-
31176
2016-07-11 18:36
754
0
ᠵᠢᠷᠭᠤᠳᠠᠬᠢ ᠮᠡᠳᠡᠷᠡᠮᠵᠢ ᠭᠡᠵᠤ ᠶᠠᠭᠤ ᠪᠤᠢ
ᠤᠶᠤᠨ ᠤᠬᠠᠭᠠᠨᠲᠦ ᠬᠦᠮᠦᠨ ᠡᠭᠦᠰᠦᠭᠰᠡᠨ ᠴᠠᠭ ᠠᠴᠠ ᠡᠬᠢᠯᠡᠭᠡᠳ ᠣᠷᠣᠰᠢᠬᠤᠢ ᠶᠢᠨ ᠶᠠᠭᠤᠮ᠎ᠠ ᠠᠴᠠ ᠦᠵᠡᠭᠳᠡᠯ ᠪᠤᠯᠤᠭᠠᠳ ᠪᠠᠶᠢᠭᠠᠯᠢ ᠶᠢ ᠲᠡᠯᠡᠬᠡᠢ ᠲᠠᠢ ᠪᠡᠶ᠎ᠡ ᠪᠡᠷ ᠢᠶᠡᠨ ᠪᠤᠰᠤ ᠤᠬᠠᠮᠰᠠᠷᠠᠯ ᠤᠨ ᠲᠦᠪᠰᠢᠨ ᠳ᠋ᠥ ᠬᠠᠷᠢᠯᠴᠠᠵᠤ ᠡᠬᠢᠯᠡᠭᠰᠡᠨ ᠃ ᠡᠬᠦᠨ ᠢ ᠵᠦᠩ ᠂ ᠵᠢᠷᠭᠤᠭᠠᠳᠠᠬᠢ ᠮᠡᠳᠡᠷᠡᠬᠦᠢ ᠂ ᠨᠥᠭᠦᠭᠡ ᠶᠢᠷᠲᠢᠨᠴᠦ ᠲᠠᠢ ᠬᠠᠷᠢᠯᠴᠠᠭ᠎ᠠ ᠲᠤᠭᠲᠠᠭᠠᠬᠤ ᠴᠢᠳᠠᠪᠤᠷᠢ ᠵᠡᠷᠭᠡ ᠤᠶᠢᠯᠭᠠᠯᠲᠠ ᠶᠢᠨ ᠬᠤᠪᠢ ᠳ᠋ᠥ ᠠᠳᠠᠯᠢᠬᠠᠨ ᠴᠦ ᠥᠭᠡᠷ᠎ᠡ ᠥᠭᠡᠷ᠎ᠡ ᠢᠶᠡᠷ ᠨᠡᠷᠡᠯᠡᠵᠤ ᠢᠷᠡᠭᠰᠡᠨ ᠪᠢᠯᠡ ᠃ ᠵᠠᠷᠢᠮ ᠬᠦᠮᠦᠰ ᠡᠶᠢᠮᠦᠷᠬᠦ ᠵᠦᠢᠯᠡᠰ ᠳ᠋ᠥ ᠣᠭᠲᠣ ᠢᠲᠡᠭᠡᠳᠡᠭ ᠦᠭᠡᠢ ᠰᠢᠤ ᠳ᠋ᠧ ᠃ ᠲᠡᠭᠡᠪᠡᠯ ᠡᠨᠡ ᠦᠨᠡᠬᠡᠷ ᠦᠨᠡᠨ ᠪᠤᠯᠪᠠᠤ ᠤᠤ ᠲᠠ ᠪᠦᠬᠦᠨ ᠳ᠋ᠥ ᠬᠠᠷᠢᠭᠤᠯᠲᠠ ᠪᠤᠯᠵᠤ ᠴᠢᠳᠠᠨ᠎ᠠ ᠬᠡᠮᠡᠨ ᠰᠡᠳᠬᠢᠵᠤ ᠡᠨᠡᠬᠦ ᠮᠡᠳᠡᠭᠡᠯᠡᠯ ᠢ ᠪᠡᠯᠡᠳᠭᠡᠪᠡ ᠃
1. ᠵᠢᠷᠭᠤᠳᠠᠬᠢ ᠮᠡᠳᠡᠷᠡᠬᠦᠢ ᠶᠢᠨ ᠲᠠᠯ᠎ᠠ ᠪᠠᠷ ᠶᠡᠷᠦᠩᠬᠡᠢ ᠤᠶᠢᠯᠠᠭᠠᠯᠲᠠ
ᠡᠨᠡ ᠨᠢ ᠬᠦᠮᠦᠨ ᠣ ᠬᠠᠷᠠᠵᠤ᠂ ᠮᠡᠳᠡᠷᠡᠵᠤ ᠴᠢᠳᠠᠬᠤ 5 ᠮᠡᠳᠡᠷᠡᠬᠦᠢ ᠪᠤᠶᠤ ᠬᠠᠷᠠᠬᠤ ᠂ ᠰᠤᠨᠤᠰᠬᠤ ᠂ ᠦᠨᠦᠷᠯᠡᠬᠦ ᠂ ᠠᠮᠲᠠᠯᠠᠬᠤ ᠂ ᠬᠦᠷᠲᠡᠬᠦ ᠮᠡᠳᠡᠷᠡᠬᠦᠢ ᠡᠴᠡ ᠲᠡᠭᠡᠭᠦᠷ ᠂ ᠤᠶᠤᠨ ᠤᠬᠠᠭᠠᠨ ᠣ ᠪᠤᠯᠤᠨ ᠰᠦᠨᠡᠰᠦᠨ ᠦ ᠲᠦᠪᠰᠢᠨ ᠳ᠋ᠡᠬᠢ ᠮᠡᠳᠡᠷᠡᠮᠵᠢ ᠶᠢ ᠬᠡᠯᠡᠳᠡᠭ ᠃ ᠥᠭᠡᠷ᠎ᠡ ᠪᠡᠷ ᠬᠡᠯᠡᠪᠡᠯ ᠵᠢᠷ ᠦᠨ ᠬᠦᠮᠦᠨ ᠦ ᠬᠠᠷᠠᠵᠤ ᠴᠢᠳᠠᠬᠤ ᠦᠭᠡᠢ ᠶᠠᠭᠤᠮ᠎ᠠ ᠶᠢ ᠬᠠᠷᠠᠵᠤ ᠂ ᠲᠡᠳᠡᠨ ᠲᠠᠢ ᠬᠠᠷᠢᠯᠴᠠᠨ ᠂ ᠢᠷᠡᠭᠡᠳᠦᠢ ᠳ᠋ᠥ ᠤᠴᠠᠷᠠᠵᠤ ᠪᠣᠯᠬᠣ ᠲᠠᠭ᠎ᠠ ᠦᠭᠡᠢ ᠵᠤᠶᠢᠯᠡᠰ ᠢ ᠤᠷᠢᠳᠴᠢᠯᠠᠨ ᠵᠦᠩᠨᠡᠵᠤ ᠰᠠᠨᠠᠭᠤᠯᠵᠤ ᠭᠡᠬᠦ ᠮᠡᠲᠦ ᠂ ᠂ ᠂ ᠡᠳᠦᠭᠡ ᠲᠸ᠋ᠭ᠍ᠨᠤᠯᠤᠭᠢ ᠬᠦᠮᠦᠨ ᠦ ᠶᠡᠷᠦᠩᠬᠡᠢ ᠪᠡᠶ᠎ᠡ ᠶᠢᠨ ᠡᠨ᠋ᠸ᠋ᠷᠭᠢ ᠂ ᠵᠡᠷᠭᠡ ᠡᠴᠡ ᠲᠤᠬᠠᠢ ᠶᠢᠨ ᠬᠦᠮᠦᠨ ᠶᠢ ᠬᠢᠷᠢ ᠵᠦᠩ ᠰᠣᠪᠢᠨ ᠲᠠᠢ ᠮᠡᠳᠡᠷᠡᠮᠵᠢ ᠲᠠᠢ ᠬᠦᠮᠦᠨ ᠪᠤᠯᠬᠤ ᠶᠢ ᠬᠡᠯᠡᠳᠡᠭ ᠪᠣᠯᠵᠠᠢ ᠃
2 ᠲᠤᠰ ᠮᠡᠳᠡᠷᠡᠮᠵᠢ ᠶᠢ ᠪᠤᠯᠤᠳᠠᠭ ᠤᠤ
ᠡᠷᠳᠡᠮᠲᠡᠳ ᠂ ᠬᠦᠮᠦᠨ ᠢ 5 ᠮᠡᠳᠡᠷᠡᠬᠦᠢ ᠡᠴᠡ ᠭᠠᠳᠠᠨ᠎ᠠ ᠡᠪᠡᠳᠴᠢᠨ ᠮᠡᠳᠡᠷᠡᠬᠦ ᠂ ᠰᠢᠢᠳᠪᠤᠷᠢ ᠭᠠᠷᠭᠠᠬᠤ ᠭᠡᠬᠦ ᠮᠡᠲᠦ ᠬᠡᠳᠦ ᠬᠡᠳᠦᠨ ᠮᠡᠳᠡᠷᠡᠬᠦᠢ ᠲᠠᠢ ᠪᠣᠯᠬᠤ ᠶᠢ ᠰᠤᠳᠤᠯᠤᠭᠰᠠᠨ ᠪᠠᠶᠢᠳᠠᠭ ᠃ ᠴᠠᠭ ᠬᠤᠭᠤᠴᠠᠭ᠎ᠠ ᠶᠢᠨ ᠲᠤᠷᠰᠢᠳᠠ ᠬᠦᠮᠦᠨ ᠦ ᠪᠡᠶ᠎ᠡ ᠹᠢᠽᠢᠣᠯᠣᠭᠢ ᠂ ᠰᠡᠳᠬᠢᠯ ᠵᠦᠢ ᠂ ᠮᠠᠰᠢ ᠶᠡᠬᠡ ᠪᠡᠷ ᠦᠭᠡᠷᠴᠢᠯᠡᠭᠳᠡᠵᠤ ᠪᠠᠶᠢᠳᠠᠭ ᠤᠴᠢᠷ ᠠᠴᠠ ᠵᠢᠷᠭᠤᠳᠠᠬᠢ ᠮᠡᠳᠡᠷᠡᠮᠵᠢ ᠪᠤᠯᠬᠤ ᠶᠢ ᠦᠭᠡᠶᠢᠰᠭᠡᠬᠦ ᠦᠭᠡᠢ ᠃ ᠭᠡᠪᠡᠴᠦ ᠶᠡᠬᠡᠩᠬᠡᠢ ᠲᠤᠬᠢᠶᠠᠯᠳᠤᠯ ᠳ᠋ᠥ ᠲᠦᠷᠦᠬᠦ ᠡᠴᠡ ᠪᠡᠨ ᠲᠠᠮᠵᠢᠨ ᠤᠯᠠᠮᠵᠢᠯᠠᠭᠳᠠᠬᠤ ᠨᠢ ᠠᠵᠠᠢ ᠂ ᠂ ᠂ ᠪᠢᠳᠡ ᠵᠠᠷᠢᠮ ᠳ᠋ᠥ ᠪᠡᠨ ᠦᠢᠯᠡ ᠶᠠᠪᠤᠳᠠᠯ ᠲᠠᠬᠢᠨ ᠲᠠᠪᠲᠠᠭᠳᠠᠵᠤ ᠪᠠᠶᠢᠭ᠎ᠠ ᠮᠡᠲᠦ ᠮᠡᠳᠡᠷᠡᠮᠵᠢ ᠂ ᠲᠠᠨᠢᠬᠤ ᠦᠭᠡᠢ ᠬᠢᠷᠢᠨ ᠦ ᠤᠷᠢᠳᠤ ᠡᠮᠦᠨ᠎ᠡ ᠠᠭᠤᠯᠵᠠᠵᠤ ᠪᠠᠶᠢᠭᠰᠠᠨ ᠮᠡᠲᠦ ᠰᠠᠨᠠᠭᠳᠠᠬᠤ ᠂ ᠲᠤᠩ ᠤᠳᠠᠬᠤ ᠦᠭᠡᠢ ᠶᠠᠮᠠᠷ ᠨᠢᠭᠡ ᠰᠠᠶᠢᠨ ᠡᠰᠡᠪᠡᠯ ᠢᠷᠸ᠎ᠠ ᠶᠢᠨ ᠮᠠᠭᠤ ᠵᠦᠢᠯ ᠲᠤᠬᠢᠶᠠᠯᠳᠤᠬᠤ ᠭᠡᠵᠤ ᠪᠠᠶᠢᠭ᠎ᠠ ᠮᠡᠲᠦ ᠰᠠᠨᠠᠭᠳᠠᠳᠠᠭ ᠪᠦᠭᠡᠳ ᠡᠭᠦᠨ ᠢ ᠪᠡᠨ ᠵᠦᠩ ᠰᠤᠪᠢᠨ ᠬᠡᠮᠡᠨ ᠨᠡᠷᠡᠯᠡᠳᠡᠭ ᠰᠢᠤ ᠳ᠋ᠠ ᠃ ᠡᠨᠡ ᠨᠢ ᠴᠦ ᠮᠦᠨ ᠵᠢᠷᠭᠤᠳᠠᠬᠢ ᠮᠡᠳᠡᠷᠡᠬᠦᠢ ᠶᠢᠨ ᠢᠯᠡᠷᠡᠯ ᠶᠤᠮ᠃ ᠴᠣᠬᠣᠮ ᠲᠡᠭᠦᠨ ᠢ ᠬᠡᠷᠬᠢᠨ ᠂ ᠤᠶᠤᠨ ᠰᠠᠨᠠᠭ᠎ᠠ ᠪᠠᠨ ᠵᠦᠪ ᠴᠢᠭᠴᠢᠲᠡᠢ ᠪᠠᠶᠢᠯᠭᠠᠬᠤ ᠠᠴᠠ ᠴᠢᠨᠠᠭᠰᠢᠳᠠ ᠢᠯᠡᠭᠦᠦ ᠨᠢ ᠬᠠᠮᠢᠶᠠᠳᠤᠯ ᠲᠠᠢ ᠃
3.ᠬᠦᠮᠦᠨ ᠦ ᠪᠡᠶ᠎ᠡ ᠳ᠋ᠥ ᠬᠡᠷᠬᠢᠨ ᠮᠡᠳᠡᠷᠡᠭᠳᠡᠬᠦ ᠪᠤᠢ
ᠮᠡᠳᠡᠷᠡᠮᠵᠢ ᠪᠦᠬᠦᠨ ᠦᠪᠡᠷ ᠦᠨ ᠤᠨᠴᠠᠯᠢᠭ ᠲᠠᠢ ᠪᠠᠶᠢᠳᠠᠭ ᠃ ᠪᠢᠳᠡ ᠲᠡᠭᠦᠨ ᠦ ᠲᠤᠲᠤᠷᠬᠠᠢ ᠪᠠᠶᠢᠳᠠᠯ ᠢᠶᠠᠷ ᠮᠡᠳᠡᠷᠡᠵᠤ ᠲᠠᠨᠢᠳᠠᠭ ᠰᠢᠤ ᠳ᠋ᠠ ᠃ ᠡᠭᠦᠨ ᠦ ᠨᠢᠭᠡᠨ ᠠᠳᠠᠯᠢ ᠵᠦᠩ ᠰᠤᠪᠢᠨ ᠂ ᠲᠠᠯᠳᠠ ᠤᠬᠠᠮᠰᠠᠷ ᠵᠡᠷᠭᠡ ᠶᠢ ᠴᠦ ᠮᠡᠳᠡᠷᠡᠬᠦ ᠂ ᠲᠠᠨᠢᠬᠤ ᠪᠣᠯᠣᠮᠵᠢᠲᠠᠢ ᠃ ᠡᠨᠡ ᠨᠢ ᠬᠦᠮᠦᠨ ᠬᠦᠮᠦᠨ ᠳ᠋ᠥ ᠬᠠᠷᠢᠯᠴᠠᠨ ᠠᠳᠠᠯᠢ ᠦᠭᠡᠢ ᠢᠯᠡᠷᠡᠳᠡᠭ ᠃ ᠵᠠᠷᠢᠮ ᠬᠦᠮᠦᠨ ᠳ᠋ᠥ ᠵᠡᠭᠦᠳᠡᠨ ᠢᠯᠡᠷᠡᠬᠦ ᠂ ᠵᠦᠩ ᠲᠠᠢ ᠵᠡᠭᠦᠳᠦ ᠵᠡᠭᠦᠳᠦᠯᠡᠳᠡᠭ ᠪᠠᠶᠢᠬᠤ ᠳ᠋ᠥ ᠂ ᠪᠡᠶ᠎ᠡ ᠨᠢ ᠲᠠᠪᠠ ᠦᠭᠡᠶᠢᠷᠡᠬᠦ ᠂ ᠰᠡᠳᠬᠢᠯ ᠰᠠᠨᠠᠭ᠎ᠠ ᠲᠠᠭᠠᠷᠠᠤᠬᠠᠨ ᠪᠤᠯᠬᠤ ᠂ ᠪᠤᠰᠤᠳ ᠢ ᠠᠵᠠ ᠦᠭᠡᠶᠢᠲᠡᠵᠤ ᠪᠠᠶᠢᠨ᠎ᠠ ᠂ ᠠᠶᠤᠯ ᠲᠣ ᠦᠷᠲᠦᠵᠤ ᠪᠠᠶᠢᠨ᠎ᠠ ᠭᠡᠬᠦ ᠵᠡᠷᠭᠡ ᠪᠡᠷ ᠪᠣᠳᠠᠲᠣ ᠮᠡᠲᠦ ᠲᠦᠰᠦᠭᠡᠯᠡᠨ ᠪᠤᠳᠤᠵᠤ ᠂ ᠮᠠᠭᠤ ᠦᠢᠯᠡ ᠶᠠᠪᠤᠳᠠᠯ ᠢ ᠮᠡᠳᠡᠷᠡᠳᠡᠭ ᠠᠵᠠᠢ ᠃
4.ᠶᠠᠮᠠᠷ ᠵᠠᠮ ᠢᠶᠠᠷ ᠪᠤᠢ
ᠬᠦᠮᠦᠰ ᠶᠡᠬᠡᠪᠴᠢᠯᠡᠨ ᠪᠢᠰᠢᠯᠭᠠᠯ ᠤᠨ ᠵᠠᠮ ᠢᠶᠠᠷ ᠥᠪᠡᠷ ᠦᠨ 6 ᠳᠠᠬᠢ ᠮᠡᠳᠡᠷᠡᠮᠵᠢ ᠶᠢ ᠃ ᠥᠪᠡᠷ ᠦᠨ ᠣᠶᠤᠨ ᠪᠣᠳᠣᠯ᠂ ᠳᠣᠲᠣᠭᠠᠳᠤ ᠮᠡᠳᠡᠷᠡᠮᠵᠢ ᠪᠡᠨ ᠨᠢᠭᠡᠨ ᠲᠦ ᠪᠠᠷᠢᠵᠤ᠂ ᠠᠩᠬᠠᠷᠤᠯ ᠢᠶᠠᠨ ᠰᠠᠶᠢᠨ ᠲᠥᠪᠯᠡᠷᠡᠭᠦᠯᠵᠦ ᠴᠢᠳᠠᠳᠠᠭ ᠪᠠᠶᠢᠬᠤ ᠬᠡᠷᠡᠭᠲᠡᠢ᠃ ᠮᠡᠳᠡᠭᠡᠵᠢ ᠡᠭᠦᠨ ᠢ ᠬᠦᠰᠡᠭᠰᠡᠨ ᠪᠦᠷ ᠬᠢᠵᠦ ᠴᠢᠳᠠᠬᠤ ᠦᠭᠡᠢ᠃ ᠲᠡᠶᠢᠮᠦ ᠡᠴᠡ ᠬᠡᠮᠡᠨ ᠪᠣᠳᠣᠵᠤ ᠪᠠᠶᠢᠪᠠᠯ ᠪᠠᠭ᠎ᠠ ᠦᠭᠡᠢ ᠵᠢᠳᠬᠦᠯ ᠬᠡᠷᠡᠭᠲᠡᠢ᠃ ᠬᠦᠮᠦᠨ ᠬᠦᠮᠦᠨ ᠦ ᠵᠠᠩ ᠪᠠᠶᠢᠳᠠᠯ᠂ ᠰᠡᠷᠡᠯ ᠮᠡᠳᠡᠷᠡᠬᠦᠢ ᠡᠴᠡ ᠬᠠᠮᠢᠶᠠᠷᠤᠨ ᠶᠠᠩᠵᠤ ᠪᠦᠷᠢ ᠪᠡᠷ ᠮᠡᠳᠡᠷᠡᠭᠳᠡᠵᠦ ᠪᠣᠯᠤᠨ᠎ᠠ ᠃
5.ᠪᠢᠳᠡᠨ ᠦ ᠠᠮᠢᠳᠤᠷᠠᠯ ᠳ᠋ᠥ ᠬᠡᠷᠬᠢᠨ ᠨᠦᠯᠦᠭᠡᠯᠡᠳᠡᠭ ᠪᠤᠢ
ᠮᠡᠳᠡᠭᠡᠵᠢ 6 ᠳ᠋ᠠᠬᠢ ᠮᠡᠳᠡᠷᠡᠬᠦᠢ ᠦᠨᠡᠬᠡᠷ ᠂ ᠡᠰᠡᠪᠡᠯ ᠥᠪᠡᠷ ᠲᠦ ᠮᠡᠳᠡᠷᠡᠭᠳᠡᠵᠦ ᠡᠬᠢᠯᠡᠭᠰᠡᠨ ᠦᠶ᠎ᠡ ᠳᠦ ᠬᠦᠮᠦᠨ ᠪᠦᠷᠢ ᠲᠡᠭᠦᠨ ᠢ ᠬᠠᠷᠢᠯᠴᠠᠨ ᠠᠳᠠᠯᠢ ᠦᠭᠡᠢ ᠬᠦᠯᠢᠶᠡᠨ ᠠᠪᠳᠠᠭ᠃ ᠡᠨᠡ ᠨᠢ ᠰᠠᠶᠢᠨ᠂ ᠡᠰᠡᠪᠡᠯ ᠮᠠᠭᠤ ᠪᠠᠷ ᠴᠤ ᠨᠥᠯᠦᠭᠡᠯᠡᠵᠦ ᠪᠣᠯᠬᠤ ᠶᠤᠮ᠃ ᠵᠠᠷᠢᠮ ᠨᠢᠭᠡ ᠨᠢ ᠵᠡᠭᠦᠳᠦᠨ ᠳᠦ ᠪᠡᠨ ᠲᠠᠪᠠ ᠦᠭᠡᠢ ᠵᠡᠭᠦᠳᠦ ᠵᠡᠭᠦᠳᠦᠯᠡᠵᠦ᠂ ᠲᠡᠷᠡ ᠨᠢ ᠤᠳᠠᠯ ᠦᠭᠡᠢ ᠪᠡᠶᠡᠯᠡᠬᠦ ᠳᠦ ᠭᠦᠨ ᠴᠣᠴᠢᠷᠠᠯ ᠳᠤ ᠣᠷᠣᠵᠤ᠂ ᠥᠪᠡᠷ ᠢ ᠪᠡᠨ ᠮᠠᠭᠤ ᠢᠷᠸ᠎ᠠ ᠶᠢ ᠳᠠᠭᠤᠳᠠᠯ᠎ᠠ ᠬᠡᠮᠡᠨ ᠪᠤᠷᠤᠭᠤᠳᠬᠠᠳᠠᠭ᠃ ᠬᠠᠷᠢᠨ ᠡᠰᠡᠷᠭᠦ ᠪᠡᠷ ᠢᠶᠡᠨ ᠵᠥᠩᠨᠡᠭᠰᠡᠨ ᠵᠦᠢᠯ ᠨᠢ ᠪᠡᠶᠡᠯᠡᠬᠦ ᠳᠦ ᠲᠡᠭᠦᠨ ᠡᠴᠡ ᠤᠷᠮᠠᠰᠢᠵᠤ᠂ ᠥᠪᠡᠷ ᠢ ᠪᠡᠨ ᠶᠡᠷᠦ ᠪᠤᠰᠤ ᠶᠢᠨ ᠴᠢᠳᠠᠪᠤᠷᠢ ᠲᠠᠢ ᠬᠡᠮᠡᠨ ᠦᠨᠡᠯᠡᠬᠦ ᠨᠢ ᠴᠤ ᠪᠤᠢ᠃ ᠭᠡᠬᠦ ᠳᠦ ᠪᠡᠨ ᠵᠦᠩ ᠰᠣᠪᠢᠨ᠂ 6 ᠳ᠋ᠠᠬᠢ ᠮᠡᠳᠡᠷᠡᠬᠦᠢ ᠵᠡᠷᠭᠡ ᠨᠢ ᠬᠦᠮᠦᠨ ᠪᠦᠷᠢ ᠳᠦ ᠪᠠᠭᠠᠬᠠᠨ ᠬᠡᠮᠵᠢᠶ᠎ᠡ ᠪᠡᠷ ᠪᠠᠶᠢᠳᠠᠭ ᠪᠣᠯᠬᠤ ᠶᠢ ᠡᠷᠳᠡᠮᠲᠡᠳ ᠰᠤᠳᠤᠯᠵᠠᠢ᠃ ᠴᠣᠬᠣᠮ ᠲᠡᠭᠦᠨ ᠢ ᠪᠡᠨ ᠬᠡᠷᠬᠢᠨ ᠡᠴᠡ ᠯᠠ ᠪᠦᠬᠦ ᠵᠦᠢᠯ ᠰᠢᠯᠲᠠᠭᠠᠯᠠᠳᠠᠭ ᠪᠠᠶᠢᠨ᠎ᠠ᠃
6.ᠶᠠᠮᠠᠷ ᠬᠦᠮᠦᠨ ᠦ ᠵᠢᠷᠭᠤᠳᠠᠬᠢ ᠮᠡᠳᠡᠷᠡᠬᠦᠢ ᠦᠨᠳᠦᠷ ᠪᠠᠶᠢᠳᠠᠭ ᠪᠤᠢ
ᠪᠦᠰᠡᠭᠦᠶᠢᠴᠦᠳ ᠦᠨ ᠬᠤᠪᠢ ᠳᠤ ᠡᠷᠡᠴᠦᠳ ᠢ ᠪᠣᠳᠣᠪᠠᠯ 6 ᠳᠠᠬᠢ ᠮᠡᠳᠡᠷᠡᠬᠦᠢ ᠨᠢ ᠢᠯᠡᠭᠦᠦ ᠲᠡᠢ ᠮᠠᠭᠠᠳᠯᠠᠯ ᠴᠤ ᠥᠨᠳᠥᠷ ᠪᠠᠶᠢᠳᠠᠭ ᠠᠵᠢ᠃ ᠤᠴᠢᠷ ᠨᠢ ᠡᠬᠡ ᠦᠷ᠎ᠡ ᠶᠢᠨ ᠬᠣᠯᠪᠣᠭ᠎ᠠ᠂ ᠦᠷ᠎ᠡ ᠪᠡᠨ ᠮᠡᠳᠡᠷᠡᠬᠦ ᠮᠡᠳᠡᠷᠡᠮᠵᠢ ᠡᠴᠡ ᠤᠯᠪᠠᠭ᠎ᠠ ᠲᠠᠢ ᠭᠡᠨ᠎ᠡ᠃ ᠡᠵᠢ ᠨᠦᠭᠦᠳ ᠦᠷ᠎ᠡ ᠬᠡᠦᠬᠡᠳ ᠢᠶᠡᠨ ᠮᠡᠳᠡᠷᠡᠳᠡᠭ᠂ ᠲᠡᠷᠡᠴᠢᠯᠡᠨ ᠢᠬᠡᠷ᠎ᠡ ᠦᠳ ᠲᠦ ᠴᠤ ᠮᠥᠨ ᠢᠯᠡᠭᠦᠦ ᠲᠡᠢ ᠪᠠᠶᠢᠳᠠᠭ ᠠᠵᠢ᠃ ᠴᠣᠬᠣᠮ ᠲᠡᠭᠦᠨ ᠢ ᠪᠡᠨ ᠮᠡᠳᠡᠬᠦ᠂ ᠪᠠᠶᠢᠵᠤ ᠯᠠ ᠥᠪᠡᠷ ᠲᠦ ᠢᠯᠡᠷᠬᠡᠢ ᠮᠡᠳᠡᠷᠡᠭᠳᠡᠳᠡᠭ ᠪᠠᠶᠢᠨ᠎ᠠ
7.ᠮᠡᠳᠡᠷᠡᠬᠦᠢ ᠪᠤᠯᠤᠨ ᠵᠦᠩ ᠰᠤᠪᠢᠨ
ᠵᠠᠷᠢᠮ ᠬᠦᠮᠦᠨ ᠦ ᠵᠢᠷᠭᠤᠭ᠎ᠠ ᠳᠠᠬᠢ ᠮᠡᠳᠡᠷᠡᠬᠦᠢ ᠪᠤᠰᠤᠳ ᠠᠴᠠ ᠢᠯᠡᠭᠦᠦ ᠦ ᠠᠴᠢ ᠪᠠᠷ ᠠᠯᠢᠪᠠ ᠦᠢᠯᠡ ᠶᠠᠪᠤᠳᠠᠯ ᠢ ᠤᠷᠢᠳᠤ ᠠᠴᠠ ᠲᠥᠰᠥᠭᠡᠯᠡᠨ ᠬᠡᠯᠡᠬᠦ ᠴᠢᠳᠠᠪᠤᠷᠢ ᠲᠠᠢ ᠪᠣᠯᠳᠠᠭ᠃ ᠲᠡᠶᠢᠮᠦ ᠴᠤ ᠤᠴᠢᠷ ᠠᠴᠠ ᠬᠦᠮᠦᠨ ᠲᠥᠷᠥᠯᠬᠢᠲᠡᠨ ᠦ ᠲᠡᠦᠬᠡᠨ ᠳᠦ ᠨᠣᠰᠲᠷᠠᠳᠠᠮᠤᠰ᠂ ᠸᠣᠯᠹ ᠮᠧᠰᠰᠢᠩ ᠢ᠂ ᠸᠠᠩᠭ᠎ᠠ ᠵᠡᠷᠭᠡ ᠳᠣᠮᠣᠭ ᠮᠡᠲᠦ ᠶᠠᠷᠢᠭᠳᠠᠳᠠᠭ ᠵᠥᠩᠴᠢ ᠣᠯᠠᠨ ᠪᠤᠢ᠃ ᠲᠡᠳᠡᠨ ᠦ ᠬᠡᠯᠡᠭᠰᠡᠨ ᠳᠦ ᠢᠲᠡᠭᠡᠬᠦ ᠨᠢ ᠴᠤ ᠪᠤᠢ᠂ ᠦᠭᠡᠢ ᠨᠢ ᠴᠤ ᠪᠤᠢ᠃ ᠬᠦᠮᠦᠨ ᠶᠠᠭᠠᠬᠢᠭᠠᠳ ᠰᠠᠶᠢᠨ ᠠᠴᠠ ᠪᠠᠨ ᠢᠯᠡᠭᠦᠦ ᠲᠡᠢ ᠮᠠᠭᠤ ᠰᠣᠪᠢᠨ ᠳᠤ ᠪᠠᠨ ᠢᠲᠡᠭᠡᠳᠡᠭ ᠨᠢ ᠰᠣᠨᠢᠷᠬᠠᠯᠲᠠᠢ ᠬᠡᠷᠡᠭ ᠰᠢᠦ᠃ ᠡᠭᠦᠨ ᠢ ᠡᠷᠳᠡᠮᠲᠡᠳ ᠬᠦᠮᠦᠨ ᠦ《ᠡᠮᠵᠡᠭ ᠰᠡᠳᠬᠢᠯ》 ᠍ᠲᠡᠢ ᠬᠣᠯᠪᠣᠨ ᠲᠠᠶᠢᠯᠪᠤᠷᠢᠯᠠᠵᠠᠢ᠃ ᠨᠠᠰᠤᠨ ᠳᠤ ᠬᠦᠷᠦᠭᠰᠡᠨ ᠶᠠᠮᠠᠷ ᠴᠤ ᠬᠦᠮᠦᠨ ᠠᠵᠤ ᠵᠢᠷᠭᠠᠯ ᠢ ᠬᠦᠰᠡᠨ ᠮᠥᠷᠦᠭᠡᠳᠳᠡᠭ᠃ ᠬᠠᠷᠢᠨ ᠲᠡᠳᠡ ᠮᠥᠷᠥᠭᠡᠳᠦᠯ ᠳᠦ ᠨᠢ ᠰᠠᠭᠠᠳ ᠪᠣᠯᠬᠤ ᠭᠡᠨᠡᠳᠲᠡ ᠶᠢᠨ ᠠᠵᠠ ᠦᠭᠡᠢ ᠶᠠᠪᠤᠳᠠᠯ᠂ ᠡᠪᠡᠳᠴᠢᠨ᠂ ᠦᠬᠦᠯ ᠡᠴᠡ ᠠᠶᠤᠵᠤ ᠴᠡᠷᠪᠡᠵᠦ ᠶᠠᠪᠤᠳᠠᠭ᠃ ᠴᠣᠬᠣᠮ ᠬᠦᠮᠦᠨ ᠪᠦᠷᠢ ᠳᠦ ᠪᠠᠶᠢᠳᠠᠭ ᠡᠨᠡ ᠳᠠᠯᠳᠠ ᠠᠶᠢᠳᠠᠰ ᠢ ᠥᠳᠥᠭᠡᠵᠦ ᠥᠭᠳᠡᠭ ᠲᠡᠷᠡ ᠬᠦ ᠮᠠᠭᠤ ᠰᠣᠪᠢᠨ ᠳᠤ ᠠᠮᠠᠷᠬᠠᠨ ᠢᠲᠡᠭᠡᠳᠡᠭ ᠪᠠᠶᠢᠨ᠎ᠠ᠃ ᠪᠠᠰᠠ ᠡᠭᠦᠨ ᠳᠦ ᠬᠦᠮᠦᠨ ᠦ ᠠᠮᠢᠳᠤᠷᠠᠯ ᠳᠤ ᠲᠣᠬᠢᠶᠠᠯᠳᠤᠳᠠᠭ ᠰᠠᠨᠠᠮᠰᠠᠷ ᠦᠭᠡᠢ ᠶᠠᠪᠤᠳᠠᠯ ᠤᠳ ᠴᠤ ᠳᠠᠮ ᠪᠣᠯᠤᠨ ᠰᠢᠭᠤᠳ ᠨᠥᠯᠦᠭᠡᠯᠡᠳᠡᠭ ᠠᠵᠢ᠃