-
6173
2015-03-24 11:06
600
0
ᠳᠦᠷᠪᠡᠨ ᠠᠭᠤᠯᠠ ᠠᠴᠠ ᠲᠠᠬᠢᠯᠭ᠎ᠠ ᠲᠠᠢ
ᠲᠦᠯᠭᠡᠭᠡᠨ ᠴᠡᠩᠭᠡᠷ ᠬᠠᠲᠤᠨ ᠲᠤᠤᠯᠠ ᠲᠠᠢ
ᠡᠪᠦᠭᠡ ᠳᠡᠭᠡᠳᠦᠰ ᠡᠴᠡ ᠰᠢᠲᠦᠯᠡᠭᠡ ᠲᠠᠢ
ᠦᠨᠳᠦᠷ ᠲᠡᠷᠡ ᠠᠭᠤᠯᠠ ᠳᠠᠭᠠᠨ
ᠵᠢᠷᠤᠭ ᠤᠨ ᠰᠢᠭᠦᠳᠡᠷᠢ ᠪᠠᠯᠭᠤᠭᠰᠠᠨ
ᠭᠣᠷᠢ ᠨᠢ ᠤᠷᠤᠮᠳᠠᠨ᠎ᠠ
ᠪᠠᠭᠤᠳᠠᠯ ᠮᠦᠩᠭᠦᠨ ᠭᠦᠷᠢᠶᠡᠨ ᠳᠡᠬᠡᠨ
ᠵᠡᠭᠦᠳᠡᠯ ᠬᠤᠸᠠᠷ ᠨᠢ ᠠᠰᠠᠭᠷᠠᠨᠠ
ᠬᠤᠷᠠᠢ ᠬᠤᠷᠠᠢ ....
ᠮᠠᠨᠳᠤᠭᠤᠯ ᠬᠠᠭᠠᠨ ᠣ ᠲᠡᠭᠷᠢ ᠪᠣᠷᠬᠠᠨ
ᠮᠠᠨᠳᠤᠭᠰᠠᠨ ᠲᠦᠷᠦ ᠶᠢᠨ ᠠᠷᠢᠭᠤᠨ ᠰᠢᠲᠦᠭᠡᠨ
ᠬᠠᠭᠠᠨ ᠣ ᠣᠪᠤᠭ ᠤᠨ ᠠᠯᠲᠠᠨ ᠤᠷᠤᠭ
ᠬᠠᠮᠤᠭ ᠮᠣᠩᠭᠣᠯ ᠤᠨ ᠦᠨᠡᠨ ᠲᠡᠦᠬᠡ
ᠢᠮᠪᠦᠦ ᠢᠮᠪᠦᠦ ᠢᠮᠪᠦᠲᠠᠨᠠ....
ᠲᠠᠯ᠎ᠠ ᠶᠢᠨ ᠨᠡᠭᠦᠳᠡᠯᠴᠢ ᠲᠦᠮᠡᠨ ᠣ
ᠤᠷᠣᠭ ᠳᠡᠭᠡᠳᠦ ᠶᠢᠨ ᠸᠠᠴᠢᠷ ᠳᠠᠷᠢ ᠡᠬᠡ
ᠤᠯᠠᠨ ᠢᠶᠠᠨ ᠲᠡᠭᠷᠢ ᠰᠦᠰᠦᠭᠯᠡᠵᠦ ᠲᠠᠬᠢᠭᠰᠠᠨ
ᠲᠠᠬᠢᠭᠰᠠᠨ ᠰᠣᠳᠤᠷ ᠲᠡᠦᠬᠡ
ᠢᠮᠪᠦᠦ ᠢᠮᠪᠦᠦ ᠢᠮᠪᠦᠲᠠᠨᠠ