᠤᠰ ᠲᠤ ᠵᠢᠭᠤᠯᠴᠢᠯᠠᠯ ᠤᠨ ᠺᠤᠮᠫᠠᠨᠢ ᠡᠷᠬᠢᠯᠡᠵᠦ ᠭᠡᠲᠦᠨ ᠵᠢᠯ ᠤᠨ ᠨᠢᠭᠤᠷ ᠢ ᠦᠵᠡᠴᠢᠬᠡᠵᠠᠢ᠃ ᠲᠡᠭᠦᠨ ᠤ ᠡᠷᠬᠢᠯᠡᠵᠦ ᠪᠠᠶᠢᠭ᠎ᠠ ᠮᠤᠩᠭᠤᠯ ᠠᠮᠢᠳᠤᠷᠠᠯ ᠢ ᠪᠡᠶᠡᠴᠢᠯᠡᠨ ᠤᠢᠢᠯᠠᠭᠠᠬᠤ ᠵᠢᠭᠤᠯᠴᠢᠯᠠᠯ ᠤᠨ ᠱᠤᠭᠤᠮ ᠨᠢ ᠮᠤᠩᠭᠤᠯ ᠤᠨ ᠲᠠᠯ᠎ᠠ ᠨᠤᠳᠤᠬ ᠢ ᠲᠠᠨᠢᠭᠤᠯᠵᠦ᠂ ᠮᠤᠩᠭᠤᠯ ᠠᠮᠢᠳᠤᠷᠠᠯ ᠢ ᠪᠦᠭᠦ ᠲᠠᠯ᠎ᠠ ᠪᠠᠷ ᠤᠢᠢᠯᠠᠭᠠᠭᠤᠯᠵᠤ ᠲᠠᠶᠢᠯᠬᠦ ᠪᠤᠯᠬᠤᠷ ᠬᠦᠮᠦᠰ ᠤᠨ ᠠᠩᠬᠠᠷᠤᠯ ᠢ ᠮᠠᠰᠢ ᠲᠠᠳᠠᠵᠦ ᠪᠠᠶᠢᠯ᠎ᠠ᠃
ᠴᠢᠩᠭᠢᠰ ᠬᠠᠭᠠᠨ ᠤ ᠯᠠ ᠶᠢᠨ ᠲᠤᠰᠤᠨ ᠮᠦᠽᠸᠢ ᠶᠢᠨ ᠲᠠᠷᠤᠭ᠎ᠠ ᠴᠢᠩᠪᠠᠭᠠᠳᠤᠷ ᠲᠦᠷᠪᠡᠨ ᠵᠢᠯ ᠤᠨ ᠡᠮᠦᠨ᠎ᠠ ᠮᠤᠩᠭᠤᠯ ᠤᠯᠤᠰ ᠲᠠᠭᠠᠨ ᠯᠠ ᠶᠢᠨ ᠲᠤᠰᠤᠨ ᠮᠦᠽᠸᠢ ᠨᠡᠭᠡᠭᠡᠵᠦ᠂ ᠡᠨᠡ ᠤᠳᠠᠭ᠎ᠠ ᠦᠪᠤᠷ ᠮᠤᠩᠭᠤᠯ ᠳᠤ ᠢᠷᠡᠭᠰᠡᠨ ᠲᠠᠰᠢᠷᠠᠮ ᠢᠶᠠᠷ ᠬᠦᠬᠡᠬᠤᠳᠠ ᠪᠤᠶᠤ ᠤᠷᠳᠤᠰ ᠢᠶᠠᠷ ᠬᠦᠷᠴᠤ᠂ ᠲᠤᠮᠳᠠᠳᠤ ᠤᠯᠤᠰ ᠲᠤ ᠪᠠᠰᠠ ᠴᠢᠩᠭᠢᠰ ᠬᠠᠭᠠᠨ ᠤ ᠯᠠ ᠶᠢᠨ ᠲᠤᠰᠤᠨ ᠮᠦᠽᠸᠢ ᠡᠷᠬᠢᠯᠡᠭᠦ ᠲᠤᠬᠢᠶᠠᠯ ᠪᠤᠯᠤᠮᠵᠢ ᠡᠷᠢᠯᠭᠢᠯᠡᠭᠦ ᠰᠠᠨᠠᠭ᠎ᠠ ᠪᠠᠨ ᠴᠤᠬᠤᠢᠢᠯᠭᠠᠵᠦ ᠪᠠᠶᠢᠯ᠎ᠠ᠃
11.4 ᠲᠦᠮᠡᠨ ᠲᠡᠭᠰᠢ ᠲᠦᠷᠪᠡᠯᠵᠢᠨ ᠮᠧᠲᠷ ᠲᠠᠯᠠᠪᠠᠢ ᠪᠦᠭᠦᠢ ᠲᠡᠯᠭᠡᠨ ᠦᠵᠡᠭᠦᠯᠭᠡ ᠳᠤ ᠢᠳᠡᠭᠡᠨ ᠤᠮᠳᠠᠭᠠᠨ᠂ ᠬᠤᠪᠴᠠᠰᠦ ᠵᠠᠰᠠᠯ᠂ ᠭᠤᠶᠤᠯᠠᠯ ᠡᠳ᠋ᠯᠡᠯ ᠤᠨ ᠲᠡᠯᠭᠡᠨ ᠦᠵᠡᠭᠦᠯᠭᠡ ᠲᠤᠬᠢᠷᠠᠭᠤᠯᠤᠬᠰᠠᠨ ᠠᠴᠠ ᠭᠠᠳᠠᠨ᠎ᠠ᠂ ᠰᠢᠨ᠎ᠠ ᠮᠡᠷᠭᠡᠵᠢᠯ ᠤᠨ ᠲᠡᠯᠭᠡᠨ ᠦᠵᠡᠭᠦᠯᠭᠡ᠂ ᠡᠮ ᠡᠮᠨᠡᠯᠭᠡ ᠶᠢᠨ ᠲᠡᠯᠭᠡᠨ ᠦᠵᠡᠭᠦᠯᠭᠡ ᠴᠤ ᠲᠤᠬᠢᠷᠠᠭᠤᠯᠪᠠ᠃ ᠡᠨᠡ ᠨᠢ ᠮᠦᠨ ᠴᠤ ᠭᠤᠷᠪᠠᠳᠤᠭᠠᠷ ᠬᠤᠭᠤᠴᠠᠭᠠᠨ ᠤ ᠲᠤᠮᠳᠠᠳᠤ ᠮᠤᠩᠭᠤᠯ ᠤᠨ ᠦᠵᠠᠰᠭᠦᠯᠠᠩ ᠤᠨ ᠴᠤᠬᠯᠠᠭᠠᠨ ᠤ ᠲᠡᠯᠭᠡᠨ ᠦᠵᠡᠭᠦᠯᠭᠡ ᠶᠢᠨ ᠨᠢᠭᠡᠨ ᠤᠨᠴᠠᠯᠢᠭ ᠪᠤᠯᠬᠤ ᠶᠤᠮ᠃ ᠦᠡᠭᠭᠡᠷᠡᠭᠰᠡᠨ ᠬᠤᠶᠠᠷ ᠬᠤᠭᠤᠴᠠᠭ᠎ᠠ ᠶᠢᠨ ᠪᠠᠷᠠᠭ᠎ᠠ ᠲᠠᠸᠠᠷ ᠤᠨ ᠰᠤᠯᠢᠯᠴᠠᠭ᠎ᠠ ᠪᠠᠷ ᠭᠤᠤᠯᠯᠠᠬᠰᠠᠨ ᠲᠡᠯᠭᠡᠨ ᠦᠵᠡᠭᠦᠯᠭᠡ ᠪᠠᠨ ᠪᠤᠳᠤᠪᠠᠯ᠂ ᠭᠤᠷᠪᠠᠨ ᠬᠤᠳᠠ ᠬᠤᠯᠪᠤᠭᠠᠯᠠᠨ ᠬᠠᠮᠳᠤ ᠪᠠᠷ ᠡᠷᠬᠢᠯᠡᠵᠦ᠂ 21 ᠭᠤᠤᠯ ᠰᠡᠳᠦᠪᠳᠤ ᠠᠵᠢᠯᠯᠠᠭ᠎ᠠ ᠲᠤᠬᠢᠷᠠᠭᠤᠯᠤᠬᠰᠠᠨ ᠨᠢ ᠮᠦᠨ ᠴᠤ ᠲᠤᠰ ᠬᠤᠭᠤᠴᠠᠭᠠᠨ ᠤ ᠦᠵᠡᠰᠭᠦᠯᠠᠩ ᠤᠨ ᠴᠤᠬᠯᠠᠭᠠᠨ ᠤ ᠰᠢᠨ᠎ᠠ ᠨᠢᠭᠡᠨ ᠲᠤᠷᠰᠢᠴᠠ ᠪᠤᠯᠬᠤ ᠠᠵᠢ᠃
ᠤᠯᠠᠨ ᠤᠯᠤᠰ ᠤᠨ ᠮᠤᠩᠭᠤᠯ ᠡᠮ ᠡᠮᠨᠡᠯᠭᠡ ᠶᠢᠨ ᠲᠡᠯᠭᠡᠨ ᠦᠵᠡᠭᠦᠯᠭᠡ ᠶᠢᠨ ᠲᠢᠩᠭᠢᠮ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠮᠤᠩᠭᠤᠯ ᠡᠮ ᠡᠮᠨᠡᠯᠭᠡ ᠶᠢᠨ ᠬᠦᠭᠵᠢᠯᠳᠠ ᠶᠢᠨ ᠦᠷ᠎ᠠ ᠪᠦᠲᠦᠮᠵᠢ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠡᠰ ᠤᠨ ᠮᠤᠩᠭᠤᠯ ᠡᠮᠨᠡᠯᠭᠡ ᠶᠢᠨ ᠡᠮᠴᠢᠯᠡᠭᠡᠨ ᠤ ᠪᠠᠶᠢᠭᠤᠯᠤᠮᠵᠢ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠮᠤᠩᠭᠤᠯ ᠡᠮ ᠡᠮᠨᠡᠯᠭᠡ ᠶᠢᠨ ᠲᠡᠭᠡᠳᠤ ᠵᠡᠷᠭᠡ ᠶᠢᠨ ᠰᠤᠷᠭᠠᠨ ᠬᠦᠮᠦᠵᠢᠯ᠂ 12 ᠠᠶᠢᠮᠠᠬ ᠬᠤᠳᠠ ᠶᠢᠨ ᠮᠤᠩᠭᠤᠯ ᠡᠮ ᠡᠮᠨᠡᠯᠭᠡ ᠶᠢᠨ ᠦᠢᠯᠡᠰ ᠤᠨ ᠬᠦᠭᠵᠢᠯᠳᠠ ᠶᠢᠨ ᠦᠷ᠎ᠠ ᠪᠦᠲᠦᠮᠵᠢ᠂ ᠨᠡᠷᠡᠳᠤ ᠡᠮᠴᠢ᠂ ᠨᠠᠢᠮᠠᠨ ᠮᠤᠵᠢ ᠤᠷᠤᠨ ᠤ ᠮᠤᠩᠭᠤᠯ ᠡᠮ ᠡᠮᠨᠡᠯᠭᠡ ᠶᠢᠨ ᠬᠦᠭᠵᠢᠯᠳᠠ ᠶᠢᠨ ᠦᠷ᠎ᠠ ᠪᠦᠲᠦᠮᠵᠢ᠂ ᠮᠤᠩᠭᠤᠯ ᠡᠮ ᠤᠨ ᠠᠵᠦ ᠦᠢᠯᠡᠰ ᠤᠨ ᠬᠦᠭᠵᠢᠯᠳᠠ ᠶᠢᠨ ᠦᠷ᠎ᠠ ᠪᠦᠲᠦᠮᠵᠢ ᠵᠡᠷᠭᠡ ᠶᠢ ᠲᠡᠯᠭᠡᠨ ᠦᠵᠡᠭᠦᠯᠵᠤ ᠪᠤᠢ᠃ ᠦᠪᠤᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠭᠡ ᠶᠢᠨ ᠬᠤᠷᠢᠶᠠᠨ ᠤ ᠤᠯᠠᠨ ᠤᠯᠤᠰ ᠤᠨ ᠮᠤᠩᠭᠤᠯ ᠡᠮᠨᠡᠯᠭᠡ ᠶᠢᠨ ᠮᠦᠽᠸᠢ ᠶᠢᠨ ᠲᠠᠷᠤᠭ᠎ᠠ ᠵᠠᠩ ᠬᠤᠨᠭ᠌ ᠰᠢᠶᠠ᠄ ︽ᠮᠤᠩᠭᠤᠯ ᠡᠮ ᠲᠠᠩ ᠠᠴᠠ ᠠᠪᠤᠭᠠᠳ ᠮᠤᠩᠭᠤᠯ ᠡᠮ ᠡᠮᠨᠡᠯᠭᠡ ᠶᠢᠨ ᠲᠡᠤᠭᠡ ᠶᠢ ᠬᠠᠷᠠᠭᠤᠯᠤᠬᠰᠠᠨ ᠡᠮ ᠤᠨ ᠲᠡᠭᠡᠷᠮᠠ ᠵᠡᠷᠭᠡ 100 ᠭᠠᠷᠤᠢ ᠪᠤᠳᠠᠳᠠᠢ ᠪᠤᠳᠠᠰ ᠢ ᠠᠳᠡ ᠠᠪᠴᠢᠷᠠᠨ ᠲᠡᠯᠭᠡᠨ ᠦᠵᠡᠭᠦᠯᠵᠦ ᠪᠠᠶᠢᠭ᠎ᠠ ᠨᠢ ᠡᠯ᠎ᠠ ᠤᠯᠤᠰ ᠤᠷᠤᠨ ᠤ ᠬᠦᠮᠦᠰ ᠲᠤ ᠮᠤᠩᠭᠤᠯ ᠡᠮ ᠡᠮᠨᠡᠯᠭᠡ ᠶᠢ ᠨᠡᠩ ᠬᠦᠨ ᠬᠦᠨᠵᠡᠭᠡᠢ ᠤᠢᠢᠯᠠᠭᠠᠭᠤᠯᠬᠤ ᠶᠢᠨ ᠲᠦᠯᠦᠭᠡ ᠶᠤᠮ᠃ ᠤᠢᠢᠷ᠎ᠠ ᠶᠢᠨ ᠵᠢᠯ ᠳᠤ ᠮᠠᠨ ᠤ ᠤᠷᠤᠨ ᠳᠤ ᠢᠷᠡᠵᠦ ᠡᠮᠴᠢᠯᠡᠭᠦᠯᠵᠦ ᠪᠠᠶᠢᠭ᠎ᠠ ᠮᠤᠩᠭᠤᠯ ᠤᠯᠤᠰ ᠤᠨ ᠡᠪᠡᠳᠴᠢᠳᠡᠨ ᠤ ᠲᠤᠭ᠎ᠠ ᠤᠯᠠᠮ ᠢᠶᠠᠷ ᠤᠯᠠᠰᠢᠷᠠᠵᠦ ᠪᠠᠶᠢᠨ᠎ᠠ᠂ ᠡᠨᠡ ᠨᠢ ᠲᠡᠳᠡ ᠨᠠᠷ ᠤᠨ ᠦᠪᠤᠷ ᠮᠤᠩᠭᠤᠯ ᠤᠨ ᠮᠤᠩᠭᠤᠯ ᠡᠮ ᠡᠮᠨᠡᠯᠭᠡ ᠶᠢᠨ ᠬᠦᠭᠵᠢᠯᠳᠠ ᠶᠢ ᠮᠡᠳᠡᠷᠡᠵᠦ ᠪᠠᠶᠢᠭ᠎ᠠ ᠶᠢ ᠬᠠᠷᠠᠭᠤᠯᠵᠦ ᠪᠤᠢ᠃ ᠲᠤᠰ ᠬᠤᠭᠤᠴᠠᠭᠠᠨ ᠤ ᠦᠵᠡᠰᠭᠦᠯᠠᠩ ᠤᠨ ᠴᠤᠬᠯᠠᠭᠠᠨ ᠳᠤ ᠤᠯᠤᠰ ᠤᠨ ᠲᠤᠳᠤᠭᠠᠳᠤ ᠭᠠᠳᠠᠭᠠᠳᠤ ᠶᠢᠨ ᠮᠠᠰᠢ ᠤᠯᠠᠨ ᠬᠦᠮᠦᠨ ᠮᠠᠨ ᠤ ᠲᠡᠯᠭᠡᠨ ᠦᠵᠡᠭᠦᠯᠭᠡ ᠶᠢ ᠲᠤᠭᠤᠷᠢᠨ ᠦᠵᠡᠵᠦ᠂ ᠮᠤᠩᠭᠤᠯ ᠡᠮ ᠡᠮᠨᠡᠯᠭᠡ ᠶᠢ ᠠᠰᠠᠭᠤᠨ ᠤᠢᠢᠯᠠᠭᠠᠵᠦ ᠪᠠᠶᠢᠨ᠎ᠠ︾ ᠭᠡᠵᠦ ᠶᠠᠷᠢᠨ᠎ᠠ᠃
︽ᠪᠦᠭᠦ ᠪᠦᠮᠪᠦᠷᠴᠡᠭ ᠤᠨ ᠤᠯᠠᠨ ᠤᠯᠤᠰ ᠤᠨ ᠴᠢᠨᠠᠷᠳᠠᠢ ᠦᠵᠡᠭᠦᠯᠭᠡ︾ ᠡᠷᠬᠢᠯᠡᠭᠦ ᠵᠤᠷᠢᠯᠳᠠ ᠪᠠᠷ ᠲᠤᠰ ᠬᠤᠭᠤᠴᠠᠭᠠᠨ ᠤ ᠦᠵᠡᠰᠭᠦᠯᠠᠩ ᠤᠨ ᠴᠤᠬᠯᠠᠭᠠᠨ ᠳᠤ ᠤᠯᠤᠰ ᠤᠨ ᠲᠤᠳᠤᠭᠠᠳᠤ ᠶᠢᠨ ᠡᠯ᠎ᠠ ᠮᠤᠵᠢ ᠬᠤᠳᠠ ᠠᠴᠠ ᠭᠠᠳᠠᠨ᠎ᠠ ᠤᠷᠤᠰ᠂ ᠺᠤᠷᠢᠶᠠ᠂ ᠲᠠᠢ ᠤᠯᠤᠰ᠂ ᠶᠠᠫᠤᠨ ᠵᠡᠷᠭᠡ ᠤᠯᠤᠰ ᠤᠷᠤᠨ ᠤ ᠠᠵᠦ ᠠᠬᠤᠢᠢᠯᠠᠯ ᠢ ᠴᠤ ᠢᠳᠡᠪᠭᠢᠳᠠᠢ ᠤᠷᠢᠨ ᠤᠷᠤᠯᠴᠠᠭᠤᠯᠵᠠᠢ᠃ ᠲᠡᠳᠡ ᠨᠠᠷ ᠦᠪᠡᠷ ᠦᠪᠡᠷ ᠤᠨ ︽ᠭᠠᠶᠢᠬᠠᠮᠰᠢᠭ︾ ᠢᠶᠠᠨ ᠲᠡᠯᠭᠡᠵᠦ᠂ ᠭᠠᠵᠠᠷ ᠤᠷᠤᠨ ᠤ ᠪᠠᠨ ᠭᠠᠷᠤᠯᠳᠠ ᠪᠦᠲᠦᠭᠡᠭᠳᠡᠭᠦᠨ ᠢᠶᠠᠷ ᠢᠶᠠᠨ ᠤᠯᠠᠨ ᠲᠦᠮᠡᠨ ᠤ ᠲᠤᠷ᠎ᠠ ᠰᠤᠨᠢᠷᠬᠠᠯ ᠢ ᠲᠠᠳᠠᠵᠦ᠂ ᠵᠠᠬ᠎ᠠ ᠲᠡᠯᠭᠡᠭᠦᠷ ᠤᠨ ᠦᠷᠭᠡᠨ ᠵᠠᠶᠢᠴᠠ ᠶᠢ ᠠᠰᠢᠬᠯᠠᠨ ᠬᠠᠷᠢᠯᠴᠠᠭ᠎ᠠ ᠶᠠᠪᠤᠯᠴᠠᠭ᠎ᠠ ᠪᠠᠨ ᠬᠦᠨᠵᠡᠭᠡᠶᠢᠷᠡᠭᠦᠯᠦᠨ᠎ᠠ᠃
ᠤᠢᠢᠯᠠᠭᠠᠯᠴᠠᠭ᠎ᠠ ᠶᠢ ᠨᠢᠬᠳᠠᠷᠠᠭᠤᠯᠤᠬᠰᠠᠨ ᠪᠠᠷᠠᠭ᠎ᠠ ᠲᠠᠸᠠᠷ ᠤᠨ ᠰᠤᠯᠢᠯᠴᠠᠭ᠎ᠠ
ᠭᠤᠷᠪᠠᠳᠤᠭᠠᠷ ᠬᠤᠭᠤᠴᠠᠭᠠᠨ ᠤ ᠲᠤᠮᠳᠠᠳᠤ ᠮᠤᠩᠭᠤᠯ ᠤᠨ ᠦᠵᠡᠰᠬᠦᠯᠡᠩ ᠤᠨ ᠴᠤᠭᠯᠠᠭᠠᠨ ᠤ ᠬᠤᠶᠠᠳᠡᠭᠢ ᠡᠳᠤᠷ ᠪᠤᠯᠬᠤ ᠲᠠᠢ ᠵᠡᠷᠭᠡ ᠮᠤᠩᠭᠤᠯ ᠤᠯᠤᠰ ᠤᠨ ᠦᠵᠡᠬᠦᠯᠭᠡ ᠶᠢᠨ ᠤᠷᠳᠤᠨ ᠢᠶᠠᠷ ᠲᠤᠭᠤᠷᠢᠨ ᠦᠵᠡᠭᠴᠢ ᠤᠯᠠᠮ ᠤᠯᠠᠰᠢᠷᠠᠯ᠎ᠠ᠃
ᠮᠤᠩᠭᠤᠯ ᠤᠯᠤᠰ ᠤᠨ ᠦᠵᠡᠬᠦᠯᠬᠡ ᠶᠢᠨ ᠤᠷᠳᠤᠨ ᠳᠤ ᠱᠢᠷᠦ ᠰᠤᠪᠤᠳ ᠮᠦᠩᠬᠦ ᠰᠢᠭᠢᠳᠭᠡᠭᠰᠡᠨ ᠲᠤᠯᠤᠭᠠᠢ ᠶᠢᠨ ᠵᠠᠰᠠᠯ᠂ ᠡᠮᠡᠭᠡᠯ ᠬᠠᠵᠠᠭᠠᠷ᠂ ᠲᠤᠯᠤᠭᠠᠢ ᠶᠢᠨ ᠵᠠᠰᠠᠯ᠂ ᠬᠦᠬᠦᠷ᠂ ᠠᠯᠳᠠ ᠮᠦᠩᠬᠦᠨ ᠠᠶᠠᠭ᠎ᠠ ᠵᠡᠷᠭᠡ ᠨᠡᠬᠦᠳᠡᠯ ᠠᠮᠢᠳᠤᠷᠠᠯ ᠢ ᠬᠠᠷᠠᠭᠤᠯᠤᠭᠰᠠᠨ 300 ᠭᠠᠷᠤᠢ ᠪᠦᠳᠦᠭᠡᠭᠳᠡᠬᠦᠨ ᠦᠩᠬᠡ ᠢᠯᠭᠠᠷᠠᠳᠠᠯᠠ ᠲᠡᠯᠭᠡᠭᠳᠡᠵᠤ᠂ ᠲᠤᠭᠤᠷᠢᠨ ᠦᠵᠡᠭᠴᠢᠳ ᠤᠨ ᠨᠢᠳᠤ ᠶᠢ ᠬᠤᠵᠢᠷᠯᠠᠨ᠎ᠠ᠃ ᠡᠳᠡᠭᠡᠷ ᠢ 13 ᠵᠢᠯ ᠤᠨ ᠲᠡᠤᠬᠡ ᠲᠠᠢ ᠮᠤᠩᠭᠤᠯ ᠤᠯᠤᠰ ᠤᠨ ᠤᠷᠠᠨ ᠲᠠᠷᠬᠠᠳ ᠤᠨ ᠨᠢᠭᠡᠳᠤᠭ᠍ᠰᠡᠨ ᠬᠤᠯᠪᠤᠭᠠᠨ ᠤ ︽ᠬᠠᠰ ᠭᠤᠶᠤᠯᠡᠯ︾᠂ ︽ᠲᠠᠪᠬᠤᠷ ᠬᠢᠴᠡ︾᠂ ︽ᠲᠡᠭᠷᠢ ᠶᠢᠨ ᠬᠤᠪᠴᠠᠰᠤ︾ ᠵᠡᠷᠭᠡ ᠭᠤᠷᠪᠠᠨ ᠺᠤᠮᠫᠠᠨᠢ ᠶᠢᠨ ᠬᠢᠨ ᠲᠤᠰᠬᠠᠢᠢᠯᠠᠨ ᠤᠯᠠᠭᠠᠨᠪᠠᠭᠠᠳᠤᠷ ᠬᠤᠳᠡ ᠠᠴᠠ ᠠᠪᠴᠢᠷᠠᠬᠰᠠᠨ ᠶᠤᠮ᠃
ᠮᠤᠩᠭᠤᠯ ᠤᠯᠤᠰ ᠤᠨ ᠤᠷᠠᠨ ᠲᠠᠷᠬᠠᠳ ᠤᠨ ᠲᠦᠮᠡᠨ ᠡᠷᠳᠡᠨᠢᠰ ᠨᠢᠬᠡᠳᠤᠭ᠍ᠰᠡᠨ ᠬᠤᠯᠪᠤᠭᠠᠨ ᠤ ᠲᠡᠷᠢᠬᠦᠨ ᠫᠦᠷᠪᠦᠰᠦ᠋ᠷᠦᠩ ᠮᠤᠩᠭᠤᠯ ᠲᠡᠷᠯᠢᠭ ᠢᠶᠠᠷ ᠢᠶᠠᠨ ᠭᠤᠶᠤᠯᠠᠵᠦ᠂ ᠬᠦᠬᠦᠷ ᠰᠤᠯᠢᠯᠴᠠᠬᠤ ᠵᠠᠩ ᠤᠢᠢᠯᠡ ᠶᠢ ᠦᠵᠡᠭᠴᠢ ᠤᠯᠠᠨ ᠳᠤ ᠦᠵᠡᠬᠦᠯᠵᠤ ᠵᠤᠬᠰᠤᠨ᠎ᠠ᠃ ᠲᠡᠷᠡ᠄ ︽ᠤᠯᠠᠭᠠᠨᠴᠠᠪ ᠤᠨ ᠬᠢᠨ ᠮᠠᠨ ᠳᠤ ᠲᠡᠯᠭᠡᠨ ᠦᠵᠡᠭᠦᠯᠭᠡ ᠶᠢᠨ ᠲᠡᠯᠡᠪᠡᠢ ᠵᠤᠬᠢᠴᠠᠭᠤᠯᠤᠨ ᠲᠤᠨᠤᠭ ᠲᠦᠬᠦᠭᠡᠷᠤᠮᠵᠢ ᠶᠢ ᠪᠦᠷᠢᠳᠤᠬᠦᠯᠦᠨ ᠦᠭᠴᠤ᠂ ᠨᠠᠶᠢᠷᠰᠠᠭ ᠢᠶᠠᠷ ᠬᠦᠯᠢᠶᠡᠨ ᠠᠪᠤᠭᠰᠠᠨ ᠳᠤ ᠰᠡᠳᠭᠢᠯ ᠳᠤ ᠶᠡᠭᠡ ᠪᠠᠶᠠᠷᠳᠡᠢ ᠪᠠᠶᠢᠨ᠎ᠠ︾ ᠬᠡᠵᠤ ᠤᠴᠢᠷᠳᠠᠶᠢᠬᠠᠨ ᠶᠠᠷᠢᠨ᠎ᠠ᠃ ︽ᠲᠤᠰ ᠬᠤᠭᠤᠴᠠᠭᠠᠨ ᠤ ᠦᠵᠡᠰᠭᠦᠯᠠᠩ ᠤᠨ ᠴᠤᠭᠯᠠᠭ᠎ᠠ ᠤ ᠤᠯᠠᠭᠠᠨᠴᠠᠪ ᠲᠠᠬᠢ ᠲᠡᠯᠬᠡᠨ ᠦᠵᠡᠬᠦᠯᠭᠡ ᠳᠤ ᠮᠤᠩᠭᠤᠯ ᠤᠯᠤᠰ ᠤᠨ 50 ᠺᠤᠮᠫᠠᠨᠢ ᠤᠷᠤᠯᠴᠠᠭᠰᠠᠨ︾ ᠬᠡᠵᠤ ᠮᠤᠩᠭᠤᠯ ᠤᠯᠤᠰ ᠤᠨ ᠦᠨᠳᠤᠰᠤᠳᠡᠨ ᠤ ᠬᠤᠳᠠᠯᠳᠤᠭ᠎ᠠ ᠠᠵᠤ ᠤᠢᠢᠯᠡᠳᠪᠤᠷᠢ ᠶᠢᠨ ᠲᠢᠩᠭᠢᠮ ᠤᠨ ᠲᠠᠷᠤᠭ᠎ᠠ ᠠᠮᠤᠷᠲᠦ᠋ᠪᠰᠢᠨ ᠲᠠᠨᠢᠯᠴᠠᠭᠤᠯᠤᠨ᠎ᠠ᠃
ᠬᠦᠷᠦᠭ ᠵᠢᠷᠤᠭ ᠤᠨ ᠬᠡᠪᠢᠰ᠂ ᠲᠠᠪᠤᠨ ᠬᠤᠰᠢᠭᠤ ᠮᠠᠯ᠂ ᠪᠤᠭᠤ ᠬᠦᠷᠦᠭᠡᠰᠤ᠂ ᠬᠦᠯᠦᠭ ᠮᠤᠷᠢᠨ ᠤ ᠵᠢᠷᠤᠭ ᠲᠠᠢ ᠬᠠᠨ᠎ᠠ ᠶᠢᠨ ᠬᠡᠪᠢᠰ᠂ ᠮᠤᠩᠭᠤᠯ ᠦᠨᠳᠤᠰᠤᠲᠡᠨ ᠤ ᠤᠨᠴᠠᠯᠢᠭᠲᠤ ᠬᠡ ᠤᠭᠠᠯᠵᠠ ᠲᠠᠢ ᠱᠠᠯᠠ ᠶᠢᠨ ᠬᠡᠪᠢᠰ ᠵᠡᠷᠭᠡ ᠤᠯᠠᠨ ᠶᠠᠩᠵᠤ ᠬᠡᠯᠪᠡᠷᠢ ᠶᠢᠨ ᠨᠤᠤᠰᠤᠨ ᠬᠡᠪᠢᠰ ᠦᠡᠭᠭᠡ ᠢᠯᠭᠠᠷᠠᠨ ᠲᠡᠯᠭᠡᠭᠳᠡᠵᠤ ᠬᠦᠮᠦᠰ ᠤᠨ ᠲᠤᠷ᠎ᠠ ᠶᠢ ᠪᠤᠯᠢᠶᠠᠨ᠎ᠠ᠃ ︽ᠮᠠᠨ ᠤ ᠬᠡᠪᠢᠰ ᠪᠤᠯ ᠮᠤᠩᠭᠤᠯ ᠤᠯᠤᠰ ᠤᠨ ︿ᠠᠯᠲᠠᠨᠪᠤᠯᠠᠭ﹀ ᠲᠦᠷᠤᠯ ᠲᠡᠮᠳᠡᠭ ᠤᠨ ᠰᠢᠷᠢᠰ ᠪᠦᠲᠦᠭᠡᠭᠳᠡᠭᠦᠨ ᠪᠤᠯᠤᠨ᠎ᠠ᠃ ᠪᠢᠳᠡ ᠠᠩᠬ᠎ᠠ ᠤᠳᠠᠭ᠎ᠠ ᠤᠯᠠᠭᠠᠨᠴᠠᠪ ᠲᠤ ᠢᠷᠡᠵᠤ ᠦᠵᠡᠰᠭᠦᠯᠡᠩ ᠳᠤ ᠤᠷᠤᠯᠴᠠᠵᠤ ᠪᠠᠶᠢᠨ᠎ᠠ᠃ ᠤᠢᠢᠷ᠎ᠠ ᠶᠢᠨ ᠬᠡᠳᠤᠨ ᠵᠢᠯ ᠠᠴᠠ ᠲᠤᠮᠳᠠᠳᠤ ᠤᠯᠤᠰ ᠤᠨ ᠵᠠᠬ᠎ᠠ ᠲᠡᠯᠭᠡᠭᠦᠷ ᠲᠤ ᠤᠷᠤᠵᠤ ᠢᠷᠡᠬᠦ ᠪᠤᠯᠤᠭᠰᠠᠨ᠂ ᠲᠤᠰ ᠬᠤᠭᠤᠴᠠᠭᠠᠨ ᠤ ᠦᠵᠡᠰᠭᠦᠯᠡᠩ ᠲᠡᠭᠡᠷ᠎ᠠ ᠪᠤᠷᠤᠯᠠᠭᠤᠯᠭ᠎ᠠ ᠶᠡᠭᠡ ᠵᠦᠭᠡᠷ ᠪᠠᠶᠢᠨ᠎ᠠ︾ ᠬᠡᠵᠤ ᠮᠤᠩᠭᠤᠯ ᠤᠯᠤᠰ ᠤᠨ ᠤᠯᠠᠭᠠᠨᠪᠠᠭᠠᠳᠤᠷ ᠬᠡᠪᠢᠰ ᠤᠨ ᠬᠢᠵᠠᠭᠠᠷᠲᠤ ᠺᠤᠮᠫᠠᠨᠢ ᠶᠢᠨ ᠪᠤᠷᠤᠯᠠᠭᠤᠯᠭ᠎ᠠ ᠶᠢᠨ ᠲᠠᠭᠠᠭᠠᠮᠠᠯ ᠱᠦ ᠭᠤᠸᠠᠩ ᠪᠠᠶᠠᠷᠳᠠᠢ ᠶᠠᠷᠢᠨ᠎ᠠ᠃ ᠤᠯᠠᠭᠠᠨᠪᠠᠭᠠᠳᠤᠷ ᠬᠡᠪᠢᠰ ᠤᠨ ᠬᠢᠵᠠᠭᠠᠷᠲᠤ ᠺᠤᠮᠫᠠᠨᠢ ᠪᠤᠯ 46 ᠵᠢᠯ ᠤᠨ ᠲᠡᠤᠭᠡ ᠲᠠᠢ ᠬᠤᠨᠢᠨ ᠨᠤᠤᠰᠤᠨ ᠤ ᠰᠠᠮᠠᠳᠠᠰᠤ ᠡᠭᠡᠷᠡᠬᠦ᠂ ᠪᠤᠳᠤᠬᠤ᠂ ᠤᠢᠢᠯᠡᠳᠪᠤᠷᠢᠯᠡᠬᠦ ᠺᠤᠮᠫᠠᠨᠢ ᠪᠤᠯᠬᠤ ᠶᠤᠮ᠃ ︽ᠠᠯᠲᠠᠨᠪᠤᠯᠠᠭ︾ ᠬᠡᠪᠢᠰ ᠨᠢ 100% ᠶᠢᠨ ᠴᠤᠯ ᠬᠤᠨᠢᠨ ᠨᠤᠤᠰᠤᠨ ᠤ ᠪᠦᠲᠦᠭᠡᠭᠳᠡᠭᠦᠨ ᠪᠠᠶᠢᠵᠦ᠂ ᠬᠤᠨᠢᠨ ᠨᠤᠤᠰᠤ ᠪᠠᠷ ᠢᠶᠠᠨ ᠤᠲᠠᠰᠤ ᠬᠢᠵᠤ᠂ ᠤᠲᠠᠰᠤ ᠪᠠᠨ ᠪᠤᠳᠤᠭ ᠤᠷᠤᠭᠤᠯᠤᠬᠰᠠᠨ ᠤ ᠲᠠᠷᠠᠭ᠎ᠠ ᠲᠠᠬᠢᠨ ᠮᠠᠰᠢᠨ ᠢᠶᠠᠷ ᠬᠡᠪᠢᠰ ᠪᠤᠯᠭᠠᠨ ᠦᠢᠯᠡᠳᠪᠤᠷᠢᠯᠡᠳᠡᠭ᠃ ᠲᠤᠰ ᠬᠤᠭᠤᠴᠠᠭᠠᠨ ᠤ ᠦᠵᠡᠰᠭᠦᠯᠡᠩ ᠳᠤ ᠲᠤᠰ ᠺᠤᠮᠫᠠᠨᠢ ᠶᠢᠨ ᠬᠢᠨ ᠤᠯᠠᠨ ᠲᠦᠷᠦᠯ ᠬᠡᠯᠪᠡᠷᠢ ᠶᠢᠨ ᠬᠡᠪᠢᠰ ᠤᠨ ᠪᠦᠲᠦᠭᠡᠭᠳᠡᠭᠦᠨ ᠢᠶᠠᠨ ᠲᠦᠷᠤᠯ ᠬᠤᠪᠢᠶᠠᠨ ᠲᠡᠯᠭᠡᠨ ᠪᠤᠷᠤᠯᠠᠭᠤᠯᠵᠤ᠂ ᠬᠠᠮᠤᠭ ᠦᠨᠳᠦᠷ ᠲᠡᠭᠡᠨ ᠨᠢᠭᠡ ᠬᠡᠰᠡᠭ ᠨᠢ 5000 ᠭᠠᠷᠤᠢ ᠲᠦᠭᠦᠷᠢᠭ ᠤᠨ ᠦᠨ᠎ᠠ ᠳᠤ ᠬᠦᠷᠴᠤ ᠪᠤᠢ᠃
ᠲᠤᠮᠳᠠᠳᠤ ᠮᠤᠩᠭᠤᠯ ᠬᠤᠶᠠᠷ ᠤᠯᠤᠰ ᠠᠭᠤᠯᠠ ᠤᠰᠤ ᠪᠠᠷ ᠢᠶᠠᠨ ᠵᠠᠯᠭᠠᠯᠳᠤᠵᠦ᠂ ᠠᠷᠠᠳ ᠲᠦᠮᠡᠨ ᠢᠳᠡᠭᠡᠯ ᠰᠡᠳᠭᠢᠯ ᠢᠶᠠᠷ ᠢᠶᠠᠨ ᠶᠠᠪᠤᠯᠴᠠᠨ᠎ᠠ᠃ ᠲᠤᠮᠳᠠᠳᠤ ᠮᠤᠩᠭᠤᠯ ᠤᠨ ᠦᠵᠡᠰᠭᠦᠯᠠᠩ ᠤᠨ ᠴᠤᠬᠯᠠᠭᠠᠨ ᠢᠶᠠᠷ ᠲᠠᠮᠵᠢᠨ ᠬᠤᠶᠠᠷ ᠤᠯᠤᠰ ᠤᠨ ᠬᠤᠭᠤᠷᠤᠨᠳᠤᠭᠢ ᠨᠡᠪᠳᠡᠷᠡᠯᠴᠡᠭᠡ ᠤᠯᠠᠮ ᠬᠦᠨᠵᠡᠭᠡᠶᠢᠷᠡᠭᠰᠡᠨ ᠢᠶᠠᠷ ᠪᠠᠷᠠᠬᠤ ᠦᠬᠡᠢ᠂ ᠦᠵᠡᠰᠬᠦᠯᠡᠩ ᠤᠨ ᠴᠤᠭᠯᠠᠭᠠᠨ ᠳᠤ ᠬᠦᠷᠦᠯᠴᠡᠨ ᠢᠷᠡᠭᠰᠡᠨ ᠲᠠᠯᠠᠬᠡᠢ ᠶᠢᠨ ᠡᠯ᠎ᠠ ᠤᠯᠤᠰ ᠯᠤᠭ᠎ᠠ ᠶᠢᠨ ᠤᠢᠢᠯᠠᠭᠠᠯᠴᠠᠭ᠎ᠠ ᠶᠢ ᠤᠯᠠᠮ ᠨᠢᠭᠳᠠᠷᠠᠭᠤᠯᠤᠭᠰᠠᠨ ᠠᠵᠢ᠃ ᠵᠣᠬᠢᠶᠠᠭᠴᠢ᠄ ᠰᠠᠷᠠᠨᠲᠤᠶᠠᠭ᠎ᠠ ᠬᠠᠢ ᠵᠢᠶᠦ᠋ᠨ ᠰᠠᠷᠭᠠᠢ