- ᠳᠠᠯᠠᠳ ᠰᠠᠢᠨᠪᠠᠶᠠᠷ
1301
ᠮᠣᠩᠭᠤᠯ ᠢᠶᠠᠷ ᠳᠠᠭᠤᠳᠠᠭᠰᠠᠨ ︽ᠴᠠᠰᠤᠲᠤ ᠤᠢ ᠳᠤ ︾ᠭᠡᠬᠥ ᠦᠯᠢᠭᠡᠷ
2018-05-04 19:29
820
0
ᠳᠠᠯᠠᠳ ᠰᠠᠢᠨᠪᠠᠶᠠᠷ 1951ᠤᠨ ᠳᠤ ᠨᠢᠭᠡᠨ ᠮᠠᠯᠴᠢᠨ ᠤ ᠭᠡᠷ ᠲᠦ ᠲᠥᠷᠦᠵᠡᠢ ᠃ ᠲᠤᠬᠠᠢ ᠶᠢᠨ ᠦᠶ᠎ᠡ ᠳᠦ ᠨᠡᠢᠭᠡᠮ ᠬᠠᠷᠬᠠᠨ ᠬᠥᠭᠵᠢᠭᠡ ᠥᠭᠡᠢ ᠪᠠᠢᠭᠰᠠᠨ ᠪᠣᠯᠬᠣᠷ ᠲᠡᠷᠡ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠢᠶᠠᠨ ᠴᠦ ᠲᠡᠭᠦᠰᠴᠦ ᠳᠡᠢᠯᠦᠭᠰᠡᠨ ᠥᠭᠡᠢ ᠂ ᠭᠡᠪᠡᠴᠦ ᠲᠡᠷᠡ ᠮᠣᠩᠭᠤᠯ ᠨᠤᠮ ᠪᠢᠴᠢᠭ᠌ ᠢᠶᠡᠨ ᠲᠥᠢᠯ ᠢᠶᠡᠷ ᠬᠠᠢᠷᠠᠯᠠᠳᠠᠭ ᠪᠣᠯᠬᠤᠷ ᠨᠢᠳᠥᠨ ᠳᠦ ᠨᠢ ᠬᠠᠷᠠᠭᠳᠠᠭᠰᠠᠨ ᠮᠣᠩᠭᠤᠯ ᠨᠤᠮ ᠪᠥᠬᠥᠨ ᠢ ᠠᠯᠳᠠᠯ ᠥᠭᠡᠢ ᠤᠩᠰᠢᠵᠤ ᠂ ᠦᠯᠢᠭᠡᠷ ᠵᠣᠬᠢᠶᠠᠯ ᠢ ᠨᠢᠳᠥᠨ ᠳᠦ ᠦᠵᠡᠭᠳᠡᠮ᠎ᠡ ᠳᠦᠷᠰᠦᠯᠢᠭ ᠤᠩᠰᠢᠵᠤ ᠴᠢᠳᠠᠬᠤ ᠪᠣᠯᠵᠠᠢ ᠃ ᠤᠳᠤ ᠲᠡᠷᠡ ᠲᠠᠯ᠎ᠠ ᠰᠢᠬᠠᠭᠰᠠᠨ ᠪᠣᠯᠪᠠᠴᠤ ᠦᠯᠢᠭᠡᠷ ᠲᠦ ᠳᠤᠷᠠᠲᠠᠢ ᠮᠣᠩᠭᠤᠯ ᠲᠦᠮᠡᠨ ᠦ ᠪᠠᠨ ᠰᠡᠯᠡᠭᠦᠦ ᠴᠠᠭ ᠤᠨ ᠤᠷᠮ᠎ᠠ ᠶᠢ ᠰᠡᠷᠭᠦᠭᠡᠬᠦ ᠪᠡᠷ ︽ᠴᠠᠰᠤᠲᠤ ᠤᠢ ᠳᠤ ︾ᠭᠡᠬᠥ ᠦᠯᠢᠭᠡᠷ ᠢ ᠮᠣᠩᠭᠤᠯ ᠢᠶᠠᠷ ᠲᠠᠭᠤᠳᠠᠨ ᠰᠢᠩᠭᠡᠭᠡᠵᠦ ᠂ ᠲᠠᠨ ᠤ ᠪᠠᠨ ᠠᠯᠳᠠᠨ ᠰᠤᠨᠤᠷ ᠲᠤ ᠰᠤᠨᠤᠷᠳᠠᠭᠤᠯᠬᠤ ᠪᠠᠷ ᠪᠠᠢᠨ᠎ᠠ ᠃ ᠰᠣᠨᠤᠰᠬᠤ ᠠᠷᠭ᠎ᠠ ᠄ 优酷 ᠰᠦᠯᠵᠢᠶᠡᠨ ᠦ ᠬᠠᠶᠠᠭ ᠢ ᠨᠡᠭᠡᠭᠡᠵᠦ 蒙语评书林海雪原ᠭᠡᠵᠤ ᠬᠠᠢᠪᠠᠯ ᠲᠤᠰ ᠰᠢᠩᠭᠡᠭᠡᠯᠲᠡ ᠶᠢ ᠡᠷᠢᠵᠦ ᠤᠯᠬᠤ ᠪᠣᠯᠤᠨ᠎ᠠ ᠃ ᠲᠠᠨ ᠤ ᠲᠠᠭᠠᠰᠢᠶᠠᠯ ᠳᠤ ᠬᠦᠷᠬᠦ ᠪᠣᠯᠲᠤᠭᠠᠢ ᠃