 

︽2019 ᠬᠠᠳᠤᠨ ᠭᠤᠤᠯ ᠢᠶᠠᠷ ᠠᠶᠠᠯᠠᠭᠰᠠᠨ ᠨᠢ︾

2019-11-26 11:28
  273
  0
︽2019 ᠬᠠᠳᠤᠨ ᠭᠤᠤᠯ ᠢᠶᠠᠷ ᠠᠶᠠᠯᠠᠭᠰᠠᠨ ᠨᠢ︾᠄ ᠲᠡᠳᠡ ᠵᠡᠭᠦᠨᠭᠠᠷ ᠲᠤ ᠬᠠᠳᠤᠨ ᠭᠤᠤᠯ ᠢ ︽ᠠᠷᠢᠭᠤᠳᠬᠠᠨ ᠴᠡᠪᠡᠷᠯᠡᠵᠤ︾ ᠪᠤᠢ

  ᠨᠢᠭᠡ ᠮᠡᠳᠡᠬᠦᠶ᠎ᠠ ᠬᠤᠷᠢᠨ ᠵᠢᠯ ᠦᠩᠭᠡᠷᠡᠵᠤ᠂ ᠬᠠᠳᠤᠨ ᠭᠤᠤᠯ ᠢᠶᠠᠷ ᠳᠠᠬᠢᠨᠳᠠ ᠠᠶᠠᠯᠠᠬᠤ ᠪᠤᠯᠤᠯ᠎ᠠ᠃ ᠡᠨᠡ ᠡᠳᠦᠷ ︵11 ᠰᠠᠷ᠎ᠠ ᠶᠢᠨ 18 ᠤ ᠡᠳᠦᠷ︶ ᠪᠤᠯ ᠬᠠᠳᠤᠨ ᠭᠤᠤᠯ ᠤᠨ ᠳᠤᠮᠳᠠ ᠤᠷᠤᠰᠬᠠᠯ ᠳᠠᠬᠢ ᠰᠤᠷᠪᠤᠯᠵᠢᠯᠠᠭ᠎ᠠ ᠶᠢᠨ ᠠᠩᠬᠠᠨ ᠤ ᠡᠳᠦᠷ ᠪᠤᠯᠤᠨ᠎ᠠ᠃

  ᠬᠤᠷᠢᠨ ᠵᠢᠯ ᠦᠩᠭᠡᠷᠡᠭᠡᠳ ᠬᠠᠳᠤᠨ ᠭᠤᠤᠯ ᠤᠨ ᠲᠠᠬᠢᠷᠯᠠᠬᠰᠠᠨ ᠬᠡᠰᠡᠭ ᠢᠶᠠᠷ ᠳᠠᠬᠢᠨᠳᠠ ᠠᠶᠠᠯᠠᠬᠤ ᠳᠤ᠂ ᠠᠳᠡᠬᠢ ᠨᠢ ︽ᠬᠤᠪᠴᠠᠰᠤ ᠵᠠᠰᠠᠯ︾ ᠢᠶᠠᠨ ᠰᠤᠯᠢᠭᠰᠠᠨ ᠲᠡᠳᠦᠢ ᠦᠭᠡᠢ᠂ ︽ᠡᠷᠦᠬᠡ ᠠᠮᠠ ᠶᠢᠨ ᠳᠠᠩᠰᠠᠨ︾ ᠳᠠᠬᠢ ᠨᠠᠷ᠎ᠠ ᠪᠠᠨ ᠴᠤ ᠰᠤᠯᠢᠴᠢᠬᠠᠭᠰᠠᠨ ᠪᠠᠶᠢᠨ᠎ᠠ — ᠤᠷᠳᠤᠰ᠂ ᠲᠤᠬᠠᠢ ᠶᠢᠨ ᠵᠢᠯ ᠶᠡᠭᠡ ᠵᠤᠤ ᠠᠶᠢᠮᠠᠭ ᠬᠡᠮᠡᠵᠤ ᠪᠠᠶᠢᠯ᠎ᠠ᠃

  ᠬᠠᠳᠤᠨ ᠭᠤᠤᠯ ᠤᠨ ᠨᠢᠩᠰᠢᠶᠠ ᠦᠪᠦᠷ ᠮᠤᠩᠭᠤᠯ ᠳᠠᠬᠢ ᠬᠡᠰᠡᠭ ᠲᠤ ᠪᠠᠶᠢᠷᠢᠯᠠᠭ᠎ᠠ ᠤᠷᠳᠤᠰ ᠤᠨ ᠦᠨᠳᠦᠷᠯᠢᠭ ᠪᠤᠯ ᠬᠠᠳᠤᠨ ᠭᠤᠤᠯ ᠤᠨ ᠳᠤᠮᠳᠠ ᠤᠷᠤᠰᠬᠠᠯ ᠤᠨ ᠰᠢᠷᠦᠭᠦᠨ ᠪᠤᠷᠤᠭᠠᠨ ᠤᠯᠠᠨ ᠤᠷᠤᠳᠠᠬ ᠭᠠᠵᠠᠷ ᠤᠷᠤᠨ ᠪᠤᠯᠤᠨ᠎ᠠ᠃ ᠨᠢᠭᠡ ᠵᠢᠯ ᠤᠨ ᠪᠤᠷᠤᠭᠠᠨ ᠨᠢ ᠴᠦᠮ ᠵᠤᠨ ᠤ ᠬᠡᠳᠦᠬᠡᠨ ᠡᠳᠦᠷ ᠲᠤ ᠲᠦᠪᠯᠡᠷᠡᠨ ᠤᠷᠤᠳᠠᠭ ᠠᠴᠠ ᠲᠤᠬᠰᠢᠨ ᠦᠶᠡᠷ ᠪᠤᠯᠵᠤ᠂ ᠰᠡᠪᠰᠡᠭᠡᠷ ᠵᠦᠭᠡᠯᠡᠨ ᠰᠢᠷ᠎ᠠ ᠬᠦᠷᠦᠰᠦ ᠶᠢ ᠬᠠᠳᠤᠨ ᠭᠤᠤᠯ ᠳᠤ ᠤᠷᠤᠰᠬᠠᠨ ᠤᠷᠤᠭᠤᠯᠵᠤ ᠪᠠᠶᠢᠳᠠᠬ ᠰᠠᠨ᠂ ᠡᠳᠡᠭᠡᠷ ᠬᠦᠷᠦᠰᠦ ᠨᠢ ᠬᠠᠳᠤᠨ ᠭᠤᠤᠯ ᠤᠨ ᠰᠠᠪᠠ ᠭᠠᠵᠠᠷ ᠢ ᠪᠦᠭᠯᠡᠨ ᠬᠠᠰᠢᠭᠰᠠᠨ ᠠᠴᠠ ᠬᠠᠳᠤᠨ ᠭᠤᠤᠯ ᠤᠨ ᠤᠷᠤᠰᠬᠠᠯ ᠤᠮᠠᠷᠠᠰᠢ ᠪᠠᠨ ᠰᠢᠯᠵᠢᠵᠤ᠂ ᠪᠤᠭᠤᠳᠤ ᠠᠴᠠ ᠯᠠᠨᠵᠸᠤ ᠬᠦᠷᠬᠦ ᠲᠡᠮᠦᠷ ᠵᠠᠮ᠂ ᠵᠠᠰᠠᠮᠠᠯ ᠵᠠᠮ ᠳᠤ ᠰᠢᠭᠤᠳ ᠰᠦᠷᠳᠡᠭᠦᠯᠤᠯ ᠪᠤᠯᠵᠤ ᠪᠠᠶᠢᠭ᠎ᠠ ᠶᠤᠮ ᠁ ︽ᠬᠠᠳᠤᠨ ᠭᠤᠤᠯ ᠳᠤ ᠬᠠᠷᠠᠶᠢᠬᠰᠠᠨ ᠴᠤ ᠦᠨᠡᠨ ᠴᠠᠭᠠᠨ ᠢᠶᠠᠨ ᠦᠯᠦ ᠤᠯᠤᠮᠤᠢ︾ ᠭᠡᠳᠡᠭ ᠠᠴᠠ ᠬᠡᠴᠡᠭᠦᠦ ᠶᠠᠪᠤᠳᠠᠯ ᠦᠭᠡᠢ ᠪᠤᠯᠠᠢ᠃ ᠭᠡᠳᠡᠯ᠎ᠠ᠂ ᠰᠤᠷᠪᠤᠯᠵᠢᠯᠠᠭ᠎ᠠ ᠦᠷᠭᠦᠯᠵᠢᠯᠡᠬᠦ ᠶᠢᠨ ᠤᠯᠠᠮ ᠢᠶᠠᠷ᠂ ᠠᠳᠡᠬᠢ ᠨᠢ ᠬᠠᠳᠤᠨ ᠭᠤᠤᠯ ᠢ ᠴᠢᠷᠮᠠᠶᠢᠨ ︽ᠠᠷᠦᠭᠤᠳᠬᠠᠨ ᠴᠡᠪᠡᠷᠯᠡᠵᠤ︾ ᠪᠠᠶᠢᠬᠤ ᠶᠢ ᠤᠯᠵᠤ ᠮᠡᠳᠡᠯ᠎ᠠ᠃

  ᠤᠤᠯ ᠤᠨ ᠶᠡᠭᠡ ᠵᠤᠤ ᠠᠶᠢᠮᠠᠬ ᠲᠤ ᠪᠠᠶᠢᠭᠠᠯᠢ ᠠᠬᠤᠢ ᠶᠢᠨ ᠨᠦᠬᠦᠴᠡᠯ ᠠᠨᠠᠢ ᠪᠠᠶᠢᠬᠰᠠᠨ ᠠᠴᠠ᠂ ᠬᠦᠮᠦᠰ ᠠᠯᠢ ᠴᠢᠳᠠᠬᠤ ᠪᠠᠷ ᠪᠠᠶᠢᠭᠠᠯᠢ ᠶᠢ ᠦᠭᠡᠷᠡᠴᠢᠯᠡᠬᠦ ᠪᠠᠷ ᠬᠦᠴᠦᠯᠡᠨ ᠴᠢᠷᠮᠠᠶᠢᠵᠤ ᠪᠠᠶᠢᠪᠠ᠃ ᠤᠳᠤ ᠶᠢᠨ ᠤᠷᠳᠤᠰ ᠬᠤᠳᠠ ᠠᠮᠢ ᠠᠬᠤᠢ ᠤᠷᠴᠢᠨ ᠲᠤᠭᠤᠷᠢᠨ ᠢᠶᠠᠨ ᠵᠠᠰᠠᠵᠦ ᠰᠡᠷᠭᠦᠭᠡᠭᠡᠳ᠂ ᠨᠤᠭᠤᠭᠠᠨ ᠦᠡᠭᠭᠡ ᠪᠠᠷ ᠴᠢᠮᠡᠭᠯᠡᠵᠤ ᠪᠠᠶᠢᠨ᠎ᠠ᠃ ᠬᠤᠳᠠ ᠶᠢᠨ ᠵᠠᠰᠠᠬ ᠤᠨ ᠤᠷᠳᠤᠨ ᠤ ᠰᠠᠭᠤᠭ ᠎ᠠ ᠬᠢᠶ᠎ᠠ ᠪᠠᠭᠰᠢ ᠳᠤᠭᠤᠷᠢᠬ ᠨᠢ ᠨᠡᠩ ᠴᠤ ᠰᠤᠪᠤᠳ ᠪᠦᠰᠡᠯᠡᠬᠦᠷ ᠢᠶᠠᠷ ᠴᠢᠮᠡᠭᠯᠡᠭᠳᠡᠵᠦ᠂ ᠦᠩᠬᠡ ᠬᠢᠯᠪᠠᠭ᠎ᠠ ᠪᠠᠨ ᠰᠠᠴᠤᠷᠠᠭᠤᠯᠵᠦ᠂ ︽ᠤᠳᠤ ᠦᠶ᠎ᠠ ᠶᠢᠨ ᠰᠢᠨ᠎ᠡ ᠬᠤᠳᠠ︾ ᠬᠡᠮᠡᠬᠦ ᠭᠤᠶᠤ ᠴᠤᠯᠠ ᠬᠦᠷᠳᠡᠵᠤ᠂ 4A ᠳᠡᠰ ᠤᠨ ᠦᠵᠡᠮᠵᠢ ᠶᠢᠨ ᠤᠷᠤᠨ ᠪᠤᠯᠵᠠᠢ᠃


    ᠬᠤᠷᠢᠨ ᠵᠢᠯ ᠤᠨ ᠡᠮᠤᠨᠡᠬᠢ ᠶᠢ ᠡᠷᠬᠢᠨ ᠬᠠᠷᠠᠬᠤᠶ᠎ᠠ᠂ ᠨᠢᠯᠴᠠᠭᠠᠢ ᠡᠯᠡᠰᠦᠨ ᠴᠢᠯᠠᠭᠤᠯᠢᠬ ᠶᠠᠬ ᠦᠮᠡᠨ ᠤ
    ᠡᠰ ᠲᠠᠢ ᠠᠳᠠᠯᠢ ᠪᠠᠷ ᠨᠡᠶᠢᠳᠡᠮ ᠳᠠᠷᠬᠠᠵᠦ ᠳᠡᠯᠭᠡᠷᠡᠭᠡᠳ ᠤᠷᠭᠤᠮᠠᠯ ᠤᠨ ᠪᠦᠷᠬᠦᠴᠡ ᠶᠢ ᠬᠦᠨᠦᠭᠡᠵᠤ᠂
    ᠬᠠᠮᠢᠭ᠎ᠠ ᠭᠠᠵᠠᠷ ᠦᠭᠡᠢ ᠡᠯᠤᠢ ᠬᠤᠯᠤᠢ ᠬᠠᠷᠠᠬᠳᠠᠵᠤ᠂ ᠶᠤᠰᠤᠳᠠᠢ ᠨᠢᠳᠦ ᠬᠠᠯᠳᠤᠷᠢᠮ᠎ᠠ ᠵᠢᠷᠤᠬᠡ
    ᠰᠢᠮᠰᠢᠷᠠᠮ᠎ᠠ ᠪᠠᠶᠢᠳᠠᠯ ᠲᠠᠢ ᠪᠠᠶᠢᠯ᠎ᠠ

  ᠡᠬᠦᠨ ᠳᠤ ᠵᠡᠬᠦᠨᠭᠠᠷ ᠬᠤᠰᠢᠭᠤᠨ ᠤ ᠬᠤᠪᠢᠷᠠᠯᠳᠠ ᠪᠤᠯ ᠨᠡᠶᠢᠳᠡᠯᠢᠭ ᠰᠢᠨᠵᠢ ᠲᠠᠢ ᠶᠤᠮ᠃

  ᠳᠤᠤᠷ᠎ᠠ 20 ᠵᠢᠯ ᠤᠨ ᠡᠮᠤᠨ᠎ᠠ᠂ ᠳᠤᠬᠠᠢᠢᠢᠯᠠᠪᠠᠯ 1999 ᠤᠨ ᠤ 6 ᠰᠠᠷ᠎ᠠ ᠶᠢᠨ 1 ᠤ ᠡᠳᠦᠷ ᠤᠨ ᠰᠤᠷᠪᠤᠯᠵᠢᠯᠠᠭ᠎ᠠ ᠶᠢᠨ ᠳᠡᠮᠳᠡᠭᠯᠡᠯ ᠢ ᠰᠠᠶᠢᠷᠠᠬᠦᠯᠦᠶ᠎ᠠ᠄

  ᠦᠳᠡ ᠶᠢᠨ ᠡᠮᠤᠨ᠎ᠠ ᠶᠡᠭᠡ ᠵᠤᠤ ᠠᠶᠢᠮᠠᠬ ᠤᠨ ᠤᠰᠤ ᠰᠢᠷᠤᠢ ᠶᠢ ᠬᠠᠮᠠᠭᠠᠯᠠᠬᠤ ᠠᠯᠪᠠᠨ ᠬᠡᠷ ᠤᠨ ᠡᠷᠬᠢᠯᠡᠭᠴᠢ ᠬᠠᠨ ᠰᠢᠤᠸᠠᠢ ᠱᠢ ᠶᠢ ᠰᠤᠷᠪᠤᠯᠵᠢᠯᠠᠵᠦ᠂ ᠵᠡᠬᠦᠨᠭᠠᠷ ᠬᠤᠰᠢᠭᠤᠨ ᠤ ᠳᠡᠷᠡᠰᠦᠨ ᠰᠢᠯᠢ ᠰᠢᠶᠠᠩ ᠤᠨ ᠼᠤᠤ ᠵᠢᠶᠠ ᠭᠧ ᠯᠧᠩ ᠳᠤᠰᠬᠤᠨ ᠤ ᠨᠢᠯᠴᠠᠭᠠᠢ ᠡᠯᠡᠰᠦᠨ ᠴᠢᠯᠠᠭᠤᠯᠢᠬ ᠲᠤ ᠬᠦᠨᠳᠦ ᠨᠤᠴᠢᠳᠠᠢ ᠢᠳᠡᠭᠳᠡᠭᠰᠡᠨ ᠤᠷᠤᠨ ᠳᠤ ᠬᠦᠷᠴᠤ᠂ ᠳᠠᠷᠠᠭ᠎ᠠ ᠨᠢ ᠤᠷᠠᠬ᠎ᠠ ᠰᠢᠶᠠᠩ ᠤᠨ ᠬᠡᠴᠡᠬᠦᠦ ᠭᠤᠤᠯ ᠳᠤᠰᠬᠤᠨ ᠳᠤ ᠬᠦᠷᠴᠤ ᠴᠢᠴᠠᠷᠭᠠᠨ᠎ᠠ ᠳᠠᠷᠢᠵᠦ ᠤᠰᠦ ᠰᠢᠷᠤᠢ ᠶᠢᠨ ᠢᠳᠡᠭᠳᠡᠯ ᠢ ᠰᠠᠶᠢᠵᠢᠷᠠᠭᠤᠯᠵᠦ ᠪᠠᠶᠢᠭ᠎ᠠ ᠪᠠᠶᠢᠳᠠᠯ ᠢ ᠰᠤᠷᠪᠤᠯᠵᠢᠯᠠᠪᠠ︔ ᠦᠳᠡ ᠳᠤᠨᠢ ᠱᠠᠬᠳᠠᠷ ᠰᠢᠶᠠᠩ ᠳᠤ ᠤᠰᠦ ᠰᠢᠷᠤᠢ ᠶᠢ ᠬᠠᠮᠠᠭᠠᠯᠠᠬᠤ ᠨᠢᠬᠡᠨ ᠪᠠᠶᠢᠴᠠᠭᠠᠬᠤ ᠪᠦᠯᠬᠦᠮ ᠤᠨ ᠬᠢᠨ ᠲᠠᠢ ᠬᠠᠮᠳᠤ ᠬᠤᠭᠤᠯᠠᠯᠠᠪᠠ︔ ᠦᠳᠡ ᠶᠢᠨ ᠬᠤᠶᠢᠨ᠎ᠠ ᠨᠢ ᠤᠰᠤ ᠰᠢᠷᠤᠢ ᠶᠢᠨ ᠢᠳᠡᠭᠳᠡᠯ ᠢ ᠦᠨᠳᠦᠰᠦᠨ ᠳᠡᠭᠡᠨ ᠡᠷᠬᠡᠰᠢᠶᠡᠭᠰᠡᠨ ᠴᠤᠸᠠᠨ ᠵᠠᠩ ᠭᠤᠤᠯ ᠤᠨ ᠰᠠᠪᠠ ᠭᠠᠵᠠᠷ ᠢᠶᠠᠷ ᠰᠤᠷᠪᠤᠯᠵᠢᠯᠠᠪᠠ︔

  ᠡᠷᠭᠢᠨ ᠳᠤᠭᠤᠷᠢᠨ ᠤ ᠠᠭᠤᠯᠠ ᠵᠢᠯᠠᠭ᠎ᠠ ᠨᠤᠭᠤᠳ ᠢᠶᠠᠷ ᠳᠦᠬᠡᠬᠡᠭᠰᠡᠨ ᠭᠤᠤ ᠭᠠᠩᠭ᠎ᠠ ᠪᠠᠷ ᠤᠯᠠᠭᠠᠨ ᠪᠤᠶᠤ ᠴᠠᠭᠠᠨ ᠡᠰᠡᠪᠡᠯ ᠰᠢᠷ᠎ᠠ ᠦᠡᠭᠭᠡ ᠶᠢᠨ ᠡᠯᠡᠰᠦ ᠬᠠᠶᠢᠷ ᠬᠤᠷᠠᠵᠤ᠂ ᠬᠠᠷᠠᠬᠤᠶ᠎ᠠ ᠬᠠᠷᠠᠭ᠎ᠠ ᠬᠠᠯᠳᠤᠷᠢᠵᠤ᠂ ᠤᠯᠠᠩᠬᠢ ᠠᠭᠤᠯᠠ ᠬᠦᠳᠦᠯ ᠬᠠᠯᠴᠠᠭᠠᠢ ᠬᠤᠪᠠᠭ᠋ᠠᠢ ᠬᠠᠷᠠᠬᠳᠠᠨ᠎ᠠ᠃ ᠦᠨᠳᠦᠷᠯᠢᠭ ᠤᠨ ᠬᠠᠯᠠᠭᠤᠨ ᠰᠠᠯᠬᠢ ᠬᠤᠶᠢᠬ᠎ᠠ ᠶᠢ ᠳᠦᠬᠡᠨᠡᠮ᠎ᠠ ᠦᠯᠢᠶᠠᠵᠦ᠂ ᠰᠢᠷᠤᠬᠦᠨ ᠪᠤᠷᠤᠭᠠᠨ ᠤ ᠦᠶᠠᠷ ᠲᠤ᠂ ᠠᠳᠡᠬᠢ ᠶᠢᠨ ᠭᠠᠵᠠᠷ ᠤᠨ ᠭᠠᠳᠠᠷᠭᠤ ᠠᠪᠬᠤ ᠶᠢᠨ ᠳᠠᠮᠳᠤᠬ ᠦᠬᠡᠢ ᠪᠤᠯᠳᠠᠯ᠎ᠠ ᠰᠦᠢᠳᠴᠦ᠂ ᠭᠠᠯᠵᠠᠭᠤ ᠵᠠᠨᠠᠷ ᠤᠨ ᠨᠢᠯᠴᠠᠭᠠᠢ ᠴᠢᠯᠠᠭᠤᠯᠢᠬ ᠢᠴᠢᠬᠦᠷᠢ ᠰᠤᠨᠵᠢᠭᠤᠷᠢ ᠦᠬᠡᠢ ᠪᠠᠷ ᠭᠠᠵᠠᠷ ᠤᠨ ᠬᠦᠷᠦᠰᠦ ᠶᠢ ᠢᠪ ᠲᠠᠷᠤᠵᠤ᠂ ᠬᠤᠤᠷᠳᠤ ᠶᠠᠷ᠎ᠠ ᠮᠡᠳᠦ ᠪᠠᠷ᠂ ᠪᠠᠶᠢᠭᠠᠯᠢ ᠠᠬᠤᠢ ᠶᠢ ᠡᠪᠳᠡᠨ᠎ᠡ᠃ ᠡᠨᠡ ᠪᠤᠯ ︽ᠦᠮᠡᠨ ᠡᠪᠡᠳᠴᠢᠨ︾ ᠬᠡᠵᠦ ᠤᠤᠯ ᠤᠨ ᠤᠰᠤᠨ ᠠᠰᠢᠬᠯᠠᠯᠳᠠ ᠶᠢᠨ ᠶᠠᠮᠤᠨ ᠤ ᠰᠠᠶᠢᠳ ᠨᠢᠦ ᠮᠤᠤ ᠱᠧᠩ ᠤᠨ ᠳᠦᠷᠰᠦᠯᠡᠨ ᠬᠡᠯᠡᠭᠰᠡᠨ ᠨᠢ ᠨᠡᠬᠡᠷᠡᠨ ᠬᠠᠪᠤᠳᠠᠢ ᠳᠦᠷᠰᠦᠯᠡᠯ ᠪᠠᠶᠢᠨ᠎ᠠ᠃

  ᠨᠢᠯᠴᠠᠭᠠᠢ ᠡᠯᠡᠰᠦᠨ ᠴᠢᠯᠠᠭᠤᠯᠢᠬ ᠪᠤᠯ ᠬᠠᠳᠠ ᠴᠢᠯᠠᠭᠤ ᠰᠡᠯᠬᠢᠨ ᠳᠤ ᠢᠳᠡᠭᠳᠡᠬᠡᠳ ᠪᠤᠢ ᠪᠤᠯᠤᠬᠰᠠᠨ ᠶᠤᠮ᠃ ᠭᠠᠩ ᠲᠠᠢ ᠦᠶ᠎ᠠ ᠳᠤ᠂ ᠳᠡᠷᠡ ᠶᠠᠬ ᠬᠠᠳᠠ ᠴᠢᠯᠠᠭᠤ ᠲᠠᠢ ᠠᠳᠠᠯᠢ ᠪᠠᠷ ᠤᠷᠤᠨ ᠳᠠᠭᠠᠨ ᠳᠦᠩᠬᠦ᠋ᠢᠵᠦ ᠪᠠᠶᠢᠳᠠᠬ᠃ ᠬᠤᠷ᠎ᠠ ᠪᠤᠷᠤᠭᠠᠨ ᠲᠠᠢ ᠪᠤᠯᠪᠠᠯ ᠳᠡᠷᠡ ᠨᠢ ᠪᠠᠷᠢᠨ ᠬᠦᠬᠡᠰᠦᠷᠡᠨ ᠰᠠᠶᠢᠮᠡᠶᠢᠬᠡᠳ᠂ ᠬᠠᠶᠢᠷ ᠪᠤᠯᠤᠨ ᠬᠤᠪᠢᠷᠠᠵᠦ᠂ ᠳᠤᠤᠷᠠᠳᠤ ᠤᠷᠤᠰᠬᠠᠯ ᠤᠷᠤᠭᠤ ᠤᠷᠤᠰᠴᠦ᠂ ᠡᠴᠤᠰ ᠲᠤ ᠳᠤᠤᠷᠠᠳᠤ ᠤᠷᠤᠰᠬᠠᠯ ᠤᠨ ᠭᠤᠤᠯ ᠤᠨ ᠰᠠᠪᠠ ᠳᠤ ᠳᠤᠬᠳᠠᠳᠠᠬ᠃

  ᠴᠢᠯᠦᠬᠡᠯᠡᠭᠳᠡᠭᠰᠡᠨ ᠤ ᠳᠠᠷᠠᠭ᠎ᠠ᠂ 1958 ᠤᠨ᠂ 1960 ᠤᠨ᠂ 1969 ᠤᠨ ᠳᠤ᠂ ᠠᠳᠡᠬᠢ ᠶᠢᠨ ᠬᠢᠨ ᠭᠤᠷᠪᠠ ᠤᠳᠠᠭ᠎ᠠ ᠶᠡᠭᠡ ᠪᠠᠷ ᠠᠳᠠᠷ ᠬᠠᠭᠠᠯᠪᠤᠷᠢᠯᠠᠬᠰᠠᠨ ᠠᠴᠠ᠂ ᠠᠳᠡᠬᠢ ᠭᠠᠵᠠᠷ ᠤᠨ ᠭᠠᠳᠠᠷᠭᠤ ᠶᠢᠨ ᠤᠷᠭᠤᠮᠠᠯ ᠤᠨ ᠬᠤᠴᠢᠯᠭ᠎ᠠ ᠡᠪᠳᠡᠭᠳᠡᠨ ᠰᠦᠢᠳᠴᠤ᠂ ᠨᠢᠯᠴᠠᠭᠠᠢ ᠡᠯᠡᠰᠦᠨ ᠴᠢᠯᠠᠭᠤᠯᠢᠬ ᠦᠮᠡᠨ ᠤ ᠡᠰ ᠲᠠᠢ ᠠᠳᠠᠯᠢ ᠪᠠᠷ ᠠᠳᠡ ᠳᠡᠨᠳᠡ ᠦᠬᠡᠢ ᠳᠠᠷᠬᠠᠵᠦ᠂ ᠡᠯ᠎ᠠ ᠭᠠᠵᠠᠷ ᠤᠨ ᠳᠠᠷᠢᠶᠠᠨ ᠭᠠᠵᠠᠷ᠂ ᠮᠤᠳᠤ ᠡᠪᠡᠰᠦᠨ ᠤ ᠤᠷᠭᠤᠮᠠᠯ ᠤᠨ ᠬᠤᠴᠢᠯᠭ᠎ᠠ ᠶᠢ ᠬᠤᠬᠢᠷᠠᠭᠤᠯᠤᠨ ᠰᠦᠢᠳᠬᠡᠵᠡᠢ᠃ ᠢᠩᠬᠢᠭᠰᠡᠨ ᠢᠶᠠᠷ ᠬᠦᠷᠦᠭᠰᠡᠨ ᠭᠠᠵᠠᠷ ᠪᠦᠬᠦᠨ ᠬᠠᠯᠴᠠᠭᠠᠢᠢᠷᠠᠨ ᠡᠪᠳᠡᠭᠳᠡᠵᠤ᠂ ᠶᠤᠰᠤᠳᠠᠢ ᠨᠢᠳᠦ ᠬᠠᠯᠳᠤᠷᠢᠮ᠎ᠠ ᠵᠢᠷᠤᠬᠡ ᠰᠢᠮᠰᠢᠷᠠᠮ᠎ᠠ ᠪᠠᠶᠢᠳᠠᠯ ᠢᠯᠡᠷᠡᠭᠰᠡᠨ ᠪᠠᠶᠢᠨ᠎ᠠ᠃ ᠰᠢᠷ᠎ᠠ ᠬᠦᠷᠦᠰᠦᠳᠦ ᠦᠨᠳᠦᠷᠯᠢᠭ ᠤᠨ ᠭᠤᠤ ᠭᠠᠩᠭ᠎ᠠ ᠨᠤᠭᠤᠳ ᠪᠢᠳᠡᠨ ᠤ ᠤᠷᠮ᠎ᠠ ᠶᠢ ᠬᠤᠭᠤᠯᠵᠦ ᠰᠡᠳᠬᠢᠯ ᠢ ᠵᠤᠪᠠᠭᠠᠯ᠎ᠠ ᠬᠡᠬᠦ ᠳᠤ᠂ ᠠᠳᠡ ᠢᠷᠡᠬᠡᠳ ᠰᠠᠶ᠋ᠢ ᠨᠢᠯᠴᠠᠭᠠᠢ ᠡᠯᠡᠰᠦᠨ ᠴᠢᠯᠠᠭᠤᠯᠢᠬ ᠤᠨ ᠬᠡᠴᠡᠭᠦᠦ ᠬᠤᠤᠷ᠎ᠠ ᠬᠦᠨᠦᠭᠡᠯ ᠢ ᠤᠢᠢᠯᠠᠭᠠᠵᠦ ᠮᠡᠳᠡᠯ᠎ᠠ᠃

  ᠢᠢᠮᠦ ᠭᠠᠵᠠᠷ ᠲᠤ ᠶᠠᠭᠤ ᠳᠠᠷᠢᠬᠰᠠᠨ ᠴᠤ ᠤᠷᠭᠤᠬᠤ ᠦᠬᠡᠢ ᠪᠤᠯᠬᠤᠷ ᠬᠦᠮᠦᠰ ᠤᠨ ᠤᠶᠤᠨ ᠤᠬᠠᠭᠠᠨ ᠢ ᠦᠨᠡᠨ ᠬᠦ ᠬᠡᠴᠡᠬᠦᠦ ᠵᠦᠳᠡᠬᠡᠵᠤ ᠪᠠᠶᠢᠬᠰᠠᠨ ᠶᠤᠮ᠃

  ᠬᠡᠶ᠎ᠠ ᠶᠠᠮᠠᠷ ᠶᠠᠭᠤᠮᠠᠨ ᠳᠤ ᠴᠤ ᠪᠦᠷ ᠳᠠᠷᠤᠯᠭ᠎ᠠ ᠬᠡᠵᠦ ᠪᠠᠶᠢᠬᠤ ᠶᠤᠮ᠃ ᠨᠢᠰᠬᠦ ᠬᠦᠮᠦᠨ ᠪᠠᠶᠢᠪᠠᠯ ᠪᠠᠷᠢᠬᠤ ᠬᠦᠮᠦᠨ ᠪᠠᠶᠢᠨ᠎ᠠ ᠬᠡᠳᠡᠭ ᠢᠶᠠᠷ᠂ ᠬᠦᠮᠦᠰ ᠤᠨ ᠴᠢᠷᠮᠠᠶᠢᠯᠭ᠎ᠠ ᠪᠠᠷ ᠳᠠᠮᠵᠢᠨ ᠨᠢᠯᠴᠠᠭᠠᠢ ᠡᠯᠡᠰᠦᠨ ᠴᠢᠯᠠᠭᠤᠯᠢᠬ ᠢ ᠡᠷᠬᠡᠰᠢᠶᠡᠬᠦ ᠳᠠᠷᠤᠯᠭ᠎ᠠ — ᠴᠢᠴᠠᠷᠭᠠᠨ᠎ᠠ ᠬᠡᠳᠡᠭ ᠤᠷᠭᠤᠮᠠᠯ ᠢ ᠴᠤ ᠡᠷᠢᠵᠤ ᠤᠯᠤᠯ᠎ᠠ᠃ ᠴᠢᠴᠠᠷᠭᠠᠨ᠎ᠠ ᠪᠤᠯ ᠨᠢᠬᠡ ᠵᠦᠢᠯ ᠤᠨ ᠮᠦᠴᠢᠷᠯᠢᠭ ᠪᠤᠳᠠ ᠮᠤᠳᠤ ᠠᠵᠠᠢ᠃ ᠪᠢᠳᠡ ᠵᠡᠬᠦᠨᠭᠠᠷ ᠬᠤᠰᠢᠭᠤᠨ ᠤ ᠬᠡᠴᠡᠬᠦᠦ ᠭᠤᠤᠯ ᠪᠤᠯᠤᠨ ᠴᠤᠸᠠᠨ ᠵᠠᠩ ᠭᠤᠤᠯ ᠳᠤ ᠠᠭᠤᠯᠠ ᠳᠦᠬᠦᠷᠡᠩ ᠤᠷᠭᠤᠬᠰᠠᠨ ᠴᠢᠴᠠᠷᠭᠠᠨ᠎ᠠ ᠶᠢᠨ ᠤᠢ ᠶᠢ ᠤᠯᠵᠦ ᠦᠵᠡᠪᠡ᠃

  ᠡᠨᠡ ᠪᠤᠯ ᠨᠢᠬᠡ ᠵᠦᠢᠯ ᠤᠨ ᠭᠠᠶᠢᠬᠠᠯᠳᠠᠢ ᠤᠷᠭᠤᠮᠠᠯ ᠪᠤᠯᠬᠤ ᠶᠤᠮ — — ᠶᠡᠭᠡ ᠵᠤᠤ ᠠᠶᠢᠮᠠᠬ ᠤᠨ ᠤᠰᠦ ᠰᠢᠷᠤᠢ ᠶᠢ ᠬᠠᠮᠠᠭᠠᠯᠠᠬᠤ ᠠᠯᠪᠡᠨ ᠬᠡᠷ ᠤᠨ ᠸᠠᠩ ᠳᠡᠳ᠋ ᠡᠷᠬᠢᠯᠡᠭᠴᠢ ᠴᠢᠴᠠᠷᠭᠠᠨ᠎ᠠ ᠶᠢᠨ ᠮᠦᠴᠢᠷ ᠢ ᠭᠠᠷ ᠢᠶᠠᠷ ᠢᠶᠠᠨ ᠢᠷᠡᠵᠦ ᠪᠢᠳᠡᠨ ᠳᠤ ᠦᠨᠳᠦᠰᠦ ᠶᠢ ᠨᠢ ᠮᠠᠯᠳᠠᠵᠤ ᠦᠵᠡᠬᠦᠯᠪᠡ᠄ ᠴᠢᠬᠢᠭ ᠤᠨ ᠤᠯᠠᠭᠠᠨ ᠬᠤᠷᠤᠬᠠᠢ ᠰᠢᠬ ᠨᠠᠷᠢᠬᠠᠨ ᠦᠨᠳᠦᠰᠦ ᠨᠢ ᠬᠠᠶᠢᠷ ᠴᠢᠯᠠᠭᠤᠨ ᠤ ᠵᠠᠪᠰᠠᠷ ᠢᠶᠠᠷ ᠰᠦᠯᠵᠢᠯᠳᠦᠨ ᠤᠷᠭᠤᠬᠰᠠᠨ ᠪᠠᠶᠢᠯ᠎ᠠ᠃ ᠨᠢᠬᠡ ᠬᠤᠶᠠᠷ ᠳᠡᠭᠰᠢ ᠳᠦᠷᠪᠡᠯᠵᠢᠨ ᠮᠧᠳ᠋ᠷ ᠤᠨ ᠵᠠᠢ ᠳᠤ ᠪᠤᠯ ᠴᠢᠴᠠᠷᠭᠠᠨ᠎ᠠ ᠨᠢ ᠭᠤᠷᠪᠠᠨ ᠵᠢᠯ ᠳᠤ ᠳᠦᠷᠪᠡ ᠠᠴᠠ ᠳᠠᠪᠤᠨ ᠦᠶ᠎ᠠ ᠶᠢᠨ ᠦᠷ᠎ᠠ ᠨᠡᠬᠢᠶ᠎ᠠ ᠪᠠᠨ ᠦᠰᠬᠡᠨ ᠪᠤᠶᠢᠵᠢᠭᠤᠯᠵᠦ ᠳᠡᠶᠢᠯᠬᠦ ᠶᠤᠮ᠃ ᠨᠢᠬᠡ ᠭᠤᠳᠤᠯᠢ ᠳᠠᠷᠢᠭᠠᠳ ᠲᠠᠯᠪᠢᠪᠠᠯ᠂ ᠬᠠᠷᠠᠵᠤ ᠬᠠᠮᠢᠶᠠᠷᠬᠤ ᠴᠤ ᠦᠬᠡᠢ ᠴᠤ ᠭᠡᠰᠡᠨ ᠬᠡᠳᠦᠨ ᠵᠢᠯ ᠪᠤᠯᠪᠠᠯ ᠡᠷᠬᠢᠨ ᠳᠤᠭᠤᠷᠢᠨ ᠢᠶᠠᠷ ᠨᠢ ᠦᠷ᠎ᠠ ᠨᠠᠬᠢᠶ᠎ᠠ ᠨᠢ ᠪᠦᠭᠡᠮ ᠤᠷᠭᠤᠵᠤ ᠲᠦᠯᠵᠢᠬᠦ ᠶᠤᠮ᠃

  ᠨᠡᠩ ᠭᠠᠶᠢᠬᠠᠯᠳᠠᠢ ᠨᠢ ᠭᠡᠪᠡᠯ᠂ ᠡᠨᠡ ᠶᠠᠭᠤᠮ᠎ᠠ ᠦᠪᠴᠢ ᠪᠠᠶ᠎ᠠ ᠪᠠᠷ ᠢᠶᠠᠨ ᠡᠷᠳᠡᠨᠢ ᠭᠡᠵᠤ ᠮᠡᠳᠡᠭᠡᠷᠡᠢ — — ᠬᠤᠨᠢᠨ ᠤ ᠰᠠᠶᠢᠨ ᠳᠡᠵᠢᠬᠡᠯ ᠪᠤᠷᠳᠤᠭ᠎ᠠ ᠪᠤᠯᠤᠨ᠎ᠠ᠂ ᠬᠤᠨᠢ ᠢᠳᠡᠪᠡᠯ ᠢᠬᠡᠷᠡᠯᠡᠬᠦ ᠪᠤᠯᠤᠮᠵᠢ ᠶᠡᠬᠡᠳᠡᠢ ᠪᠤᠯᠤᠨ᠎ᠠ᠃ ᠡᠮ ᠤᠨ ᠮᠠᠲ᠋ᠧᠷᠢᠶᠠᠯ ᠳᠤ ᠤᠷᠤᠨ᠎ᠠ᠂ ᠴᠠᠢ᠂ ᠠᠷᠢᠬᠢ᠂ ᠭᠤᠶᠤᠯᠠᠯ ᠤᠨ ᠡᠳ᠋ ᠦᠢᠯᠡᠳᠪᠤᠷᠢᠯᠡᠵᠦ ᠪᠤᠯᠤᠨ᠎ᠠ ᠁ ᠬᠠᠳᠠᠬᠰᠠᠨ ᠮᠦᠴᠢᠷ ᠤᠨᠠᠬᠰᠠᠨ ᠨᠠᠪᠴᠢ ᠶᠢ ᠨᠢ ᠴᠡᠪᠡᠷᠯᠡᠵᠦ ᠠᠷᠢᠯᠭᠠᠬᠰᠠᠨ ᠤ ᠬᠡᠷᠡᠭ ᠠᠯᠠᠭ᠎ᠠ᠂ ᠬᠡᠳᠦᠨ ᠵᠢᠯ ᠤᠷᠭᠤᠬᠰᠠᠨ ᠤ ᠳᠠᠷᠠᠭ᠎ᠠ᠂ ᠴᠢᠴᠠᠷᠭᠠᠨ᠎ᠠ ᠶᠢᠨ ᠤᠢ ᠶᠢᠨ ᠳᠤᠳᠤᠷᠠᠬᠢ ᠤᠰᠤ ᠰᠢᠷᠤᠢ ᠨᠢ ᠠᠶᠠᠨᠳᠠᠭᠠᠨ ᠰᠠᠶᠢᠵᠢᠷᠠᠵᠦ᠂ ᠬᠦᠪᠰᠤᠬᠡᠷ ᠬᠦᠷᠦᠰᠦ ᠶᠢ ᠪᠤᠢ ᠪᠤᠯᠭᠠᠨ᠎ᠠ᠃

  ᠳᠡᠶᠢᠮᠦ ᠳᠡᠭᠡᠨ ᠬᠤᠸᠠᠩ ᠸᠧᠢ ᠳᠤ ᠲᠤᠰᠬᠠᠢ ︽ᠴᠢᠴᠠᠷᠭᠠᠨ᠎ᠠ ᠶᠢᠨ ᠠᠯᠪᠡᠨ ᠬᠡᠷ︾ ᠪᠠᠶᠢᠭ᠎ᠠ ᠨᠢ ᠴᠤ ᠵᠦᠢᠳᠠᠢ ᠤᠴᠢᠷ ᠡ᠃

  ᠁

    ᠨᠢᠬᠡ ᠰᠦᠨᠢ ᠶᠢᠨ ᠬᠤᠭᠤᠷᠤᠨᠳᠦ ᠳᠡᠯᠪᠡ ᠪᠠᠶᠠᠵᠢᠬᠰᠠᠨ ᠨᠢ ᠶᠠᠭᠠᠬᠢᠪᠠ︖ ᠪᠠᠶᠠᠵᠢᠬᠤ ᠶᠢᠨ
    ᠤᠯᠠᠮ ᠢᠶᠠᠷ ᠬᠠᠯᠴᠠᠭᠠᠢ ᠲᠤᠪᠤ ᠨᠤᠭᠤᠭᠠᠨ ᠪᠦᠷᠢᠳᠦ ᠪᠤᠯᠵᠦ ᠬᠤᠪᠢᠷᠠᠬᠰᠠᠨ ᠰᠢᠦ


  2019 ᠤᠨ ᠤ 11 ᠰᠠᠷ᠎ᠠ ᠶᠢᠨ 18 ᠤ ᠡᠳᠦᠷ᠂ ᠵᠡᠬᠦᠨᠭᠠᠷ ᠬᠤᠰᠢᠭᠤ ᠪᠠᠷ ᠳᠠᠬᠢᠨᠳᠠ ᠰᠤᠷᠪᠤᠯᠵᠢᠯᠠᠬᠤ ᠠᠶᠠᠨ ᠦᠨᠳᠦᠰᠦᠨ ᠳᠡᠭᠡᠨ 20 ᠵᠢᠯ ᠤᠨ ᠡᠮᠤᠨᠠᠬᠢ ᠵᠠᠮ ᠢᠶᠠᠷ ᠶᠠᠪᠤᠬᠰᠠᠨ ᠶᠤᠮ᠄

  ᠤᠯᠤᠰ ᠤᠨ ᠡᠨᠧᠷᠬᠢ ᠶᠢᠨ ᠵᠡᠬᠦᠨᠭᠠᠷ ᠪᠦᠯᠦᠭᠯᠡᠯ ᠤᠨ ᠬᠠᠷ᠎ᠠ ᠤᠰᠤ ᠵᠠᠳᠠᠭᠠᠢ ᠨᠡᠬᠦᠷᠡᠰᠦᠨ ᠠᠭᠤᠷᠬᠠᠢ ᠶᠢᠨ ᠠᠮᠢ ᠠᠬᠤᠢ ᠶᠢᠨ ᠰᠡᠷᠬᠦᠬᠡᠯᠳᠡ ᠶᠢ ᠰᠤᠷᠪᠤᠯᠵᠢᠯᠠᠭᠠᠳ᠂ ᠳᠠᠬᠢᠨ ᠴᠤᠸᠠᠨ ᠵᠠᠩ ᠭᠤᠤᠯ ᠤᠨ ᠰᠡᠪᠡ ᠭᠠᠵᠠᠷ ᠢᠶᠠᠷ ᠬᠦᠷᠴᠤ ᠤᠰᠤ ᠰᠢᠷᠤᠢ ᠶᠢᠨ ᠢᠳᠡᠭᠳᠡᠯ ᠢ ᠡᠷᠬᠡᠰᠢᠶᠡᠭᠰᠡᠨ ᠪᠠᠶᠢᠳᠠᠯ ᠢ ᠰᠤᠷᠪᠤᠯᠵᠢᠯᠠᠪᠠ︔ ᠱᠠᠵᠢᠨᠳᠤᠬᠤᠢ ᠪᠠᠯᠭᠠᠰᠤᠨ ᠤ ᠪᠠᠷᠠᠭᠤᠨ ᠬᠠᠳᠠᠢ ᠳᠤᠰᠬᠤᠨ ᠳᠤ ᠬᠦᠷᠴᠤ ᠬᠠᠰᠢᠯᠭ᠎ᠠ ᠶᠢᠨ ᠦᠷ᠎ᠠ ᠪᠦᠳᠦᠮᠵᠢ ᠶᠢ ᠤᠢᠢᠯᠠᠭᠠᠪᠠ︔ ᠭᠤᠤᠯ ᠤᠨ ᠠᠮᠠ ᠳᠤᠰᠬᠤᠨ ᠳᠤ ᠬᠦᠷᠴᠦ ᠳᠤᠬᠠᠢ ᠶᠢᠨ ᠦᠶ᠎ᠡ ᠳᠤ ᠤᠰᠤ ᠰᠢᠷᠤᠢ ᠶᠢᠨ ᠢᠳᠡᠭᠳᠡᠯ ᠢ ᠵᠠᠰᠠᠬᠰᠠᠨ ᠳᠠᠭᠠᠭᠤᠯᠤᠬᠴᠢ ᠬᠦᠮᠦᠨ 81 ᠨᠠᠰᠤᠳᠠᠢ ᠯᠢᠤᠢ ᠱᠢ ᠭᠤᠸᠠᠩ ᠢ ᠰᠤᠷᠪᠤᠯᠵᠢᠯᠠᠪᠠ︔ ᠤᠷᠠᠬ᠎ᠠ ᠰᠢᠶᠠᠩ ᠤᠨ ᠳᠡᠷᠡᠰᠦᠨ ᠰᠢᠯᠢ ᠳᠤᠰᠬᠤᠨ ᠳᠤ ᠬᠦᠷᠴᠤ ᠨᠢᠯᠴᠠᠭᠠᠢ ᠡᠯᠡᠰᠦᠨ ᠴᠢᠯᠠᠭᠤᠯᠢᠬ ᠢ ᠵᠠᠰᠠᠬᠰᠠᠨ ᠪᠠᠶᠢᠳᠠᠯ ᠢ ᠰᠤᠷᠪᠤᠯᠵᠢᠯᠠᠪᠠ᠃

  ᠵᠡᠭᠦᠠᠭᠠᠷ ᠤᠨ ᠬᠦᠷᠤᠰᠤᠨ ᠲᠤᠤᠷ᠎ᠠ ᠡᠳ᠋ ᠡᠷᠲᠡᠨᠢ ᠪᠠᠷ ᠲᠦᠭᠦᠷᠴᠦ ᠪᠠᠶᠢᠭ᠎ᠠ ᠶᠤᠮ᠂ ᠦᠰᠭᠡᠡ ᠲᠦᠰᠭᠡᠡ ᠲᠠᠢ ᠬᠡᠯᠡᠪᠠᠯ᠂ ᠨᠢᠭᠡ ᠬᠦᠷᠵᠡ ᠬᠢᠰᠬᠢᠪᠡᠯ ᠴᠢᠨᠠᠷᠯᠢᠭ ᠨᠡᠭᠦᠷᠡᠰᠦᠨ ᠠᠭᠤᠷᠬᠠᠢ ᠶᠢ ᠢᠯᠡᠷᠡᠭᠦᠯᠴᠢᠭᠡᠨ᠎ᠡ᠃ ᠠᠳᠡᠬᠢ ᠨᠡᠭᠦᠷᠡᠰᠦᠨ ᠤ ᠬᠦᠷᠦᠰᠦᠨ ᠲᠠᠪᠬᠤᠷᠭ᠎ᠠ ᠨᠢᠮᠭᠡᠨ᠂ ᠴᠢᠨᠠᠷ ᠨᠢ ᠰᠠᠶᠢᠨ ᠪᠠᠶᠢᠳᠠᠬ᠂ ᠠᠲᠡ ᠵᠠᠲᠠᠭᠠᠢ ᠠᠭᠤᠷᠬᠠᠢ ᠮᠠᠰᠢ ᠤᠯᠠᠠ ᠪᠠᠶᠢᠨ᠎ᠠ᠃ 20 ᠵᠢᠯ ᠤᠨ ᠡᠮᠦᠨ᠎ᠠ᠂ ᠭᠠᠵᠠᠷ ᠪᠤᠯᠭᠠᠠ ᠨᠡᠭᠦᠷᠡᠰᠦᠨ ᠤ ᠪᠤᠬᠢᠷᠲᠤᠯ ᠳᠤ ᠲᠤᠯᠭᠠᠷᠠᠵᠦ᠂ ᠠᠭᠠᠷ ᠠᠴᠠ ᠨᠢ ᠨᠡᠭᠦᠷᠡᠰᠦᠨ ᠤ ᠰᠢᠪᠳᠤᠷ ᠦᠨᠦᠷ ᠬᠠᠩᠬᠤᠯᠵᠦ ᠪᠠᠶᠢᠭᠰᠠᠠ᠃ ᠤᠲᠤ᠂ ᠨᠡᠭᠦᠷᠡᠰᠦᠨ ᠤ ᠰᠢᠪᠳᠤᠷ ᠦᠨᠦᠷ ᠦᠨᠦᠷᠲᠦᠭᠲᠡᠬᠦ ᠦᠭᠡᠢ ᠪᠤᠯᠵᠠᠢ᠃ ᠭᠤᠤ ᠵᠢᠯᠠᠭ᠎ᠠ ᠭᠤᠤᠯ ᠮᠦᠷᠠᠠ ᠢ ᠬᠦᠠᠲᠡᠯᠡᠡ ᠰᠤᠨᠲᠠᠯᠠᠭᠰᠠᠠ ᠲᠡᠮᠦᠷ ᠵᠠᠮ ᠤᠨ ᠲᠤᠮᠤ ᠬᠦᠬᠦᠷᠭᠡ ᠶᠢᠨ ᠲᠤᠤᠷ᠎ᠠ᠂ ᠨᠡᠭᠦᠷᠡᠰᠦ ᠲᠡᠭᠡᠭᠡᠪᠦᠷᠢᠯᠡᠭᠰᠡᠨ ᠮᠠᠰᠢᠨ ᠲᠡᠷᠭᠡ ᠡᠩᠨᠡᠷᠡᠨ ᠠᠶᠠᠯᠠᠨ᠎ᠠ︔ ᠵᠠᠰᠠᠮᠠᠯ ᠵᠠᠮ ᠤᠨ ᠰᠦᠢᠳᠭᠡᠯ ᠬᠤᠷᠢᠶᠠᠬᠤ ᠦᠷᠳᠡᠭᠡᠨ ᠳᠤ ᠺᠠᠷᠲ ᠢᠶᠠᠨ ᠰᠢᠷᠪᠢᠭᠦᠯᠬᠦ ᠠᠴᠢᠶᠠᠠ ᠤ ᠮᠠᠰᠢᠨ ᠲᠡᠷᠭᠡ ᠤᠷᠲᠤ ᠮᠦᠷᠯᠡᠡ ᠵᠤᠭᠰᠤᠨ᠎ᠠ ᠁ ᠲᠡᠲᠡ ᠲᠠᠯᠠᠢ ᠶᠢᠨ ᠵᠠᠮ᠂ ᠬᠠᠭᠤᠷᠠᠢ ᠵᠠᠮ ᠢᠶᠠᠷ ᠵᠡᠭᠦᠨ ᠬᠤᠶᠢᠲᠦ᠂ ᠤᠮᠠᠷᠠᠲᠦ ᠤᠷᠤᠨ᠂ ᠲᠤᠷᠤᠨᠠᠳᠤ ᠤᠷᠤᠨ᠂ ᠡᠮᠦᠨᠡᠲᠦ ᠤᠷᠤᠨ ᠲᠡᠶᠢᠰᠢ ᠨᠡᠭᠦᠷᠡᠰᠦ ᠵᠦᠭᠡᠭᠡᠪᠦᠷᠢᠯᠡᠭᠡᠳ ᠶᠠᠭᠠᠷᠠᠯᠲᠤᠨ᠎ᠠ᠃ ᠱᠠᠩᠬᠠᠢ᠂ ᠭᠤᠸᠠᠩᠵᠸᠤ᠂ ᠳ᠋ᠠᠯᠢᠶᠠᠠ ᠬᠦᠷᠲᠡᠯ᠎ᠠ ᠪᠦᠷ ᠵᠡᠭᠦᠠᠭᠠᠷ ᠤᠨ ᠨᠡᠭᠦᠷᠡᠰᠦ ᠪᠠᠷ ᠭᠡᠷᠡᠯᠲᠦᠭᠦᠯᠭᠡ ᠬᠢᠵᠤ ᠪᠠᠶᠢᠭ᠎ᠠ ᠶᠤᠮᠰᠠᠨ᠃

  ᠵᠡᠭᠦᠠᠭᠠᠷ ᠤᠨ ᠡᠨᠧᠷᠬᠢ ᠶᠢᠨ ᠪᠦᠯᠦᠭᠯᠡᠯ ᠢ ᠲᠤᠭᠤᠷᠢᠠ ᠦᠵᠡᠭᠰᠡᠡ ᠤ ᠲᠠᠷᠠᠭᠠᠬᠢ ᠲᠦᠷᠦᠭᠲᠡᠯ᠂ ᠶᠠᠭ ᠯᠡ ︽ᠴᠠᠢ ᠶᠢᠨ ᠮᠤᠬᠤᠯᠠᠭ︾ ᠤᠨ ᠲᠠᠶᠢᠰᠠᠠ ᠤ ᠦᠭᠡ ᠰᠢᠭ ᠪᠠᠶᠢᠯ᠎ᠠ᠃ ︽ᠬᠤᠶᠠᠷ ᠲᠤᠮᠤ ᠬᠦᠴᠦᠷᠭᠡᠭ ᠤᠯᠤᠰ ᠢᠶᠠᠷ ᠠᠰᠠᠷᠠᠭᠤᠯᠤᠨ᠎ᠠ︾ — ᠠᠮᠧᠷᠢᠺᠠ᠂ ᠭᠧᠷᠮᠠᠠ ᠤ ᠬᠠᠮᠤᠭ ᠤᠨ ᠲᠡᠷᠢᠭᠦᠨ ᠤ ᠲᠤᠮᠤ ᠬᠡᠯᠪᠡᠷᠢ ᠶᠢᠨ ᠨᠡᠭᠦᠷᠡᠰᠦ ᠮᠠᠯᠲᠠᠬᠤ ᠮᠠᠰᠢᠨ ᠪᠠᠭᠠᠵᠢ ᠨᠢ ᠠᠽᠢᠶ᠎ᠠ ᠲᠢᠪ ᠲᠤ ᠲᠦᠷᠦᠭᠦᠯᠡᠵᠦ᠂ ᠤᠯᠠᠠ ᠤᠯᠤᠰ ᠲᠤ ᠲᠦᠷᠦᠭᠦᠯᠡᠵᠤ ᠮᠡᠳᠡᠨ᠎ᠠ᠂ ᠡᠨᠡ ᠬᠦ ᠪᠦᠯᠦᠭᠯᠡᠯ ᠤᠨ ᠮᠠᠰᠢᠨ ᠮᠧᠬᠠᠨᠢᠭ ᠲᠤᠨᠤᠭ ᠲᠦᠬᠦᠭᠡᠷᠦᠮᠵᠢ ᠨᠢ ᠲᠠᠷᠤᠢ 40 ᠳ᠋ᠦᠩᠰᠢᠭᠤᠷ ᠤᠨ ᠦᠷᠲᠡᠭ ᠲᠠᠢ ᠶᠤᠮ᠃ ᠭᠡᠲᠡᠯ᠎ᠠ ᠪᠢᠲᠠ ᠲᠡᠲᠡᠡ ᠤ ᠠᠮᠢᠲᠤ ᠪᠤᠲᠠᠰ ᠤᠨ ᠲᠠᠬᠢᠨ ᠬᠠᠭᠠᠯᠪᠤᠷᠢᠯᠠᠯᠲᠠ ᠶᠢ ᠨᠡᠩ ᠠᠩᠬᠠᠷᠴᠤ ᠪᠠᠶᠢᠭ᠎ᠠ ᠶᠤᠮ᠃ ᠨᠡᠭᠦᠷᠡᠰᠦ ᠮᠠᠯᠲᠠᠬᠤ ᠭᠡᠳ ᠲᠡᠯᠪᠡᠷᠡᠭᠦᠯᠵᠦ ᠭᠠᠷᠭᠠᠭᠰᠠᠠ ᠲᠤᠮᠤ ᠨᠦᠭᠡ᠂ ᠨᠡᠭᠦᠷᠡᠰᠦ ᠮᠠᠯᠲᠠᠬᠤ ᠶᠢᠨ ᠲᠠᠭᠠᠤ ᠲᠠᠬᠢᠨ ᠬᠠᠭᠠᠯᠪᠤᠷᠢᠯᠠᠵᠦ᠂ ᠲᠠᠴᠢᠷᠲᠠᠠ ᠡᠯᠡᠰᠦᠷᠭᠡᠭᠵᠢᠭᠰᠡᠡ ᠭᠤᠤ ᠭᠠᠩᠭ᠎ᠠ ᠶᠢ ᠤᠰᠤ ᠬᠤᠷᠠᠭᠤᠯᠬᠤ ᠡᠷᠲᠡᠨᠢ ᠶᠢᠨ ᠬᠤᠲᠤᠭᠤᠷ ᠪᠤᠯᠭᠠᠵᠦ᠂ ᠲᠠᠴᠢᠷᠲᠠᠭᠰᠠᠠ ᠲᠠᠯ᠎ᠠ ᠨᠤᠭᠤᠭᠠᠠ ᠪᠦᠷᠢᠲᠦ ᠪᠤᠯᠵᠠᠢ᠃

  ᠦᠨᠡᠡᠲᠡᠭᠡᠡ᠂ ᠤᠷᠲᠤᠰ ᠲᠤ ᠠᠪᠴᠤ ᠬᠡᠯᠡᠪᠡᠯ᠂ ᠤᠲᠤ ᠦᠶ᠎ᠠ ᠶᠢᠨ ᠴᠠᠭ ᠬᠤᠭᠤᠴᠠᠭ᠎ᠠ ᠨᠢ 2003 ᠤᠨ ᠠᠴᠠ ᠡᠬᠢᠯᠡᠭᠰᠡᠡ ᠰᠢᠭ ᠰᠠᠨᠠᠭᠲᠠᠵᠦ ᠪᠠᠶᠢᠨ᠎ᠠ᠃

  ᠡᠨᠡ ᠨᠢᠭᠡ ᠵᠢᠯ ᠳᠤ᠂ ᠤᠯᠤᠰ ᠤᠨ ᠲᠤᠲᠤᠭᠠᠲᠤ ᠶᠢᠨ ᠨᠡᠭᠦᠷᠡᠰᠦᠨ ᠤ ᠦᠨ᠎ᠠ ᠶᠡᠬᠡᠪᠠᠷ ᠦᠰᠴᠤ᠂ ᠲᠤᠠ ᠪᠦᠷᠢ ᠶᠢᠨ ᠨᠡᠭᠦᠷᠡᠰᠦᠨ ᠤ ᠦᠨ᠎ᠠ ᠬᠠᠩᠰᠢ 12 ᠲᠦᠬᠦᠷᠢᠭ ᠪᠠᠶᠢᠭᠰᠠᠠ ᠠᠴᠠ ᠪᠠᠨ ᠨᠢᠭᠡᠯᠡ ᠲᠡᠭᠡᠷ᠎ᠠ ᠦᠰᠦᠭᠡᠳ 400 ᠭᠠᠷᠤᠢ ᠲᠦᠬᠦᠷᠢᠭ ᠪᠤᠯᠵᠠᠢ᠃ ᠤᠷᠲᠤᠰ ᠤᠨ ᠬᠠᠶᠢᠠ ᠢᠯᠡᠷᠡᠭᠦᠯᠦᠭᠰᠡᠡ ᠨᠡᠭᠦᠷᠡᠰᠦᠨ ᠤ ᠬᠠᠲᠠᠭᠠᠯᠠᠬᠳᠠᠴᠠ ᠪᠠᠷᠤᠭ ᠪᠦᠬᠦ ᠤᠯᠤᠰ ᠤᠨ 1/6 ᠶᠢ ᠡᠵᠡᠯᠡᠵᠦ᠂ ᠲᠤᠯᠤᠭᠠᠠ ᠬᠤᠪᠢ ᠶᠢᠨ ᠭᠠᠵᠠᠷ ᠲᠤ ᠴᠢᠨᠠᠷᠯᠢᠭ ᠨᠡᠭᠦᠷᠡᠰᠦ ᠪᠤᠯᠠᠬᠳᠠᠵᠤ ᠪᠠᠶᠢᠨ᠎ᠠ ᠁ ᠤᠷᠲᠤᠰᠴᠤᠳ ᠬᠡᠨᠡᠳᠲᠡ ᠪᠠᠷ ᠲᠡᠯᠪᠡ ᠪᠠᠶᠠᠵᠢᠵᠤ᠂ ᠭᠠᠵᠠᠷ ᠰᠢᠷᠤᠢ ᠦᠯᠡᠮᠵᠢᠬᠡᠨ ᠦᠮᠴᠢᠷᠬᠡᠵᠤ ᠪᠠᠶᠢᠬᠰᠠᠨ ᠮᠠᠯᠴᠢᠨ ᠲᠠᠷᠢᠶᠠᠴᠢᠠ ᠡᠯᠵᠢᠭᠡᠡ ᠲᠡᠷᠭᠡ ᠭᠡᠯᠢᠵᠤ ᠪᠠᠶᠢᠬᠰᠠᠨ ᠢᠶᠠᠨ ᠤᠲᠤ ᠪᠦᠷ ︽ᠯᠦ ᠬᠤ᠋︾ ᠮᠠᠰᠢᠨ ᠲᠡᠷᠭᠡ ᠵᠢᠯᠤᠭᠤᠳᠬᠤ ᠪᠤᠯᠵᠤ᠂ ᠨᠢᠭᠡᠯᠡ ᠲᠡᠭᠡᠷ᠎ᠠ ᠶᠠᠷᠢᠶ᠎ᠠ ᠬᠡᠯᠡᠯᠴᠡᠭᠡᠡ ᠤ ᠬᠠᠯᠠᠮᠰᠢᠯ ᠪᠤᠯᠵᠦ᠂ ᠡᠯ᠎ᠠ ᠵᠦᠢᠯ ᠤᠨ ᠤᠬᠠᠭᠤᠯᠭ᠎ᠠ ᠰᠤᠷᠲᠠᠯᠴᠢᠯᠠᠯ ᠦᠷᠭᠡᠨ ᠬᠡᠪᠴᠢᠶ᠎ᠡ ᠪᠠᠷ ᠲᠠᠷᠬᠠᠵᠤ᠂ ︽ᠬᠦᠮᠦᠨ ᠲᠤᠮᠲᠠᠴᠢ ᠶᠢᠨ GDP ᠰᠢᠶᠠᠩᠭᠠᠩ ᠠᠴᠠ ᠲᠠᠪᠠᠪᠠ︾᠂ ᠠᠷᠠᠳ ᠤᠨ ᠬᠤᠭᠤᠷᠤᠨᠳᠤᠬᠢ ᠵᠢᠭᠡᠯᠡᠯᠭᠡ ᠬᠦᠭᠵᠢᠶᠡᠨᠳᠠᠢ ᠪᠠᠶᠢᠭᠰᠠᠠ ᠠᠴᠠ ᠪᠠᠨ ᠤᠷᠤᠭᠤᠳᠠᠨ ᠮᠠᠭᠤᠳᠠᠪᠠ᠂ ᠴᠢᠳᠭᠦᠷ ᠤᠨ ᠬᠤᠲᠠ ᠪᠤᠯᠪᠠ ᠭᠡᠬᠦ ᠮᠡᠳᠦ ᠶᠢᠨ ᠡᠯᠳᠡᠪ ᠶᠠᠷᠢᠶ᠎ᠠ ᠤᠯᠠᠮᠵᠢᠯᠠᠬᠳᠠᠵᠤ ᠪᠠᠶᠢᠯ᠎ᠠ ᠁


    ᠴᠤᠬᠤᠮ ᠶᠠᠭᠤ ᠪᠤᠯᠤᠭᠰᠠᠠ ᠢ ᠮᠡᠲᠡᠶ᠎ᠡ ᠬᠡᠪᠡᠯ ᠬᠠᠰᠢᠯᠠ ᠯᠠᠪᠲᠠᠭᠤᠠ ᠬᠢᠨᠠᠭᠤᠷ ᠪᠠᠶᠢᠬᠤ ᠭᠡᠷᠡᠭᠲᠡᠢ

  ᠵᠡᠭᠦᠠᠭᠠᠷ ᠢᠶᠠᠷ ᠠᠪᠴᠤ ᠬᠡᠯᠡᠬᠦ ᠳᠤ᠂ 2014 ᠤᠨ ᠠᠴᠠ ᠡᠮᠦᠨ᠎ᠠ᠂ ᠶᠡᠷᠦᠨᠢ ᠤᠯᠤᠰ ᠤᠨ ᠲᠡᠰ ᠤᠨ ᠶᠠᠲᠠᠭᠤ ᠬᠦᠴᠢᠷᠲᠠᠯᠲᠠᠢ ᠰᠢᠶᠠᠠ ᠤ ᠮᠠᠯᠠᠭᠠᠢ ᠵᠡᠭᠦᠵᠤ ᠪᠠᠶᠢᠭᠰᠠᠠ ᠠᠴᠠ ᠪᠠᠨ ᠪᠦᠬᠦ ᠤᠯᠤᠰ ᠤᠨ ᠵᠠᠭᠤᠨ ᠬᠦᠴᠦᠷᠭᠡᠭ ᠰᠢᠶᠠᠠ ᠤ ᠡᠩᠨᠡᠭᠡᠨ ᠳᠤ ᠵᠢᠬᠰᠠᠭᠠᠬᠳᠠᠵᠤ᠂ 30 ᠲᠦᠮᠡ ᠭᠠᠷᠤᠢ ᠬᠦᠮᠦᠨ ᠠᠮᠠ ᠶᠢᠨ ᠡᠳ᠋ ᠤᠨ ᠵᠠᠰᠠᠭ ᠤᠨ ᠤᠷᠤᠯᠭ᠎ᠠ ᠬᠤᠶᠠᠷ ᠭᠤᠷᠪᠠᠠ ᠵᠠᠭᠤᠨ ᠳ᠋ᠦᠩᠰᠢᠭᠤᠷ ᠲᠦᠭᠦᠷᠢᠭ ᠲᠤ ᠬᠦᠷᠴᠦ᠂ ᠡᠷᠲᠡ ᠢᠵᠠᠭᠤᠷ ᠠᠴᠠ ᠦᠯᠡᠲᠡᠭᠲᠡᠵᠦ ᠢᠷᠡᠭᠰᠡᠡ ᠡᠯᠪᠡᠭ ᠲᠡᠯᠪᠡᠭ ᠡᠬᠢ ᠪᠠᠶᠠᠯᠢᠭ ᠨᠢ ᠤᠲᠤ ᠡᠳ᠋ ᠮᠦᠡᠭᠬᠦ ᠪᠤᠯᠵᠤ ᠬᠤᠪᠢᠷᠠᠬᠰᠠᠨ ᠪᠠᠶᠢᠨ᠎ᠠ᠃

  ᠭᠡᠲᠡᠯ᠎ᠠ᠂ ᠵᠤᠭᠤᠰ ᠮᠦᠡᠭᠬᠦ ᠲᠠᠢ ᠪᠤᠯᠤᠭᠰᠠᠠ ᠵᠡᠭᠦᠠᠭᠠᠷ ᠵᠢᠴᠢ ᠤᠷᠲᠤᠰᠴᠤᠳ ᠡᠭᠡ ᠪᠠᠶᠢᠭᠠᠯᠢ ᠳᠠᠭᠠᠨ ᠬᠠᠷᠢᠭᠤ ᠬᠠᠨᠲᠢᠪᠯᠠᠬᠤ ᠪᠠᠨ ᠮᠠᠷᠳᠠᠬᠰᠠᠨ ᠦᠭᠡᠢ᠃


    ᠬᠤᠸᠠᠩ ᠹᠦ᠋ ᠭᠤᠤᠯ᠂ ᠬᠠᠲᠤᠨ ᠭᠤᠤᠯ ᠤᠨ ᠰᠠᠪᠠ ᠭᠠᠵᠠᠷ ᠲᠤ ᠡᠯᠡᠰᠦ ᠰᠢᠪᠠᠷ ᠬᠤᠷᠠᠭᠤᠯᠬᠤ ︽ᠲᠡᠷᠢᠭᠦᠨ ᠬᠡᠷᠡᠭᠳᠡᠨ︾ ᠪᠤᠯᠵᠤ ᠪᠠᠶᠢᠨ᠎ᠠ᠂ ᠭᠡᠳᠡᠯ᠎ᠡ ᠠᠳᠡᠬᠢ ᠮᠠᠰᠢ ᠤᠯᠠᠠ ᠬᠦᠮᠦᠠ ᠴᠢᠷᠮᠠᠶᠢᠨ ᠠᠷᠢᠭᠤᠳᠬᠠᠨ ᠴᠡᠪᠡᠷᠯᠡᠵᠦ ᠪᠠᠶᠢᠨ᠎ᠠ

  ᠬᠤᠸᠠᠩ ᠹᠦ᠋ ᠭᠤᠤᠯ ᠡᠨᠡᠬᠦ ᠨᠡᠷ᠎ᠠ ᠶᠢ ᠴᠡᠭᠡᠵᠢᠯᠡᠵᠦ ᠠᠪᠤᠭᠠᠷᠠᠢ᠂ ᠭᠠᠵᠠᠷ ᠤᠨ ᠵᠢᠷᠤᠭ ᠲᠡᠭᠡᠷ᠎ᠠ᠂ ᠡᠨᠡ ᠬᠦ ᠭᠤᠤᠯ ᠮᠤᠷᠤᠯᠵᠠᠠ ᠤᠷᠤᠰᠴᠤ ᠬᠠᠲᠤᠨ ᠭᠤᠤᠯ ᠳᠤ ᠴᠢᠳᠬᠤᠵᠤ ᠪᠠᠶᠢᠭ᠎ᠠ ᠶᠤᠮ᠃

  ᠬᠠᠲᠤᠨ ᠭᠤᠤᠯ ᠤᠨ ᠬᠤᠪᠢ ᠳᠤ ᠬᠡᠯᠡᠪᠡᠯ ᠬᠤᠸᠠᠩ ᠹᠦ᠋ ᠭᠤᠤᠯ ᠤᠨ ᠬᠠᠷᠢᠭᠤᠴᠠᠯᠭ᠎ᠠ ᠲᠦᠢᠯ ᠤᠨ ᠶᠡᠭᠡ ᠪᠠᠶᠢᠲᠠᠭ᠃

  ᠬᠠᠲᠤᠠ ᠭᠤᠤᠯ ᠤᠨ ᠲᠤᠭᠲᠠᠬᠤ ᠰᠢᠶᠠᠠ ᠤ ᠭᠤᠤᠯ ᠤᠨ ᠠᠮᠠ ᠪᠠᠯᠭᠠᠰᠤᠨ ᠠᠴᠠ ᠲᠡᠭᠡᠭᠰᠢᠬᠢ ᠤᠰᠤᠨ ᠤ ᠠᠭᠤᠯᠤᠭᠲᠠᠴᠠ ᠶᠢᠨ ᠬᠡᠮᠵᠢᠶ᠎ᠠ ᠪᠦᠬᠦ ᠭᠤᠤᠯ ᠤᠨ ᠤᠰᠤᠨ ᠤ 54% ᠤᠷᠴᠢᠮ ᠢ ᠡᠵᠡᠯᠡᠵᠦ ᠪᠠᠶᠢᠨ᠎ᠠ᠃ ᠡᠯᠡᠰᠦᠨ ᠤ ᠭᠡᠮᠵᠢᠶ᠎ᠠ ᠨᠢ ᠵᠦᠪᠬᠡᠡ 9% ᠢ ᠡᠵᠡᠯᠡᠵᠦ ᠪᠠᠶᠢᠨ᠎ᠠ᠂ ᠰᠠᠠ ᠮᠸᠠ ᠰᠢᠶᠠ ᠠᠴᠠ ᠲᠤᠷᠤᠭᠰᠢᠬᠢ ᠤᠰᠤᠨ ᠤ ᠬᠡᠮᠵᠢᠶ᠎ᠠ ᠪᠠᠷᠤᠭ 10% ᠢ ᠡᠵᠡᠯᠡᠵᠦ᠂ ᠡᠯᠡᠰᠦᠨ ᠤ ᠬᠡᠮᠵᠢᠶ᠎ᠠ ᠨᠢ ᠵᠦᠪᠬᠡᠡ 2% ᠢ ᠡᠵᠡᠯᠡᠵᠦ ᠪᠠᠶᠢᠨ᠎ᠠ᠃ ᠤᠰᠤ ᠨᠢ ᠶᠡᠭᠡ ᠡᠯᠡᠰᠦ ᠨᠢ ᠪᠠᠭ᠎ᠠ ᠭᠡᠵᠦ ᠬᠡᠯᠡᠵᠦ ᠪᠤᠯᠤᠨ᠎ᠠ᠃ ᠭᠤᠤᠯ ᠤᠨ ᠠᠮᠠ ᠪᠠᠯᠭᠠᠰᠤ ᠠᠴᠠ ᠯᠦᠩ ᠮᠸᠠ ᠭᠤᠤᠯ ᠤᠨ ᠭᠡᠰᠡᠭ ᠬᠦᠷᠲᠡᠯᠡᠬᠢ ᠤᠰᠤᠨ ᠤ ᠬᠡᠮᠵᠢᠶ᠎ᠠ ᠨᠢ 14% ᠢ ᠡᠵᠡᠯᠡᠵᠦ᠂ ᠡᠯᠡᠰᠦᠨ ᠤ ᠬᠡᠮᠵᠢᠶ᠎ᠠ ᠨᠢ ᠬᠠᠷᠢᠨ ᠲᠦᠷᠭᠡᠡ ᠨᠡᠮᠡᠭᠲᠡᠭᠡᠳ 55% ᠲᠤ ᠬᠦᠷᠴᠠᠢ᠄ ᠯᠦᠩ ᠮᠸᠠ ᠠᠴᠠ ᠲᠦᠩ ᠭᠤᠸᠠᠠ ᠭᠤᠤᠯ ᠤᠨ ᠭᠡᠰᠡᠭ ᠬᠦᠷᠲᠡᠯᠡᠬᠢ ᠤᠰᠤᠨ ᠤ ᠬᠡᠮᠵᠢᠶ᠎ᠠ ᠨᠢ 21% ᠢ ᠡᠵᠡᠯᠡᠵᠦ᠂ ᠡᠯᠡᠰᠦᠨ ᠤ ᠬᠡᠮᠵᠢᠶ᠎ᠠ ᠨᠢ ᠴᠤ 34% ᠢ ᠡᠵᠡᠯᠡᠵᠦ ᠪᠠᠶᠢᠨ᠎ᠠ᠂ ︽ᠨᠢᠭᠡ ᠠᠶᠠᠭ᠎ᠠ ᠤᠰᠤᠠ ᠳᠤ ᠬᠠᠭᠠᠰ ᠠᠶᠠᠭ᠎ᠠ ᠡᠯᠡᠰᠦ ᠲᠠᠢ︾ ᠭᠡᠲᠡᠭ ᠬᠡᠯᠡᠯᠭᠡ ᠨᠢ ᠠᠲᠡ ᠠᠴᠠ ᠢᠷᠠᠯᠲᠠ ᠲᠠᠢ ᠶᠤᠮ᠃

  ᠬᠠᠲᠤᠨ ᠭᠤᠤᠯ ᠤᠨ ᠲᠡᠭᠡᠲᠦ ᠤᠷᠤᠰᠬᠠᠯ ᠴᠡᠪᠡᠷ ᠤᠰᠤ ᠬᠠᠩᠭᠠᠵᠦ᠂ ᠲᠤᠮᠲᠠ ᠤᠷᠤᠰᠬᠠᠯ ᠨᠢ ᠪᠤᠯᠠᠩᠭᠢᠷᠲᠤᠭᠰᠠᠠ ᠡᠯᠡᠰᠦ ᠶᠢ ᠤᠷᠤᠰᠬᠠᠠ ᠠᠪᠴᠢᠷᠠᠵᠤ ᠪᠤᠢ — ᠡᠨᠡ ᠪᠤᠯ ᠲᠠᠷᠤᠢ ᠤᠰᠤ ᠪᠤᠯᠤᠨ ᠡᠯᠡᠰᠦ ᠶᠢᠨ ᠲᠤᠰ ᠲᠤᠰ ᠤᠨ ᠡᠬᠢ ᠢᠷᠡᠯᠳᠡ ᠪᠤᠯᠤᠨ᠎ᠠ᠃ ᠡᠭᠦᠨ ᠳᠤ 0.05 mm ᠤᠨ ᠲᠤᠮᠤ ᠪᠦᠲᠦᠭᠦᠯᠢᠭ ᠡᠯᠡᠰᠦ ᠨᠢ ᠭᠤᠤᠯ ᠤᠨ ᠰᠠᠪᠠ ᠭᠠᠵᠷ ᠲᠤ ᠬᠤᠷᠠᠵᠦ ᠴᠤᠬᠯᠠᠷᠠᠬᠤ ᠠᠶᠤᠯ ᠬᠠᠮᠤᠭ ᠤᠨ ᠶᠡᠭᠡ ᠪᠠᠶᠢᠲᠠᠭ᠃ ᠪᠦᠲᠦᠭᠦᠯᠢᠭ ᠡᠯᠡᠰᠦ ᠶᠢᠨ ᠶᠡᠷᠦᠩᠭᠡᠢ ᠬᠡᠮᠵᠢᠶᠡᠨ ᠤ ᠲᠤᠯᠤᠭᠠᠠ ᠬᠤᠪᠢ ᠠᠴᠠ ᠲᠡᠭᠡᠭᠰᠢᠬᠢ ᠨᠢ ᠭᠤᠤᠯ ᠤᠨ ᠠᠮᠠ ᠪᠠᠯᠭᠠᠰᠤ ᠠᠴᠠ ᠯᠦᠩ ᠮᠸᠠ ᠭᠤᠤᠯ ᠤᠨ ᠭᠡᠰᠡᠭ ᠠᠴᠠ ᠢᠷᠡᠯᠲᠡ ᠲᠠᠢ᠂ ᠬᠤᠶᠠᠷ ᠭᠤᠤᠯ ᠪᠤᠯᠬᠤ ︽ᠭᠠᠷᠤᠯᠲᠠ ᠶᠢᠨ ᠤᠷᠤᠨ︾ ᠤ ᠨᠢᠭᠡ ᠨᠢ ᠬᠤᠸᠠᠩ ᠹᠦ᠋ ᠭᠤᠤᠯ ᠠᠴᠠ ᠲᠦ᠋ ᠸᠧᠢ ᠭᠤᠤᠯ ᠬᠦᠷᠲᠡᠯᠡᠬᠢ ᠤᠷᠤᠨ ᠪᠤᠯᠤᠨ᠎ᠠ᠂ ᠨᠦᠭᠦᠭᠡ ᠨᠢ᠂ ᠰᠢᠷ᠎ᠠ ᠤᠰᠤᠨ ᠭᠤᠤᠯ ᠤᠨ ᠲᠤᠮᠲᠠ ᠲᠤᠤᠷ᠎ᠠ ᠤᠷᠤᠰᠬᠠᠯ ᠵᠡᠷᠭᠡ ᠭᠠᠵᠠᠷ ᠤᠷᠤᠨ ᠪᠤᠯᠤᠨ᠎ᠠ᠃

  ᠴᠤᠸᠠᠠ ᠵᠠᠩ ᠭᠤᠤᠯ ᠪᠤᠯ ᠲᠠᠷᠤᠢ ᠬᠤᠸᠠᠩ ᠹᠦ᠋ ᠭᠤᠤᠯ ᠤᠨ ᠬᠠᠮᠤᠭ ᠤᠨ ᠲᠤᠮᠤ ᠰᠠᠯᠪᠤᠷᠢ ᠤᠷᠤᠰᠬᠠᠯ ᠤᠨ ᠠᠷᠪᠠᠠ ᠭᠠᠵᠠᠷ ᠤᠷᠲᠤ ᠭᠤᠤᠯ ᠤᠨ ᠲᠡᠭᠡᠲᠦ ᠤᠷᠤᠰᠬᠠᠯ ᠪᠤᠯᠤᠨ᠎ᠠ᠂ ᠭᠤᠤᠯ ᠲᠤᠲᠤᠷᠠᠬᠢ 3400 ᠬᠦᠮᠦᠨ ᠬᠠᠰᠢᠯᠭ᠎ᠠ ᠶᠢ ᠪᠠᠷᠤᠭ ᠬᠤᠷᠢᠭᠠᠳ ᠵᠢᠯ ᠪᠠᠶᠢᠭᠤᠯᠵᠦ᠂ ᠲᠤᠮᠲᠠ ᠪᠠᠭ᠎ᠠ ᠬᠠᠰᠢᠯᠭ᠎ᠠ ᠶᠢ 56 ᠪᠠᠶᠢᠭᠤᠯᠵᠠᠢ᠂ ᠤᠯᠠᠠ ᠬᠠᠰᠢᠯᠭ᠎ᠠ ᠨᠢ ᠰᠢᠰᠲ᠋ᠧᠮ ᠪᠤᠯᠤᠨ ᠪᠦᠷᠢᠯᠲᠦᠵᠦ᠂ ᠦᠶᠡᠷ ᠤᠨ ᠤᠰᠤ ᠶᠢ ᠲᠤᠭᠲᠠᠭᠠᠨ ᠡᠯᠡᠰᠦ ᠶᠢ ᠬᠠᠰᠢᠵᠦ᠂ ᠮᠤᠲᠤ ᠲᠠᠷᠢᠵᠦ ᠲᠠᠷᠢᠶ᠎ᠠ ᠲᠠᠷᠢᠪᠠ᠃ ᠠᠲᠡᠬᠢ ᠨᠢ ᠰᠢᠷ᠎ᠠ ᠬᠦᠷᠦᠰᠦᠲᠦ ᠦᠨᠲᠦᠷᠯᠢᠭ ᠲᠤ ᠬᠠᠷᠢᠶᠠᠯᠠᠭᠲᠠᠨ᠎ᠠ᠂ ᠲᠡᠷᠡᠬᠦ ᠮᠤᠠᠲᠠᠭ ᠲᠤᠮᠤ ᠴᠤᠸᠠᠠ ᠵᠠᠩ ᠭᠤᠤᠯ ᠤᠨ ᠤᠷᠤᠰᠤᠨ ᠦᠩᠭᠡᠷᠡᠭᠰᠡᠡ ᠲᠠᠷᠠᠬᠠᠢ ᠪᠤᠲᠠᠷᠬᠠᠢ ᠠᠭᠤᠯᠠ ᠤᠰᠤ᠂ ᠲᠡᠷᠡᠬᠦ ᠬᠦᠷᠰᠢ ᠵᠡᠷᠭᠡᠯᠡᠲᠡᠭᠡ ᠶᠢᠨ ᠬᠢᠨ ᠳᠡᠭᠡᠨ ᠭᠡᠲᠦᠨ ᠵᠠᠭᠤᠨ ᠵᠢᠯ ᠱᠤᠤᠯᠠᠭᠲᠠᠭᠰᠠᠠ ᠴᠤᠸᠡᠠ ᠵᠠᠩ ᠭᠤᠤᠯ ᠨᠢ ᠡᠲᠦᠢ ᠪᠤᠲᠠᠢ ᠪᠠᠶᠢᠭᠰᠠᠠ ᠠᠴᠠ ᠪᠠᠨ ᠤᠷᠠᠠ ᠨᠠᠬᠢᠯᠵᠠᠭᠤᠷ ᠬᠡᠪ ᠲᠦᠷᠬᠦ ᠲᠠᠢ ᠪᠤᠯᠵᠦ ᠬᠤᠪᠢᠷᠠᠵᠠᠢ᠃

  ᠭᠠᠭᠴᠡᠬᠦ ᠴᠤᠸᠠᠠ ᠵᠠᠩ ᠭᠤᠤᠯ ᠢᠶᠠᠷ ᠵᠤᠭᠰᠤᠬᠤ ᠪᠢᠰᠢ᠂ ᠵᠡᠭᠦᠠᠭᠠᠷ ᠬᠤᠰᠢᠭᠤ ᠶᠢᠨ ᠶᠡᠭᠡ ᠪᠠᠭ᠎ᠠ ᠬᠠᠰᠢᠯᠭ᠎ᠠ ᠶᠢᠨ ᠦᠵᠡᠭᠦᠯᠦᠭᠰᠡᠡ ᠭᠠᠪᠢᠶ᠎ᠠ ᠵᠢᠳᠭᠦᠯ ᠢ ᠤᠮᠲᠤᠭᠠᠢᠢᠯᠠᠵᠦ ᠪᠤᠯᠤᠰᠢ ᠦᠭᠡᠢ ᠶᠤᠮ᠂ ᠡᠳᠡᠭᠡᠷ ᠬᠠᠰᠢᠯᠭ᠎ᠠ 2.3 ᠳ᠋ᠦᠩᠰᠢᠭᠤᠷ ᠪᠤᠰᠤᠭ᠎ᠠ ᠲᠦᠷᠪᠡᠯᠵᠢᠨ ᠮᠧᠳ᠋ᠷ ᠰᠢᠪᠠᠷ ᠡᠯᠡᠰᠦ ᠶᠢ ᠬᠤᠷᠢᠠᠠᠯᠠᠠ ᠠᠪᠴᠠᠢ᠃ ᠬᠤᠰᠢᠭᠤᠨ ᠤ ᠤᠰᠤᠨ ᠠᠰᠢᠠᠠᠯᠠᠯᠲᠠ ᠶᠢᠨ ᠲᠤᠪᠴᠢᠶ᠎ᠠ ᠶᠢᠨ ᠺᠠᠳ᠋ᠷ ᠤᠨ ᠵᠢᠱᠢᠭᠰᠡᠡ ᠢᠶᠠᠷ᠂ ᠬᠠᠲᠤᠨ ᠭᠤᠤᠯ ᠳᠤ ᠴᠢᠳᠬᠤᠯᠵᠦ ᠪᠠᠶᠢᠭ᠎ᠠ ᠰᠢᠪᠠᠷ ᠡᠯᠡᠰᠦ ᠪᠠᠷᠤᠭ ᠳᠦᠷᠪᠡᠨ ᠤ ᠨᠢᠭᠡ ᠬᠤᠪᠢ ᠪᠠᠷ ᠪᠠᠭᠠᠰᠴᠠᠢ᠃

  ᠪᠢᠳᠡ ᠲᠤᠰᠬᠠᠢᠢᠯᠠᠨ ᠭᠸᠦ ᠮᠧᠨ ᠼᠦᠨ ᠲᠣᠰᠬᠤᠨ ᠳᠤ ᠬᠦᠷᠴᠦ᠂ 81 ᠨᠠᠰᠤᠲᠠᠶ ᠯᠢᠦᠶ ᠱᠢ ᠭᠤᠸᠠᠩ ᠨᠠᠰᠤᠲᠠᠨ ᠢ ᠰᠤᠷᠪᠤᠯᠵᠢᠯᠠᠪᠠ᠃ ᠬᠠᠷ᠎ᠠ ᠪᠠᠭ᠎ᠠ ᠠᠴᠠ ᠪᠠᠨ ᠲᠥᠮᠥᠰᠥ ᠲᠠᠢ ᠰᠢᠩᠭᠡᠨ ᠪᠤᠳᠠᠭ᠎ᠠ ᠢᠳᠡᠵᠦ ᠬᠤᠨᠢ ᠬᠠᠷᠢᠭᠤᠯᠳᠠᠭ ᠬᠡᠤᠬᠡᠳ ᠪᠠᠶᠢᠭᠰᠠᠨ ᠢᠶᠠᠨ ᠬᠤᠵᠢᠮ ᠨᠢ ᠪᠠᠷᠠᠭᠤᠨ ᠬᠠᠲᠠᠶ ᠰᠢᠶᠠᠩ ᠤᠨ ᠨᠠᠮ ᠤᠨ ᠬᠤᠷᠢᠶᠠᠨ ᠤ ᠱᠦᠵᠢ ᠪᠣᠯᠪᠠ᠂ ᠬᠥᠮᠦᠰ ᠲᠡᠭᠦᠨ ᠢ ︽ᠭᠤᠷᠪᠠᠨ ᠲᠠᠷᠢᠶᠠᠨ ᠤ ᠱᠦᠵᠢ︾ ᠭᠡᠳᠡᠭ᠃ ᠭᠤᠷᠪᠠᠨ ᠲᠠᠷᠢᠶ᠎ᠠ ᠭᠡᠳᠡᠭ ᠨᠢ ᠤᠰᠤᠨ ᠲᠠᠷᠢᠶ᠎ᠠ᠂ ᠱᠠᠲᠤᠨ ᠲᠠᠷᠢᠶ᠎ᠠ᠂ ᠬᠠᠰᠢᠯᠭ᠎ᠠ ᠶᠢᠨ ᠲᠠᠷᠢᠶ᠎ᠠ ᠪᠣᠯᠤᠨ᠎ᠠ᠂ ᠲᠡᠷᠡ ᠲᠤᠬᠠᠶ ᠶᠢᠨ ᠵᠢᠯ ᠳᠤ ᠠᠷᠠᠳ ᠤᠯᠠᠨ ᠢ ᠳᠠᠭᠠᠭᠤᠯᠤᠨ ᠬᠡᠳᠦᠨ ᠠᠷᠪᠠᠨ ᠵᠢᠯ ᠬᠠᠲᠠᠭᠤᠵᠢᠯᠲᠠᠢ ᠲᠡᠮᠡᠴᠡᠵᠦ᠂ ︽ᠭᠤᠷᠪᠠᠨ ᠲᠠᠷᠢᠶ᠎ᠠ︾ ᠶᠢ ᠯᠠ ᠲᠠᠷᠢᠬᠰᠠᠨ ᠲᠡᠳᠦᠶ ᠦᠭᠡᠢ᠂ ᠪᠠᠰᠠ ᠮᠣᠳᠣ ᠲᠠᠷᠢᠬᠤ ᠳᠤ ᠬᠦᠴᠦᠯᠡᠨ ᠴᠢᠷᠮᠠᠶᠢᠬᠰᠠᠨ ᠪᠠᠶᠢᠯ᠎ᠠ᠂ ᠲᠡᠷᠡ ᠪᠣᠯ ᠪᠠᠷᠠᠭᠤᠨ ᠬᠠᠳᠠᠢ ᠶᠢ ︽ᠪᠦᠬᠦ ᠤᠯᠤᠰ ᠤᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠦᠯᠢᠭᠡᠷ ᠳᠠᠭᠤᠷᠢᠶᠠᠯ ᠰᠢᠶᠠᠩ︾ ᠪᠣᠯᠭᠠᠬᠰᠠᠨ ᠭᠠᠪᠢᠶᠠᠲᠠᠨ ᠪᠣᠯᠤᠨ᠎ᠠ᠃

  ᠠᠵᠢᠯ ᠤᠨ ᠠᠮᠠᠷᠠᠯᠲᠠ ᠪᠠᠨ ᠠᠪᠤᠬᠰᠠᠨ ᠤ ᠳᠠᠷᠠᠭ᠎ᠠ᠂ ᠲᠡᠷᠡ ᠪᠠᠰᠠ ᠬᠤᠰᠢᠭᠤᠨ ᠤ ᠣᠢ ᠰᠢᠭᠤᠶ ᠶᠢᠨ ᠲᠣᠪᠴᠢᠶᠠᠨ ᠳᠤ ᠵᠥᠪᠯᠡᠭᠴᠢ ᠪᠠᠷ ᠤᠷᠢᠭᠳᠠᠵᠤ᠂ ᠬᠥᠮᠦᠨ ᠳᠠᠭᠠᠭᠤᠯᠤᠨ ᠪᠠᠷᠠᠭᠤᠨᠰᠢ ᠬᠤᠰᠤᠳᠠᠢ ᠭᠤᠤᠯ ᠠᠴᠠ ᠡᠬᠢᠯᠡᠨ ᠵᠡᠭᠦᠨᠰᠢ ᠬᠠᠳᠤᠨ ᠭᠤᠤᠯ ᠤᠨ ᠳᠠᠩ ᠬᠦᠷᠲᠡᠯᠡᠬᠢ 70 ᠺᠢᠯᠣᠮᠧᠲᠷ ᠤᠷᠳᠤ ᠰᠠᠪᠠ ᠭᠠᠵᠠᠷ ᠲᠤ 40 ᠭᠠᠷᠤᠶ ᠲᠦᠮᠡᠨ ᠰᠠᠭᠤᠷᠢ ᠮᠣᠳᠣ ᠲᠠᠷᠢᠪᠠ᠃ 76 ᠨᠠᠰᠤᠯᠠᠳᠠᠯ᠎ᠠ ᠲᠠᠷᠢᠬᠰᠠᠨ ᠰᠢᠦ ᠁

  ᠰᠢᠶᠠᠨ ᠤ ᠲᠡᠰ ᠤᠨ ᠤᠳᠤᠷᠢᠳᠤᠯᠭ᠎ᠠ ᠪᠣᠯᠤᠬᠰᠠᠨ ᠪᠠᠢᠶ᠋ᠲᠠᠯ᠎ᠠ᠂ ᠨᠠᠰᠤᠳᠠᠨ ᠬᠠᠷᠢᠨ ᠰᠢᠶᠠᠨ ᠤ ᠬᠤᠲᠠ ᠳᠤ ᠰᠠᠭᠤᠬᠤ ᠦᠭᠡᠢ᠂ ᠭᠸᠦ ᠮᠧᠨ ᠼᠦᠨ ᠲᠣᠰᠬᠤᠨ ᠤ ᠨᠤᠲᠤᠭ ᠢᠶᠠᠨ ᠰᠠᠬᠢᠵᠤ ᠰᠠᠭᠤᠨ᠎ᠠ᠂ ᠲᠤᠬᠠᠶ ᠶᠢᠨ ᠵᠢᠯ ᠳᠤ ᠲᠠᠷᠢᠬᠰᠠᠨ ᠠᠭᠤᠯᠠ ᠪᠦᠷᠬᠦᠭᠰᠡᠨ ᠮᠤᠳᠤ ᠪᠠᠨ ᠰᠠᠬᠢᠵᠤ ᠯᠡ ᠪᠠᠶᠢᠪᠠᠯ᠂ ᠰᠡᠳᠭᠢᠯ ᠲᠠᠭᠠᠯᠠᠮᠵᠢᠲᠠᠢ ᠪᠤᠯᠬᠤ ᠶᠤᠮ ᠭᠡᠨ᠎ᠡ᠃

  ᠡᠪᠦᠭᠡᠨ ᠪᠢ ᠥᠪᠡᠷ ᠢ ᠪᠠᠨ ︽ᠰᠤᠶᠤᠯ ᠳᠤᠤᠷ᠎ᠠ ᠨᠠᠰᠤ ᠦᠨᠳᠦᠷ ᠺᠠᠳ᠋ᠷ︾ ᠭᠡᠳᠡᠭ᠃ ᠬᠡᠳᠦ᠋ᠢᠴᠢᠨᠡᠨ ᠵᠢᠯ ᠤᠨ ᠡᠮᠦᠨ᠎ᠡ᠂ ᠵᠣᠬᠢᠶᠠᠨ ᠪᠠᠶᠢᠭᠤᠯᠬᠤ ᠬᠡᠯᠲᠡᠰ ᠤᠨ ᠨᠢᠭᠡᠨ ᠤᠳᠤᠷᠢᠳᠤᠯᠭ᠎ᠠ ᠲᠡᠭᠦᠨ ᠤ ᠳᠠᠩᠰᠠ ᠡᠪᠬᠡᠮᠡᠯ ᠢ ᠦᠵᠡᠭᠡᠳ ︽ᠰᠣᠶᠣᠯ ᠤᠨ ᠲᠠᠯ᠎ᠠ ᠪᠠᠷ ᠳᠤᠤᠷ᠎ᠠ᠂ ᠨᠠᠰᠤ ᠠᠬᠠᠰᠢᠷᠠᠵᠤ ᠪᠠᠶᠢᠨ᠎ᠠ︾ ᠬᠡᠮᠡᠨ ᠦᠨᠡᠯᠡᠵᠤ᠂ ᠬᠦᠨᠳᠦ ᠪᠠᠷ ᠬᠡᠷᠡᠭᠯᠡᠵᠦ ᠪᠣᠯᠬᠤ ᠦᠭᠡᠢ ᠭᠡᠵᠦ ᠢᠯᠡᠳᠭᠡᠪᠡ᠃ ᠡᠪᠦᠭᠡᠨ ᠶᠡᠭᠡ ᠭᠤᠮᠤᠳᠠᠵᠤ ᠪᠠᠶᠢᠯ᠎ᠠ︕

  ᠲᠡᠷᠡ ᠪᠠᠷ᠂ ᠪᠠᠯᠭᠠᠰᠤᠨ ᠤ ᠤᠳᠤᠷᠢᠳᠤᠯᠭ᠎ᠠ ᠶᠢᠨ ᠲᠤᠰᠢᠶᠠᠯ ᠢ ᠬᠠᠷᠢᠭᠤᠴᠠᠬᠰᠠᠨ ᠵᠢᠯ ᠭᠠᠷᠤᠢ ᠶᠢᠨ ᠬᠤᠭᠤᠴᠠᠭᠠᠨ ᠳᠤ ᠬᠡᠳᠦᠶ ᠬᠡᠳᠦᠢ ᠣᠯᠠᠨ ᠤᠴᠢᠷ ᠶᠠᠪᠤᠳᠠᠯ ᠪᠦᠳᠦᠭᠡᠯ᠎ᠡ ᠭᠡᠵᠤ ᠨᠢᠭᠡᠨ ᠵᠠᠯᠠᠭᠤ ᠶᠢᠨ ᠬᠡᠶᠢᠷᠬᠡᠵᠤ ᠬᠡᠯᠡᠬᠦ ᠶᠢ ᠰᠤᠨᠤᠰᠤᠭᠠᠳ᠂ ᠬᠥᠮᠥᠰᠬᠡ ᠪᠠᠨ ᠵᠠᠩᠭᠢᠳᠤᠨ᠄ ︽ᠠᠶ︕ ᠪᠢ 20 ᠵᠢᠯ ᠪᠠᠯᠭᠠᠰᠤᠨ ᠤ ᠱᠦᠵᠢ ᠶᠢᠨ ᠲᠤᠰᠢᠶᠠᠯ ᠢ ᠬᠠᠷᠢᠭᠤᠴᠠᠭᠠᠳ᠂ ᠪᠠᠰᠠ ᠶᠠᠭᠤ ᠴᠤ ᠬᠢᠭᠡ ᠦᠭᠡᠢ ᠪᠠᠶᠢᠲᠠᠯ᠎ᠠ᠂ ᠴᠢ ᠠᠳᠡ ᠤᠡᠭᠭᠢᠷᠠᠬᠤ ᠴᠢᠨᠢ︖︾ ᠭᠡᠯ᠎ᠠ᠃

  ᠰᠦᠷᠡᠬᠡᠢ ᠪᠠᠶᠢᠨ᠎ᠠ ᠰᠢᠦ︕

  ᠳᠠᠭᠠᠷᠠᠵᠤ ᠪᠠᠶᠢᠨ᠎ᠠ᠂ ᠬᠠᠳᠤᠨ ᠭᠤᠤᠯ ᠤᠨ ᠰᠠᠪᠠ ᠭᠠᠵᠠᠷ ᠲᠤ ᠬᠤᠷᠠᠬᠰᠠᠨ ︽ᠲᠦᠷᠦᠭᠦᠤ ᠬᠡᠷᠡᠭᠲᠡᠨ︾ — ᠪᠦᠳᠦᠭᠦᠯᠢᠭ ᠡᠯᠡᠰᠦ ᠰᠢᠪᠠᠷ ᠢ ᠬᠡᠯᠡᠬᠦ ᠳᠤ᠂ ᠨᠢᠯᠴᠠᠭᠠᠢ ᠡᠯᠡᠰᠦᠨ ᠴᠢᠯᠠᠭᠤᠯᠢᠭ ᠢ ᠪᠤᠳᠤᠵᠤ ᠤᠯᠬᠤ ᠤᠴᠢᠷᠳᠠᠢ᠂ ᠠᠯᠢ ᠡᠷᠳᠡ 20 ᠵᠢᠯ ᠤᠨ ᠡᠮᠤᠨ᠎ᠡ ᠲᠣᠬᠢᠶᠠᠯᠳᠤᠭᠰᠠᠨ ︽ᠳᠡᠯᠡᠬᠡᠶ ᠶᠢᠨ ᠪᠥᠮᠪᠥᠷᠴᠡᠭ ᠤᠨ ᠥᠮᠡᠨ︾ — ᠬᠡᠮᠡᠭᠴᠢ ︽ᠪᠣᠷᠣᠭᠠᠨ ᠤ ᠤᠰᠤ ᠲᠠᠢ ᠨᠡᠶᠢᠯᠡᠪᠡᠯ ᠬᠤᠷᠣᠮᠬᠠᠨ ᠵᠠᠭᠤᠷ᠎ᠠ ᠬᠠᠶᠢᠯᠤᠭᠠᠳ ᠬᠡᠤᠷᠡᠭᠰᠢᠵᠤ᠂ ᠪᠦᠳᠦᠭᠦᠯᠢᠭ ᠡᠯᠡᠰᠦ ᠪᠣᠯᠤᠨ ᠪᠤᠳᠠᠷᠠᠵᠤ᠂ ᠳᠣᠣᠷᠠᠳᠤ ᠤᠷᠤᠰᠬᠠᠯ ᠤᠷᠤᠭᠤ ᠤᠷᠤᠰᠴᠤ᠂ ᠡᠴᠦᠰ ᠲᠡᠭᠡᠨ ᠳᠣᠣᠷᠠᠳᠤ ᠤᠷᠤᠰᠬᠠᠯ ᠤᠨ ᠭᠤᠤᠯ ᠤᠨ ᠰᠠᠪᠠ ᠳᠤ ᠬᠠᠲᠠᠭᠤᠷᠠᠨ ᠬᠤᠷᠠᠳᠠᠭ︾᠃ ᠲᠡᠭᠦᠨ ᠤ ᠳᠠᠷᠤᠯᠭ᠎ᠠ ᠴᠢᠴᠠᠷᠭᠠᠨ᠎ᠠ ᠣᠳᠣ ᠨᠢᠭᠡᠨᠲᠡ ᠠᠭᠤᠯᠠ ᠲᠠᠯ᠎ᠠ ᠪᠠᠷ ᠳᠦᠭᠦᠷᠴᠦ᠂ ᠦᠨᠳᠦᠰᠦ ᠨᠢ ᠰᠢᠷᠦᠭᠦᠨ ᠪᠣᠷᠣᠭᠠᠨ ᠳᠤ ᠤᠷᠤᠰᠴᠤ ᠢᠷᠡᠭᠰᠡᠨ ᠪᠦᠳᠦᠭᠦᠯᠢᠭ ᠡᠯᠡᠰᠦ ᠶᠢ ᠠᠯᠳᠠᠯ ᠦᠭᠡᠢ ᠲᠤᠬᠳᠠᠭᠠᠨ ᠠᠪᠴᠤ᠂ ᠨᠢᠯᠴᠠᠭᠠᠢ ᠡᠯᠡᠰᠦᠨ ᠴᠢᠯᠠᠭᠤᠯᠢᠭ ᠤᠨ ᠥᠮᠡᠨ ᠤ ᠡᠰ ᠲᠠᠷᠬᠠᠵᠤ ᠲᠡᠯᠭᠡᠷᠡᠬᠦ ᠶᠢ ᠬᠢᠵᠠᠭᠠᠷᠯᠠᠵᠤ ᠪᠠᠶᠢᠨ᠎ᠠ᠃

  20 ᠵᠢᠯ ᠤᠨ ᠡᠮᠦᠨ᠎ᠡ ᠰᠤᠷᠪᠤᠯᠵᠢᠯᠠᠵᠤ ᠥᠩᠭᠡᠷᠡᠭᠰᠡᠨ ᠤᠷᠠᠬ᠎ᠠ ᠰᠢᠶᠠᠩ ᠤᠨ ᠬᠡᠴᠡᠭᠦᠦ ᠭᠤᠤᠯ ᠲᠣᠰᠬᠤᠨ ᠦᠷᠭᠦᠯᠵᠢᠯᠡᠨ ᠴᠢᠴᠠᠷᠭᠠᠨ᠎ᠠ ᠲᠠᠷᠢᠵᠤ ᠪᠠᠶᠢᠬᠤ ᠲᠡᠳᠦᠢ ᠦᠭᠡᠢ᠂ ᠴᠢᠨᠠᠬᠰᠢᠯᠠᠭᠠᠳ ᠴᠢᠴᠠᠷᠭᠠᠨ᠎ᠠ ᠪᠠᠷ ᠵᠠᠰᠠᠵᠤ ᠰᠠᠶᠢᠵᠢᠷᠠᠭᠤᠯᠤᠬᠰᠠᠨ ᠡᠯᠡᠰᠦᠷᠬᠡᠭ ᠭᠠᠵᠠᠷ ᠲᠠᠭᠠᠨ ᠨᠠᠷᠠᠰᠤ᠂ ᠬᠠᠶᠢᠯᠠᠰᠤᠨ ᠮᠤᠳᠤ᠂ ᠵᠡᠷᠯᠢᠭ ᠲᠤᠭᠤᠷ᠂ ᠬᠠᠶᠢᠯᠠᠷ ᠨᠠᠷᠠᠰᠤ᠂ ᠭᠤᠤᠯᠳᠤ ᠪᠤᠷᠤ ᠶᠢ ᠲᠠᠷᠢᠵᠤ ᠤᠷᠭᠤᠭᠤᠯᠵᠤ ᠪᠠᠶᠢᠨ᠎ᠠ ᠁

  ᠬᠡᠳᠦᠨ ᠡᠳᠦᠷ ᠤᠨ ᠡᠮᠦᠨ᠎ᠡ᠂ ᠵᠡᠭᠦᠨᠭᠠᠷ ᠬᠤᠰᠢᠭᠤᠨ ᠤ ᠨᠠᠮ ᠤᠨ ᠬᠤᠷᠢᠶᠠᠨ ᠤ ᠱᠦᠵᠢ ᠴᠢᠶᠣᠤ ᠶᠦᠨ ᠯᠢ ᠤᠷᠠᠬ᠎ᠠ ᠰᠢᠶᠠᠩ ᠳᠤ ᠬᠥᠳᠡᠭᠡ ᠲᠣᠰᠬᠤᠨ ᠤ ᠤᠰᠤᠨ ᠠᠰᠢᠬᠯᠠᠯᠲᠠ ᠶᠢᠨ ᠪᠠᠷᠢᠯᠭ᠎ᠠ ᠶᠢ ᠪᠠᠶᠢᠴᠠᠭᠠᠨ ᠰᠤᠳᠤᠯᠬᠤ ᠳᠠᠭᠠᠨ᠂ ᠬᠠᠲᠤᠨ ᠭᠤᠤᠯ ᠳᠤ ᠤᠷᠤᠰᠤᠨ ᠤᠷᠤᠬᠤ ᠡᠯᠡᠰᠦ ᠰᠢᠪᠠᠷ ᠶᠡᠭᠡ ᠬᠡᠮᠵᠢᠶ᠎ᠠ ᠪᠠᠷ ᠪᠠᠭᠠᠰᠴᠤ᠂ ᠣᠷᠣᠨ ᠨᠤᠲᠤᠭ ᠤᠨ ᠠᠵᠤ ᠠᠬᠤᠢ ᠶᠢᠨ ᠬᠥᠭᠵᠢᠯᠲᠡ ᠶᠢ ᠬᠦᠴᠦᠲᠡᠶ ᠠᠬᠢᠭᠤᠯᠪᠠ᠃ ᠤᠰᠤᠨ ᠠᠰᠢᠬᠯᠠᠯᠲᠠ ᠶᠢᠨ ᠪᠠᠷᠢᠯᠭ᠎ᠠ ᠨᠢ ᠲᠠᠷᠢᠶᠠᠯᠠᠩ ᠤᠨ ᠤᠰᠤᠯᠠᠯᠲᠠ ᠪᠠ ᠲᠤᠬᠠᠶ ᠶᠢᠨ ᠭᠠᠵᠠᠷ ᠤᠨ ᠬᠥᠳᠡᠭᠡ ᠲᠣᠰᠬᠤᠨ ᠤ ᠠᠮᠢᠳᠤᠷᠠᠯ ᠳᠤ ᠤᠰᠤ ᠬᠠᠩᠭᠠᠬᠤ ᠨᠥᠬᠦᠴᠡᠯ ᠢ ᠰᠠᠶᠢᠵᠢᠷᠠᠭᠤᠯᠬᠤ ᠳᠤ ᠴᠢᠬᠤᠯᠠ ᠶᠡᠭᠡ ᠠᠴᠢ ᠬᠤᠯᠪᠣᠭᠳᠠᠯ ᠲᠠᠢ ᠪᠣᠯᠬᠤᠷ ᠴᠦᠬᠦᠷᠡᠰᠢ ᠦᠭᠡᠢ ᠪᠠᠶᠢᠡᠭᠭᠤ ᠠᠳᠬᠤᠬᠤ ᠬᠡᠷᠡᠭᠲᠡᠶ ᠭᠡᠵᠦ ᠬᠡᠯᠡᠵᠦ ᠪᠠᠶᠢᠯ᠎ᠠ᠃

  ᠴᠥᠬᠦᠷᠡᠰᠢ ᠦᠭᠡᠢ ᠪᠠᠶᠢᠩᠭᠤ ᠠᠳᠬᠤᠬᠤ ᠬᠡᠷᠡᠭᠲᠡᠶ᠃ ᠦᠵᠡᠬᠦ ᠦᠭᠡᠢ ᠤᠤ᠂ ᠤᠤᠯ ᠤᠨ ᠠᠰᠠᠭᠤᠳᠠᠯ ᠢ ᠲᠦᠢᠯᠪᠦᠷᠢᠲᠠᠢ ᠰᠢᠢᠳᠪᠦᠷᠢᠯᠡᠬᠦ ᠠᠴᠠ ᠡᠮᠦᠨ᠎ᠡ ᠪᠠᠰᠠ ᠰᠢᠨ᠎ᠡ ᠲᠦᠪᠡᠭ ᠲᠤᠬᠢᠶᠠᠯᠳᠤᠬᠰᠠᠨ ᠪᠠᠶᠢᠨ᠎ᠠ᠃ ᠴᠤᠯ ᠴᠢᠴᠠᠷᠭᠠᠨ᠎ᠠ ᠶᠢᠨ ᠤᠢ ᠶᠢᠨ ᠠᠮᠢ ᠨᠠᠰᠤ ᠬᠢᠵᠠᠭᠠᠷ ᠲᠠᠢ᠂ ᠬᠡᠷᠪᠡ ᠰᠠᠯᠠᠭ᠎ᠠ ᠨᠠᠮᠠᠭ᠎ᠠ ᠶᠢ ᠨᠢ ᠬᠠᠶᠢᠴᠢᠯᠠᠭᠠᠳ ᠭᠠᠵᠠᠷ ᠲᠠᠢ ᠰᠠᠴᠠᠭᠤ ᠪᠤᠯᠭᠠᠬᠤ ᠦᠭᠡᠢ ᠪᠤᠯ᠂ ᠨᠠᠢᠮᠨ ᠶᠢᠰᠦᠨ ᠵᠢᠯ ᠪᠤᠯᠪᠠᠯ ᠬᠡᠰᠡᠭ ᠬᠡᠰᠡᠭ ᠢᠶᠠᠷ ᠦᠬᠦᠵᠦ ᠮᠡᠳᠡᠨ᠎ᠡ᠃ ᠠᠷᠭ᠎ᠠ ᠪᠤᠯ ᠪᠠᠰᠠ ᠪᠠᠶᠢᠨ᠎ᠠ᠂ ᠳᠠᠷᠤᠶ ᠬᠤᠯᠢᠮᠠᠭ ᠣᠢ ᠲᠠᠷᠢᠵᠤ᠂ ᠴᠢᠴᠠᠷᠭᠠᠨ᠎ᠠ ᠶᠢᠨ ᠠᠮᠢ ᠨᠠᠰᠤ ᠶᠢ ᠤᠷᠲᠤᠳᠬᠠᠨ᠎ᠠ᠃ ᠪᠠᠰᠠ ᠨᠢᠭᠡ ᠠᠰᠠᠭᠤᠳᠠᠯ ᠭᠡᠪᠡᠯ᠂ ᠴᠢᠴᠠᠷᠭᠠᠨ᠎ᠠ ‍ᠦᠪᠴᠢ ᠪᠡᠶ᠎ᠡ ᠪᠠᠷ ᠢᠶᠠᠨ ᠡᠷᠳᠡᠨᠢ ᠭᠡᠳᠡᠭ ᠪᠤᠯᠪᠠᠴᠤ᠂ ᠦᠪᠴᠢ ᠪᠡᠶ᠎ᠡ ᠪᠠᠷ ᠢᠶᠠᠨ ᠪᠠᠰᠠ ᠥᠷᠭᠡᠰᠦ ᠲᠠᠢ ᠲᠤᠯᠠ᠂ ᠵᠢᠮᠢᠰ ᠲᠡᠭᠦᠬᠦ ᠬᠥᠮᠦᠨ ᠤ ᠬᠦᠴᠦᠨ ᠤ ᠥᠪᠡᠷ ᠤᠨ ᠥᠷᠲᠡᠭ ᠬᠡᠳᠦ ᠶᠡᠭᠡ᠂ ᠲᠤᠬᠠᠶ ᠶᠢᠨ ᠭᠠᠵᠠᠷ ᠤᠨ ᠪᠣᠯᠪᠠᠰᠤᠷᠠᠭᠤᠯᠬᠤ ᠴᠢᠳᠠᠪᠤᠷᠢ ᠴᠦ ᠬᠢᠵᠠᠭᠠᠷ ᠲᠠᠢ᠂ ᠠᠵᠤ ᠠᠬᠤᠢ ᠶᠢᠨ ᠦᠷ᠎ᠡ ᠠᠰᠢᠭ ᠪᠦᠬᠦᠢ ᠭᠠᠷᠤᠯᠲᠠ ᠶᠢᠨ ᠬᠡᠮᠵᠢᠶᠡᠨ ᠳᠤ ᠬᠦᠷᠴᠦ ᠴᠢᠳᠠᠬᠤ ᠦᠭᠡᠢ ᠪᠠᠶᠢᠨ᠎ᠠ᠃

  ᠠᠮᠢᠳᠤ ᠬᠦᠮᠦᠨ ᠳᠤ ᠠᠷᠭ᠎ᠠ ᠤᠯᠳᠠᠳᠠᠭ ᠯᠡ ᠶᠤᠮ ᠬᠤᠶᠢᠨ᠎ᠠ᠂ ᠭᠤᠴᠢ ᠭᠠᠷᠤᠶ ᠵᠢᠯ ᠳᠤ ᠲᠩᠷᠢ ᠭᠠᠵᠠᠷ ᠢ ᠳᠣᠩᠰᠣᠯᠭᠠᠮ᠎ᠠ ᠬᠤᠪᠢᠷᠠᠯᠲᠠ ᠭᠠᠷᠭᠠᠵᠠᠢ᠃ 2018 ᠣᠨ ᠰᠡᠭᠦᠯᠴᠢ ᠪᠣᠯᠲᠠᠯ᠎ᠠ᠂ ᠵᠡᠭᠦᠨᠭᠠᠷ ᠤᠨ ᠬᠢᠨ 800 ᠭᠠᠷᠤᠶ ᠬᠠᠰᠢᠯᠭ᠎ᠠ ᠪᠠᠶᠢᠭᠤᠯᠵᠤ᠂ ᠤᠰᠤ ᠰᠢᠷᠣᠶ ᠶᠢᠨ ᠢᠳᠡᠭᠳᠡᠯ ᠢ ᠵᠠᠰᠠᠭᠰᠠᠨ ᠬᠡᠮᠵᠢᠶ᠎ᠡ 60 % ᠳᠤ ᠬᠦᠷᠴᠦ᠂ ᠣᠢ ᠰᠢᠭᠤᠶ ᠶᠢᠨ ᠶᠡᠷᠦᠩᠬᠡᠶ ᠲᠠᠯᠠᠪᠠᠢ 400 ᠲᠦᠮᠡ ᠰᠢᠬᠠᠮ ᠮᠦ ᠳᠤ ᠬᠦᠷᠴᠦ᠂ ᠣᠢ ᠰᠢᠭᠤᠶ ᠶᠢᠨ ᠪᠦᠷᠬᠦᠴᠡ ᠶᠢᠨ ᠨᠣᠷᠮ᠎ᠠ 35.3 % ᠳᠤ ᠬᠥᠷᠪᠡ — ᠴᠢᠯᠥᠭᠡᠯᠡᠭᠳᠡᠬᠦ ᠶᠢᠨ ᠦᠶ᠎ᠠ ᠳᠤ᠂ ᠡᠨᠡ ᠬᠦ ᠲᠤᠭ᠎ᠠ 1 % ᠲᠤ ᠬᠦᠷᠬᠦ ᠦᠭᠡᠢ ᠪᠠᠶᠢᠯ᠎ᠠ︕ ᠨᠤᠭᠤᠭᠠᠨ ᠬᠦᠷᠮ᠎ᠡ ᠬᠡᠳᠦᠷᠡᠭᠰᠡᠨ ᠵᠡᠭᠦᠨᠭᠠᠷ᠂ ᠬᠦᠰᠡᠯ ᠡᠷᠡᠮᠡᠯᠵᠡᠯ ᠢᠶᠠᠷ ᠪᠢᠯᠬᠠᠯ᠎ᠠ ᠁ ᠤᠷᠳᠤᠰ ᠬᠤᠲᠠ ᠶᠢᠨ ᠨᠠᠮ ᠤᠨ ᠬᠤᠷᠢᠶᠠᠨ ᠤ ᠪᠠᠶᠢᠡᠭᠭᠤ ᠶᠢᠨ ᠭᠡᠰᠢᠭᠦᠨ᠂ ᠤᠬᠠᠭᠤᠯᠬᠤ ᠬᠡᠯᠲᠡᠰ ᠤᠨ ᠳᠠᠷᠤᠭ᠎ᠠ ᠰᠦ᠋ ᠼᠦᠢ ᠹᠠᠩ ᠤᠨ ᠦᠭᠡ ᠪᠠᠷ ᠬᠡᠯᠡᠪᠡᠯ᠂ ︽ᠪᠢᠳᠠ ᠨᠢᠭᠡ ᠵᠢᠷᠤᠭ ᠲᠥᠰᠦᠪ ᠢ ᠡᠴᠦᠰ ᠲᠤᠨᠢ ᠲᠤᠯᠲᠠᠯ᠎ᠠ ᠪᠡᠶᠡᠯᠡᠭᠦᠯᠬᠦ ᠪᠠᠷ ᠪᠠᠷᠢᠮᠲᠠᠯᠠᠵᠤ ᠬᠢᠵᠤ ᠪᠠᠶᠢᠭ᠎ᠠ ᠶᠤᠮ᠂ ᠣᠷᠳᠣᠰᠴᠤᠳ ᠲᠤ ᠴᠦᠬᠦᠷᠡᠰᠢ ᠦᠭᠡᠢ ᠴᠢᠷᠮᠠᠶᠢᠨ ᠠᠵᠢᠯᠯᠠᠬᠤ ᠡᠷᠴᠢ ᠵᠣᠷᠢᠭ ᠪᠠᠶᠢᠭ᠎ᠠ ᠶᠤᠮ︾᠃

  ᠵᠡᠭᠦᠨᠭᠠᠷ ᠤᠨ ᠡᠨᠧᠷᠬᠢ ᠶᠢᠨ ᠪᠦᠯᠦᠭᠯᠡᠯ ᠳᠤ ᠨᠢᠭᠡ ᠣᠬᠤᠷ ᠹᠢᠯᠢᠮ ᠢ ᠦᠵᠡᠪᠡ᠂ ᠵᠡᠭᠦᠨᠭᠠᠷ ᠲᠤ ᠴᠠᠷᠳᠠ ᠶᠢᠨ ᠭᠠᠯᠪᠠ ᠶᠢᠨ ᠦᠶ᠎ᠠ ᠳᠤ ᠣᠢ ᠰᠢᠭᠤᠶ ᠢᠬᠴᠤ ᠪᠦᠷᠬᠦᠵᠦ ᠪᠠᠶᠢᠬᠰᠠᠨ ᠠᠴᠠ ᠰᠠᠶ᠋ᠢ ᠥᠨᠥᠳᠥᠷ ᠤᠨ ᠨᠡᠭᠦᠷᠡᠰᠦᠨ ᠤ ᠬᠠᠳᠠᠭᠠᠯᠠᠬᠳᠠᠴᠠ ᠲᠠᠢ ᠪᠤᠯᠤᠬᠰᠠᠨ ᠶᠤᠮ ᠭᠡᠳᠡᠭ ᠢ ᠲᠠᠶᠢᠯᠪᠤᠷᠢᠯᠠᠵᠤ᠂ ᠲᠡᠭᠦᠰᠬᠡᠯ ᠤᠨ ᠬᠡᠰᠡᠭ ᠲᠤ ᠵᠡᠭᠦᠨᠭᠠᠷ ᠢ ᠳᠠᠬᠢᠨ ᠣᠢ ᠰᠢᠭᠤᠶ ᠪᠠᠷ ᠪᠦᠷᠭᠦᠭᠦᠯᠵᠤ᠂ ᠠᠯᠤᠰ ᠢᠷᠡᠭᠡᠳᠦᠢ ᠳᠤ ᠬᠦᠷᠦᠰᠦᠨ ᠳᠣᠤᠷᠠᠬᠢ ᠡᠷᠳᠡᠨᠢᠰ ᠤᠨ ᠰᠠᠩ ᠢ ᠳᠠᠬᠢᠨ ᠠᠮᠢᠯᠠᠭᠤᠯᠬᠤ ᠶᠢ ᠬᠦᠰᠡᠭᠰᠡᠨ ᠪᠠᠶᠢᠯ᠎ᠠ ᠁

  ᠬᠦᠰᠡᠯ ᠵᠡᠭᠦᠳᠦ ᠪᠠᠶᠢᠬᠤ ᠬᠡᠷᠡᠭᠳᠠᠢ᠂ ᠤᠷᠴᠢᠯᠠᠩ ᠳᠡᠯᠡᠬᠡᠢ ᠲᠠᠰᠤᠷᠠᠯᠲᠠ ᠦᠭᠡᠢ ᠤᠷᠴᠢᠵᠤ ᠬᠤᠪᠢᠷᠠᠨ᠎ᠠ᠂ ᠢᠳᠡᠭᠡᠬᠦ ᠦᠭᠡᠢ ᠪᠤᠯ ᠬᠠᠷᠠᠭ᠎ᠠ ᠰᠤᠩᠭᠠᠨ ᠬᠠᠷᠠᠵᠤ ᠪᠠᠢ ᠁ ᠵᠣᠬᠢᠶᠠᠭᠴᠢ᠄  ᠯᠢ ᠬᠤᠩ ᠪᠢᠩ 

             ︵︽ᠬᠠᠳᠤᠨ ᠭᠤᠤᠯ ᠢᠶᠠᠷ ᠠᠶᠠᠯᠠᠬᠰᠠᠨ ᠨᠢ︾ ᠰᠤᠷᠪᠤᠯᠵᠢᠯᠠᠬᠤ ᠲᠤᠭᠤᠢᠢᠯᠠᠩ ᠤᠨ ᠰᠤᠷᠪᠤᠯᠵᠢᠯᠠᠬᠴᠢ ᠯᠢ ᠬᠤᠩ ᠪᠢᠩ︶



  
     
     