 

ᠮᠠᠷᠳᠠᠬᠳᠠᠰᠢ ᠦᠬᠡᠢ ᠪᠠᠭᠠᠳᠤᠷᠴᠤᠳ ᠤᠨ ᠮᠦᠩᠬᠡ ᠲᠤᠷᠠᠰᠤᠬᠳᠠᠬᠤ ᠵᠢᠳᠬᠦᠯ

2019-09-09 21:01
  798
  0
  ᠦᠶᠤᠧᠠᠨ ᠤ ᠶᠠᠫᠤᠨ ᠢ ᠡᠰᠡᠷᠬᠦᠴᠡᠬᠦ ᠲᠠᠶᠢᠨ ᠤ ᠲᠤᠷᠠᠰᠬᠠᠯ ᠤᠨ ᠤᠷᠳᠤᠨ ᠳᠤ᠂ ᠬᠦᠮᠦᠰ ᠶᠠᠫᠤᠨ ᠢ ᠡᠰᠡᠷᠬᠦᠴᠡᠬᠦ ᠲᠠᠶᠢᠨ ᠤ ᠦᠶ᠎ᠠ ᠶᠢᠨ ᠬᠡᠷᠡᠯ ᠵᠢᠷᠤᠬ ᠤᠳ ᠢ ᠦᠵᠡᠵᠦ᠂ ᠰᠡᠳᠬᠢᠯ ᠬᠦᠳᠡᠯᠬᠡᠮ᠎ᠠ ᠦᠯᠢᠬᠡᠷ ᠢ ᠨᠢ ᠰᠡᠳᠬᠢᠯ ᠲᠠᠯᠪᠢᠨ ᠰᠤᠨᠤᠰᠴᠤ᠂ 1931 ᠤᠨ ᠠᠴᠠ 1945 ᠤᠨ ᠪᠤᠯᠳᠠᠯᠠᠬᠢ ᠦᠪᠦᠷ ᠮᠤᠩᠭᠤᠯ ᠤᠨ ᠶᠠᠫᠤᠨ ᠢ ᠡᠰᠡᠷᠬᠦᠴᠡᠬᠦ ᠲᠠᠶᠢᠨ ᠤ ᠲᠡᠤᠬᠡ ᠶᠢ ᠡᠷᠬᠢᠴᠡᠬᠦᠯᠤᠨ᠎ᠠ᠃
  1940 ᠤᠨ ᠤ 3 ᠰᠠᠷ᠎ᠠ ᠶᠢᠨ 20 ᠤ ᠰᠦᠨᠢ ᠲᠦᠯᠢ ᠪᠠᠷ ᠹᠦ᠋ ᠽᠦᠸᠧ ᠢ ᠵᠠᠩᠵᠦᠨ ᠴᠡᠷᠢᠭ ᠠᠩᠬᠢ ᠪᠠᠨ ᠲᠠᠶᠢᠴᠢᠯᠠᠨ ᠦᠶᠤᠧᠠᠨ ᠢ ᠡᠬᠡᠬᠦᠯᠦᠨ ᠠᠪᠬᠤ ᠲᠠᠶᠢᠯᠠᠯᠳᠤᠭᠠᠨ ᠢ ᠡᠬᠢᠯᠡᠬᠦᠯᠵᠦ᠂ ᠭᠤᠷᠪᠠᠨ ᠰᠦᠨᠢ ᠭᠤᠷᠪᠠᠨ ᠡᠳᠦᠷ ᠤᠨ ᠰᠢᠷᠦᠬᠦᠨ ᠪᠠᠶᠢᠯᠳᠤᠭᠠᠨ ᠢᠶᠠᠷ ᠲᠠᠮᠵᠢᠨ 5000 ᠭᠠᠷᠤᠢ ᠲᠠᠶᠢᠰᠤᠨ ᠢ ᠰᠦᠨᠦᠬᠡᠨ 1800 ᠭᠠᠷᠤᠢ ᠲᠠᠶᠢᠰᠤᠨ ᠢ ᠤᠯᠵᠠᠯᠠᠵᠦ᠂ ᠶᠠᠫᠤᠨ ᠢ ᠡᠰᠡᠷᠬᠦᠴᠡᠬᠦ ᠲᠠᠶᠢᠨ ᠤ ᠬᠡᠳᠡᠷᠬᠦ ᠲᠠᠭᠠᠷᠢᠯᠳᠠ ᠬᠢᠭᠰᠡᠨ ᠲᠦᠷᠦᠬᠦᠦ ᠢᠯᠠᠯᠳᠠ — ᠦᠶᠤᠧᠠᠨ ᠤ ᠶᠡᠭᠡ ᠢᠯᠠᠯᠳᠠ ᠶᠢ ᠤᠯᠵᠦ᠂ ᠶᠠᠫᠤᠨ ᠴᠡᠷᠢᠭ ᠤᠨ ᠪᠠᠷᠠᠭᠤᠨ ᠬᠤᠶᠢᠰᠢ ᠲᠦᠷᠢᠬᠦ ᠭᠤᠷᠢᠳᠠᠯᠭ᠎ᠠ ᠶᠢ ᠪᠤᠳᠠ ᠨᠢᠷᠬᠡᠨ ᠲᠤᠮᠳᠠᠳᠤᠴᠤᠳ ᠤᠨ ᠶᠠᠫᠤᠨ ᠢ ᠡᠰᠡᠷᠬᠦᠴᠡᠬᠦ ᠢᠳᠡᠬᠡᠯ ᠵᠤᠷᠢᠬ ᠢ ᠶᠡᠬᠡᠬᠡᠨ ᠬᠦᠪᠴᠢᠯᠡᠭᠰᠡᠨ ᠶᠤᠮ᠃
  ᠡᠬᠡ ᠤᠷᠤᠨᠴᠢ ᠵᠠᠩᠵᠤᠨ ᠪᠠᠶᠢᠯᠳᠤᠬᠴᠢᠳ ᠤᠨ ᠬᠠᠯᠠᠭᠤᠨ ᠴᠢᠰᠤ ᠪᠠᠨ ᠤᠷᠤᠰᠬᠠᠵᠤ ᠡᠷᠡᠯᠭᠡᠭᠯᠡᠨ ᠪᠠᠶᠢᠯᠳᠤᠬᠰᠠᠨ ᠡᠨᠡ ᠬᠦ ᠲᠠᠶᠢᠯᠠᠯᠳᠤᠭᠠᠨ ᠤ ᠪᠠᠭᠤᠷᠢ ᠲᠡᠭᠡᠷ᠎ᠠ ᠤᠳᠤ ᠨᠢᠬᠡᠨᠳᠡ ᠦᠶᠤᠧᠠᠨ ᠤ ᠶᠠᠫᠤᠨ ᠢ ᠡᠰᠡᠷᠬᠦᠴᠡᠬᠦ ᠲᠠᠶᠢᠨ ᠤ ᠲᠤᠷᠠᠰᠬᠠᠯ ᠤᠨ ᠬᠦᠷᠢᠶᠡᠯᠡᠩ ᠪᠠᠶᠢᠭᠤᠯᠤᠬᠳᠠᠵᠦ᠂ ᠬᠦᠮᠦᠰ ᠤᠯᠤᠰ ᠦᠨᠳᠦᠰᠦᠳᠡᠨ ᠤ ᠪᠠᠨ ᠲᠦᠯᠦᠬᠡ ᠲᠡᠮᠡᠴᠡᠭᠰᠡᠨ ᠪᠠᠭᠠᠳᠤᠷᠴᠤᠳ ᠢᠶᠠᠨ ᠲᠤᠷᠠᠰᠬᠠᠬᠤ ᠪᠠᠷ ᠲᠠᠰᠤᠷᠠᠰᠢ ᠦᠬᠡᠢ ᠴᠤᠪᠤᠵᠠᠭᠠᠨ᠎ᠠ᠃ ᠠᠳᠡ ᠪᠠᠶᠢᠯᠳᠤᠭᠠᠨ ᠤ ᠲᠤᠮᠳᠠ ᠪᠡᠶ᠎ᠠ ᠦᠷᠡᠭᠳᠡᠭᠰᠡᠨ 679 ᠲᠠᠷᠤᠭ᠎ᠠ ᠪᠠᠶᠢᠯᠳᠤᠬᠴᠢ ᠶᠢᠨ ᠴᠢᠨᠳᠠᠷ ᠢ ᠲᠠᠯᠪᠢᠵᠦ ᠪᠠᠶᠢᠳᠠᠬ᠃ ᠬᠡᠬᠦ ᠳᠡᠭᠡᠨ ᠠᠳᠡ ᠪᠤᠯᠠᠰᠢᠯᠠᠵᠦ ᠪᠠᠶᠢᠭ᠎ᠠ ᠨᠢ ᠪᠦᠷᠢᠨ ᠪᠦᠳᠦᠨ ᠬᠡᠬᠦᠷ ᠪᠡᠶ᠎ᠠ ᠪᠢᠰᠢ᠂ ᠬᠠᠷᠢᠨ ᠲᠠᠰᠤᠷᠬᠠᠢ ᠭᠠᠷ ᠪᠤᠶᠤ ᠬᠤᠭᠤᠷᠬᠠᠢ ᠬᠦᠯ᠂ ᠡᠰᠡᠬᠦᠯ᠎ᠠ ᠬᠠᠭᠠᠰ ᠲᠤᠳᠠᠭᠤ ᠬᠡᠬᠦᠷ ᠪᠡᠶ᠎ᠠ᠂ ᠠᠯᠢ ᠡᠰᠡᠬᠦᠯ᠎ᠠ ᠨᠢᠬᠡ ᠤᠰᠤᠨ ᠬᠤᠪᠢᠩ᠂ ᠨᠢᠬᠡ ᠫᠤᠤ᠂ ᠬᠡᠳᠦᠨ ᠰᠤᠮᠤ ᠠᠵᠢ ᠁
  ︽ᠪᠢ ᠦᠶᠤᠧᠠᠨ ᠤ ᠬᠦᠮᠦᠨ ᠪᠤᠯᠤᠬᠰᠠᠨ ᠤ ᠬᠤᠪᠢ ᠳᠤ ᠬᠦᠦ ᠳᠡᠭᠡᠨ ᠮᠠᠨ ᠤ ᠨᠤᠳᠤᠬ ᠲᠤ ᠡᠬᠦᠰᠦᠭᠰᠡᠨ ᠡᠨᠡ ᠬᠦ ᠲᠡᠤᠬᠡ ᠶᠢ ᠮᠡᠳᠡᠬᠦᠯᠵᠦ᠂ ᠦᠨᠦᠳᠦᠷ ᠤᠨ ᠠᠮᠢᠳᠤᠷᠠᠯ ᠬᠢᠯᠪᠠᠷ ᠪᠤᠰᠤ ᠪᠠᠷ ᠢᠷᠡᠭᠰᠡᠨ ᠬᠡᠳᠡᠭ ᠢ ᠤᠢᠢᠯᠠᠭᠠᠭᠤᠯᠤᠨ᠂ ᠪᠢᠳᠡᠨ ᠤ ᠦᠨᠦᠳᠦᠷ ᠤᠨ ᠵᠤᠯ ᠵᠢᠷᠭᠠᠯᠳᠤ ᠠᠮᠢᠳᠤᠷᠠᠯ ᠢ ᠡᠳᠡᠬᠡᠷ ᠪᠠᠭᠠᠳᠤᠷᠴᠤᠳ ᠬᠠᠯᠠᠭᠤᠨ ᠠᠮᠢ ᠪᠦᠯᠢᠶᠡᠨ ᠴᠢᠰᠤ ᠪᠠᠷ ᠢᠶᠠᠨ ᠰᠤᠯᠢᠵᠦ ᠠᠪᠴᠢᠷᠠᠬᠰᠠᠨ ᠬᠡᠳᠡᠭ ᠢ ᠲᠠᠨᠢᠭᠤᠯᠤᠶ᠎ᠠ ᠭᠡᠰᠡᠨ ᠶᠤᠮ︾ ᠬᠡᠵᠦ ᠲᠠᠪᠤᠳᠤᠭᠠᠷ ᠤᠨ ᠳᠤ ᠰᠤᠷᠤᠯᠴᠠᠵᠦ ᠪᠠᠶᠢᠭ᠎ᠠ ᠬᠦᠦ ᠪᠠᠨ ᠲᠠᠭᠠᠭᠤᠯᠤᠨ ᠲᠤᠭᠤᠷᠢᠨ ᠦᠵᠡᠵᠦ ᠪᠠᠶᠢᠬᠰᠠᠨ ᠯᠢ ᠨᠠ ᠶᠠᠷᠢᠨ᠎ᠠ᠃ ᠦᠶᠤᠧᠠᠨ ᠤ ᠶᠠᠫᠤᠨ ᠢ ᠡᠰᠡᠷᠬᠦᠴᠡᠬᠦ ᠲᠠᠶᠢᠨ ᠤ ᠲᠤᠷᠠᠰᠬᠠᠯ ᠤᠨ ᠬᠦᠷᠢᠶᠡᠯᠡᠩ ᠨᠢ ᠠᠰᠢᠬᠯᠠᠯᠳᠠ ᠳᠤ ᠤᠷᠤᠬᠰᠠᠨ ᠠᠴᠠ ᠨᠠᠭᠠᠰᠢ᠂ ᠨᠢᠬᠡᠨᠳᠡ 8 ᠲᠦᠮᠡ ᠭᠠᠷᠤᠢ ᠬᠦᠮᠦᠨ ︵ᠤᠳᠠᠭ᠎ᠠ︶ ᠠᠳᠡ ᠢᠷᠡᠵᠦ ᠲᠤᠭᠤᠷᠢᠨ ᠦᠵᠡᠵᠦ᠂ ᠦᠪᠡᠷᠳᠡᠬᠡᠨ ᠵᠠᠰᠠᠬᠤ ᠤᠷᠤᠨ ᠤ ᠪᠠᠷᠠᠭᠤᠨ ᠪᠡᠶ᠎ᠠ ᠶᠢᠨ ᠬᠤᠪᠢᠰᠬᠠᠯᠳᠤ ᠵᠢᠭᠤᠯᠴᠢᠯᠠᠯ ᠤᠨ ᠴᠢᠬᠤᠯᠠ ᠬᠠᠷᠠᠯᠳᠠᠳᠤ ᠤᠷᠤᠨ ᠪᠠ ᠤᠢᠢᠷᠠᠯᠴᠠᠭᠠᠬᠢ ᠭᠠᠵᠠᠷ ᠤᠷᠤᠨ ᠤ ᠲᠤᠮᠳᠠᠳᠤ ᠪᠠᠭ᠎ᠠ ᠰᠤᠷᠭᠠᠭᠤᠯᠢ ᠶᠢᠨ ᠡᠬᠡ ᠤᠷᠤᠨᠴᠢ ᠦᠵᠡᠯ ᠤᠨ ᠬᠦᠮᠦᠵᠢᠯ ᠤᠨ ᠰᠠᠭᠤᠷᠢᠨ ᠪᠤᠯᠤᠬᠰᠠᠨ ᠪᠢᠯᠡ᠃
  ᠦᠶᠤᠧᠠᠨ ᠤ ᠶᠠᠫᠤᠨ ᠢ ᠡᠰᠡᠷᠬᠦᠴᠡᠬᠦ ᠲᠠᠶᠢᠨ ᠤ ᠲᠤᠷᠠᠰᠬᠠᠯ ᠤᠨ ᠬᠦᠷᠢᠶᠡᠯᠡᠩ ᠤᠨ ᠲᠠᠶᠢᠯᠪᠤᠷᠢᠯᠠᠬᠴᠢ ᠶᠢᠨ ᠠᠵᠢᠯ ᠤᠨ ᠪᠠᠶᠢᠷᠢᠨ ᠳᠤ ᠭᠠᠷᠤᠭᠠᠳ 3 ᠵᠢᠯ ᠤᠨ ᠨᠢᠭᠤᠷ ᠦᠵᠡᠵᠦ ᠪᠠᠶᠢᠭ᠎ᠠ ᠵᠤᠤ ᠹᠠᠩ ᠴᠢ ᠰᠤᠷᠪᠤᠯᠵᠢᠯᠠᠭ᠎ᠠ ᠬᠦᠯᠢᠶᠡᠬᠦ ᠳᠡᠭᠡᠨ᠄ ︽ᠪᠢ ᠠᠳᠡ ᠲᠤᠭᠤᠷᠢᠨ ᠦᠵᠡᠬᠦ ᠪᠠᠷ ᠢᠷᠡᠭᠰᠡᠨ ᠤᠯᠠᠨ ᠬᠦᠮᠦᠨ ᠳᠤ ᠲᠠᠶᠢᠯᠪᠤᠷᠢᠯᠠᠬᠤ ᠦᠢᠯᠡᠴᠢᠯᠡᠭᠡ ᠬᠠᠩᠭᠠᠬᠰᠠᠨ᠂ ᠬᠡᠬᠦ ᠳᠡᠭᠡᠨ ᠬᠠᠮᠤᠬ ᠤᠨ ᠬᠦᠨ ᠰᠠᠭᠤᠬᠳᠠᠯ ᠦᠯᠡᠳᠡᠭᠡᠭᠰᠡᠨ ᠨᠢ ᠴᠦᠩᠴᠢᠩ ᠠᠴᠠ ᠢᠷᠡᠭᠰᠡᠨ ᠨᠢᠬᠡᠨ ᠠᠬᠠᠮᠠᠳ ᠪᠠᠶᠢᠯᠳᠤᠬᠴᠢ ᠪᠤᠯᠬᠤ ᠶᠤᠮ᠃ ᠡᠨᠡ ᠨᠠᠰᠤᠳᠠᠨ ᠬᠡᠷ ᠤᠨ ᠬᠦᠮᠦᠰ ᠢᠶᠠᠷ ᠢᠶᠠᠨ ᠲᠦᠰᠢᠬᠦᠯᠦᠨ ᠢᠷᠡᠵᠦ᠂ ᠦᠷᠡᠭᠳᠡᠭᠰᠡᠨ ᠪᠠᠭᠠᠳᠤᠷᠴᠤᠳ ᠤᠨ ᠮᠦᠩᠬᠡ ᠨᠦᠢᠷᠰᠤᠬᠰᠠᠨ ᠭᠠᠵᠠᠷ ᠲᠡᠶᠢᠰᠢ ᠬᠠᠨᠳᠤᠵᠦ ᠴᠡᠴᠡᠷᠬᠢᠯᠡᠭᠰᠡᠨ ᠭᠠᠷ ᠢᠶᠠᠷ ᠢᠶᠠᠨ ᠴᠡᠷᠢᠭ ᠤᠨ ᠶᠤᠰᠤ ᠬᠦᠢᠴᠡᠳᠭᠡᠭᠰᠡᠨ᠃ ︿ᠮᠢᠨᠤ ᠦᠬᠦᠵᠦ ᠰᠡᠬᠡᠬᠦ ᠪᠠᠨ ᠬᠠᠮᠳᠤᠳᠬᠠᠬᠰᠠᠨ ᠲᠠᠶᠢᠴᠢᠨ ᠠᠨᠳᠠ᠂ ᠠᠬ᠎ᠠ ᠲᠡᠬᠦᠦ ᠨᠠᠷ ᠮᠢᠨᠢ ᠠᠳᠡ ᠨᠦᠢᠷᠰᠤᠵᠦ ᠪᠤᠢ᠂ ᠪᠢ ᠲᠡᠳᠡᠨᠦᠰ ᠢᠶᠠᠨ ᠰᠠᠨᠠᠴᠢᠬᠠᠯ᠎ᠠ ᠁﹀ ᠬᠡᠵᠦ ᠨᠠᠰᠤᠳᠠᠨ ᠬᠡᠯᠡᠵᠦ ᠪᠠᠶᠢᠬᠰᠠᠨ ᠨᠢ ᠨᠠᠮᠠᠢᠢ ᠮᠠᠰᠢ ᠲᠤᠬᠳᠤᠯᠤᠭᠤᠯᠵᠦ᠂ ᠲᠦᠢᠯ ᠤᠨ ᠶᠡᠭᠡ ᠬᠦᠨᠳᠦᠳᠬᠡᠯ ᠤᠨ ᠰᠡᠳᠬᠢᠯ ᠲᠦᠷᠦᠭᠳᠡᠬᠦᠯᠦᠭᠰᠡᠨ︾ ᠬᠡᠪᠡ᠃
  ᠦᠶᠤᠧᠠᠨ ᠤ ᠶᠠᠫᠤᠨ ᠢ ᠡᠰᠡᠷᠬᠦᠴᠡᠬᠦ ᠲᠠᠶᠢᠨ ᠤ ᠲᠤᠷᠠᠰᠬᠠᠯ ᠤᠨ ᠬᠦᠷᠢᠶᠡᠯᠡᠩ ᠠᠴᠠ ᠭᠠᠷᠴᠤ ᠢᠷᠡᠭᠡᠳ ᠡᠷᠬᠢᠵᠦ ᠪᠠᠷᠠᠯᠠᠪᠠᠯ᠂ ᠲᠤᠷᠠᠰᠬᠠᠯ ᠤᠨ ᠬᠦᠰᠢᠶ᠎ᠠ ᠨᠢ ᠰᠦᠷᠯᠢᠭᠬᠡᠨ ᠰᠦᠭᠯᠡᠶᠢᠨ ᠬᠠᠷᠠᠬᠳᠠᠵᠦ᠂ ᠭᠤᠷᠪᠠᠨ ᠰᠡᠯᠡᠮ᠎ᠠ ᠶᠢᠨ ᠬᠡᠯᠪᠡᠷᠢᠳᠤ ᠬᠦᠰᠢᠶ᠎ᠠ ᠨᠢ ᠶᠠᠫᠤᠨ ᠢ ᠡᠰᠡᠷᠬᠦᠴᠡᠬᠦ ᠲᠠᠶᠢᠨ ᠳᠤ ᠤᠷᠤᠯᠴᠠᠬᠰᠠᠨ ᠭᠤᠷᠪᠠᠨ ᠭᠤᠤᠯ ᠴᠡᠷᠢᠭ ᠠᠩᠬᠢ — 101 ᠳ᠋ᠤᠬᠡᠷ ᠳ᠋ᠢᠧᠢᠽᠢ᠂ ᠰᠢᠨ᠎ᠠ 31 ᠳ᠋ᠤᠬᠡᠷ ᠳ᠋ᠢᠧᠢᠽᠢ ᠪᠠ 32 ᠳ᠋ᠤᠭᠠᠷ ᠳ᠋ᠢᠧᠢᠽᠢ ᠶᠢ ᠲᠦᠯᠦᠭᠡᠯᠡᠵᠦ᠂ ᠲᠤᠷᠠᠰᠬᠠᠯ ᠤᠨ ᠬᠦᠰᠢᠶ᠎ᠠ ᠲᠡᠭᠡᠷ᠎ᠠ ᠹᠦ᠋ ᠽᠦᠸᠧ ᠢ ᠵᠠᠩᠵᠤᠨ ᠤ ︽ᠦᠶᠤᠧᠠᠨ ᠤ ᠶᠠᠫᠤᠨ ᠢ ᠡᠰᠡᠷᠬᠦᠴᠡᠬᠦ ᠲᠠᠶᠢᠨ ᠳᠤ ᠦᠷᠡᠭᠳᠡᠭᠰᠡᠨ ᠪᠠᠭᠠᠳᠤᠷᠴᠤᠳ ᠤᠨ ᠲᠤᠷᠠᠰᠬᠠᠯ ᠤᠨ ᠬᠦᠰᠢᠶ᠎ᠠ︾ ᠬᠡᠬᠦ ᠪᠢᠴᠢᠬᠡᠰᠤ ᠲᠤᠷᠠᠶᠢᠵᠦ ᠪᠠᠶᠢᠯ᠎ᠠ᠃
  ᠮᠠᠷᠳᠠᠭᠳᠠᠰᠢ ᠦᠬᠡᠢ ᠪᠠᠭᠠᠳᠤᠷᠴᠤᠳ ᠤᠨ ᠭᠠᠪᠢᠶ᠎ᠠ ᠵᠢᠳᠬᠦᠯ ᠮᠦᠩᠬᠡ ᠲᠤᠷᠠᠰᠤᠬᠳᠠᠬᠤ ᠶᠤᠰᠤᠳᠠᠢ︕ ᠵᠣᠬᠢᠶᠠᠭᠴᠢ᠄  ᠬᠠᠢ ᠴᠢᠣᠸᠠᠨ



  
     
     