-
105618
2015-03-14 15:35
1463
12
百度
(网络词典)
⒈
⒉
⒊
⒈
⒉
⒊ ××× QQ
1
2
3
4
2015 2 3
-
2015-03-16
-
2015-03-16
-
2015-03-16
-
2015-03-15
-
2015-03-15
ᠥᠨᠥ ᠪᠣᠯ ᠰᠦᠯᠵᠢᠶ᠎ᠡ ᠭᠠᠷ ᠮᠠᠰᠢᠨ ᠲᠦᠭᠡᠮᠡᠯᠵᠢᠭᠰᠡᠨ ᠲᠣᠭᠠᠴᠠᠲᠤ ᠨᠡᠶᠢᠭᠡᠮ ᠪᠣᠯᠵᠠᠢ ᠃ ᠭᠡᠪᠡᠴᠦ ᠮᠠᠨ ᠣ ᠮᠣᠩᠭᠣᠯ ᠦᠨᠳᠦᠰᠦᠲᠡᠨ ᠣ ᠡᠨᠡ ᠲᠠᠯ᠎ᠠ ᠪᠠᠷ ᠬᠢ ᠬᠥᠭᠵᠢᠯᠲᠡ ᠠᠨᠠᠢ ᠪᠠᠶᠢᠵᠤ ᠂ ᠮᠠᠯᠴᠢᠳ ᠮᠡᠳᠡᠬᠦ ᠦᠭᠡᠢ ᠪᠠᠷ ᠪᠠᠷᠠᠬᠤ ᠦᠭᠡᠢ ᠰᠤᠷᠭᠠᠭᠤᠯᠢ ᠳ᠋ᠥ ᠪᠠᠶᠢᠬᠣ ᠢᠷᠡᠭᠡᠳᠦᠢ ᠶᠢᠨ ᠲᠤᠯᠭᠠᠭᠤᠷᠢ ᠴᠠᠭ ᠡᠷᠡᠨ ᠣ ᠬᠡᠥᠬᠡᠳ ᠬᠦᠷᠲᠡᠯ᠎ᠡ ᠮᠡᠳᠡᠬᠦ ᠦᠭᠡᠢ ᠪᠠᠶᠢᠨ᠎ᠠ ᠃ ᠡᠭᠦᠨ ᠡᠴᠡ ᠦᠵᠡᠵᠦ ᠭᠠᠷᠬᠤ ᠨᠢ ᠰᠦᠯᠵᠢᠶᠡᠨ ᠣ ᠲᠦᠭᠡᠮᠡᠯᠵᠢᠯᠡᠯᠲᠡ ᠶᠢᠨ ᠬᠡᠮᠵᠢᠶ᠎ᠡ ᠲᠦᠢᠯ ᠦᠨ ᠳᠣᠣᠷ᠎ᠠ ᠪᠠᠶᠢᠭ᠎ᠠ ᠨᠢ ᠢᠯᠡᠬᠡᠨ ᠪᠠᠶᠢᠨ᠎ᠠ ᠃ ᠬᠠᠮᠤᠭ ᠤᠨ ᠢᠯᠡᠬᠡᠨ ᠵᠢᠱᠢᠶ᠎ᠡ ᠃ ᠳᠤᠷ᠎ᠠ ᠶᠢᠨ ᠨᠢᠭᠡ ᠬᠢᠲᠠᠳ ᠰᠤᠷᠤᠭᠴᠢ ᠰᠦᠯᠵᠢᠶᠡᠨ ᠭᠠᠷᠤᠭᠠᠳ ᠦᠪᠡᠷ ᠦᠨ ᠣᠯᠬᠤ ᠭᠡᠬᠦ ᠠᠰᠠᠭᠤᠳᠠᠯ ᠢᠶᠠᠨ ᠬᠠᠷᠢᠭᠤᠯᠲᠠ ᠨᠢ ᠪᠠᠶᠢᠪᠠᠯ ᠪᠦᠷ ᠣᠯᠣᠭᠠᠳ ᠠᠪᠴᠢᠬᠠᠨ᠎ᠠ ᠃ ᠭᠡᠪᠡᠴᠦ ᠮᠠᠨ ᠳ᠋ᠥ ᠂ ᠨᠣᠮ ᠤᠨ ᠰᠠᠩ ᠳᠠᠷᠤᠭᠠᠰᠤᠲᠠᠢ ᠂ ᠪᠠᠭᠰᠢ ᠭᠡᠷ ᠲᠣ ᠪᠠᠨ᠂ ᠰᠦᠯᠵᠢᠶ᠎ᠡ ︖ ᠴᠣᠯᠠ ᠬᠢᠲᠠᠳ ᠃ ᠵᠠᠷᠢᠮ ᠮᠡᠳᠡᠯᠭᠡ ᠶᠢ ᠣᠯᠬᠤ ᠶᠢᠨ ᠠᠷᠭ᠎ᠠ ᠦᠭᠡᠢ ᠃ ᠳᠠᠬᠢᠭᠠᠳ ᠬᠡᠯᠡᠪᠡᠯ ᠬᠢᠲᠠᠳ ᠢᠶᠠᠷ ᠰᠤᠷᠠᠭ ᠡᠷᠢᠬᠦ ᠨᠢ ᠠᠭᠠᠵᠢᠮ ᠢᠶᠠᠷ ᠬᠢᠲᠠᠳ ᠰᠡᠳᠬᠢᠭᠦᠢ ᠪᠦᠢᠷᠢᠯᠳᠦᠵᠦ ᠂ ᠮᠣᠩᠭᠣᠯ ᠢᠶᠠᠨ ᠬᠦᠩᠭᠡᠪᠴᠢᠯᠡᠵᠦ ᠂ ᠲᠡᠭᠦᠨ ᠣ ᠦᠢᠯᠡᠳᠦᠯ ᠢ ᠳᠣᠣᠷ᠎ᠠ ᠦᠵᠡᠬᠦ ᠪᠣᠯᠤᠨ᠎ᠠ ᠃ ᠡᠨᠡ ᠪᠣᠯ ᠠᠰᠠᠭᠤᠳᠠᠯ ᠃ ᠡᠶᠢᠮᠦ ᠡᠴᠡ ᠮᠠᠨ ᠳ᠋ᠥ ᠨᠢᠭᠡ ᠰᠦᠯᠵᠢᠶᠡᠨ ᠨᠡᠪᠲᠡᠷᠬᠡᠢ ᠲᠣᠯᠢ ᠵᠠᠩᠭᠢ ᠶᠢᠨ ᠬᠦᠮᠦᠷᠭᠡ ᠳᠤᠲᠠᠭᠳᠠᠵᠤ ᠪᠣᠢ ᠃ ᠮᠢᠨᠤ ᠪᠣᠳᠤᠬᠤ ᠪᠠᠷ ᠮᠡᠷᠭᠡᠵᠢᠯ ᠦᠨ ᠠᠰᠠᠭᠤᠳᠠᠯ ᠨᠢᠭᠡᠨᠲᠡ ᠠᠰᠠᠭᠤᠳᠠᠯ ᠪᠢᠰᠢ ᠪᠣᠯᠵᠠᠢ ᠃ ᠮᠣᠩᠭᠣᠯ ᠰᠦᠯᠵᠢᠶ᠎ᠡ ᠡᠷᠬᠢᠯᠡᠬᠦ ᠨᠦᠬᠦᠴᠡᠯ ᠪᠣᠯᠣᠯᠴᠠᠭ᠎ᠠ ᠪᠦᠷᠢᠨ ᠪᠠᠶᠢᠨ᠎ᠠ ᠃ ᠡᠭᠦᠨ ᠳ᠋ᠥ ᠤᠯᠤᠰ ᠭᠡᠷ ᠮᠠᠨ ᠳ᠋ᠥ ᠵᠠᠪᠠᠯ ᠬᠠᠷᠢᠭᠤᠴᠠᠬᠤ ᠬᠡᠷᠡᠭᠲᠡᠢ ᠃ ᠡᠨᠡ ᠬᠠᠷᠢᠴᠠᠭ᠎ᠠ ᠬᠡᠴᠢᠨᠡᠨ ᠨᠢᠭᠤᠴᠠᠬᠠᠨ ᠪᠠᠶᠢᠭᠰᠠᠨ ᠴᠦ ⁈ ᠪᠢ ᠮᠡᠳᠡᠬᠦ ᠦᠭᠡᠢ ᠂ ᠮᠠᠨ ᠣ ᠳᠠᠷᠠᠭ᠎ᠠ ᠦᠶ᠎ᠡ ᠳ᠋ᠥ ᠨᠡᠩ ᠴᠦ ᠮᠡᠳᠡᠬᠦ ᠦᠭᠡᠢ ᠪᠠᠶᠢᠬ᠎ᠠ ᠡ ᠃ ᠡᠨᠡ ᠰᠢᠰᠲᠸ᠋ᠮ ᠢ ᠬᠢᠭᠡᠳ ᠭᠠᠷᠭᠠᠭᠰᠠᠨ ᠣ ᠳᠠᠷᠠᠭ᠎ᠠ ᠵᠠᠩᠭᠢ ᠴᠣᠭᠴᠠᠯᠠᠬᠤ ᠪᠣᠯ ᠨᠢᠭᠡ ᠲᠣᠮᠤ ᠠᠰᠠᠭᠤᠳᠠᠯ ᠃ ᠡᠭᠦᠨ ᠳ᠋ᠥ ᠨᠠᠳᠠ ᠡᠶᠢᠮᠦ ᠪᠣᠳᠤᠯ ᠪᠣᠢ ᠃ ᠡᠬᠢᠨ ᠣ ᠬᠤᠭᠣᠴᠠᠭᠠᠨ ᠣ ᠬᠦᠮᠦᠷᠭᠡ ᠶᠢ ᠲᠦᠷᠦᠯ ᠵᠦᠢᠯ ᠢᠶᠡᠷ ᠨᠢ ᠨᠠᠷᠢᠨ ᠬᠤᠪᠢᠶᠠᠨ ᠡᠯ᠎ᠡ ᠬᠦᠷᠢᠶ᠎ᠡ ᠴᠠᠷᠠᠭᠠᠨ ᠳ᠋ᠥ ᠨᠡᠪᠴᠢᠭᠦᠯᠵᠦ ᠪᠣᠯᠤᠨ᠎ᠠ ᠃ ᠲᠡᠶᠢᠮᠦ ᠮᠦᠷᠲᠡᠭᠡᠨ ᠡᠨᠡ ᠬᠦ ᠡᠭᠦᠷᠭᠡ ᠨᠦᠭᠥᠳ ᠢ ᠡᠯ᠎ᠡ ᠮᠣᠩᠭᠣᠯ ᠰᠤᠷᠭᠠᠭᠤᠯᠢ ᠶᠢᠨ ᠪᠠᠭᠰᠢ ᠨᠠᠷ ᠪᠠ ᠶᠡᠬᠡ ᠰᠤᠷᠭᠠᠭᠤᠯᠢ ᠶᠢᠨ ᠵᠠᠯᠠᠭᠤ ᠤᠶᠤᠲᠠᠳ ᠢᠶᠠᠷ ᠬᠤᠪᠢᠶᠠᠷᠯᠠᠵᠤ ᠪᠣᠯᠤᠨ᠎ᠠ ᠃ ᠰᠡᠭᠦᠯᠴᠢ ᠶᠢᠨ ᠬᠤᠭᠤᠴᠠᠭᠠᠨ ᠳ᠋ᠥ ᠬᠤᠪᠢ ᠬᠦᠮᠦᠨ ᠰᠦᠯᠵᠢᠶᠡᠨ ᠳᠠᠩᠰᠠ ᠡᠪᠬᠡᠮᠡᠯ ᠵᠣᠬᠢᠶᠠᠵᠤ ᠪᠣᠯᠬᠤ ᠪᠦᠭᠡᠳ ᠣᠯᠠᠨ ᠬᠦᠮᠦᠨ ᠣ ᠶᠠᠷᠢᠯᠴᠠᠭᠠᠨ ᠣ ᠲᠠᠪᠴᠠᠩ ᠭᠠᠷᠭᠠᠵᠤ ᠪᠣᠯᠤᠨ᠎ᠠ ᠃ ᠡᠭᠦᠨ ᠡᠴᠡ ᠭᠠᠳᠠᠨ᠎ᠠ ᠬᠡᠪᠯᠡᠵᠦ ᠦᠩᠭᠡᠷᠡᠭᠰᠡᠨ ᠨᠣᠮ ᠂ ᠬᠣᠪᠣᠷ ᠴᠤᠬᠠᠭ ᠡᠷᠲᠡᠨ ᠣ ᠨᠣᠮ ᠰᠡᠳᠬᠦᠯ ᠂ ᠮᠣᠩᠭᠣᠯ ᠰᠢᠯᠭᠠᠯᠲᠠ ᠪᠣᠯᠪᠠᠰᠤᠷᠠᠯ ᠢᠶᠠᠨ ᠰᠦᠯᠵᠢᠶᠡᠨ ᠳ᠋ᠥ ᠣᠷᠤᠭᠤᠯᠵᠤ ᠣᠯᠠᠨ ᠬᠦᠮᠦᠰ ᠲᠠᠢ ᠬᠤᠪᠢᠶᠠᠯᠴᠠᠵᠤ ᠪᠣᠯᠤᠨ᠎ᠠ ᠃ ᠡᠭᠦᠨ ᠢᠶᠡᠨ ᠪᠦᠭᠦᠳᠡ ᠶᠢ ᠬᠠᠶᠢᠯᠲᠠ ᠶᠢᠨ ᠰᠢᠰᠲᠸ᠋ᠮ ᠳᠦ ᠪᠡᠨ ᠬᠠᠶᠢᠵᠤ ᠪᠣᠯᠤᠨ᠎ᠠ ᠃ ᠡᠭᠦᠨ ᠣ ᠵᠠᠩᠭᠢᠯᠠᠭ᠎ᠠ ᠃ ᠡᠨᠡ ᠪᠣᠯ ᠮᠣᠩᠭᠣᠯ ᠦᠨᠳᠦᠰᠦᠲᠡᠨ ᠣ ᠵᠠᠩᠭᠢ ᠶᠢᠨ ᠲᠦᠭᠡᠮᠡᠯᠵᠢᠯᠡᠯᠲᠡ ᠳ᠋ᠥ ᠴᠢᠬᠤᠯᠠ ᠦᠢᠯᠡᠳᠦᠯ ᠦᠵᠡᠭᠦᠯᠬᠦ ᠨᠢ ᠯᠠᠪᠲᠠᠢ ᠶᠤᠮ ᠃ ᠡᠶᠢᠮᠦ ᠡᠴᠡ ᠤᠯᠤᠰ ᠭᠡᠷ ᠠᠯᠪᠠᠳᠠᠯᠭ᠎ᠠ ᠶᠢᠨ ᠴᠢᠨᠠᠷᠲᠠᠢ ᠵᠦᠪᠰᠢᠶᠡᠷᠡᠬᠦ ᠬᠡᠷᠡᠭᠲᠡᠢ ᠮᠦᠷᠲᠡᠭᠡᠨ ᠡᠯ᠎ᠡ ᠮᠣᠩᠭᠣᠯ ᠰᠤᠷᠭᠠᠭᠤᠯᠢ ᠶᠢᠨ ᠪᠠᠭᠰᠢᠨᠠᠷ ᠪᠠ ᠶᠡᠬᠡ ᠰᠤᠷᠭᠠᠭᠤᠯᠢ ᠶᠢᠨ ᠰᠤᠷᠤᠭᠴᠢᠳ ᠦᠨᠳᠦᠰᠦᠲᠡᠨ ᠭᠡᠬᠦ ᠡᠭᠦᠳᠡᠨ ᠡᠴᠡ ᠵᠠᠪᠠᠯ ᠬᠢᠬᠦ ᠤᠴᠢᠷᠲᠠᠢ ᠪᠣᠯᠤᠨ᠎ᠠ ᠃ ᠨᠡᠩ ᠢᠯᠠᠭᠤᠶᠢᠶᠠ ᠡᠨᠡ ᠠᠵᠢᠯᠯᠠᠭ᠎ᠠ ᠨᠢ ᠮᠣᠩᠭᠣᠯᠴᠤᠳ ᠢ ᠨᠡᠩ ᠪᠦᠯᠬᠦᠮᠳᠡᠭᠦᠯᠵᠦ ᠂ ᠵᠠᠩᠭᠢ ᠶᠢᠨ ᠴᠠᠭ ᠦᠶ᠎ᠡ ᠳ᠋ᠥ ᠨᠡᠩ ᠲᠦᠷᠭᠡᠨ ᠢᠶᠡᠷ ᠬᠠᠷᠢᠯᠴᠠᠨ ᠣᠶᠢᠯᠠᠭᠠᠯᠴᠠᠵᠤ ᠬᠠᠷᠢᠯᠴᠠᠨ ᠨᠡᠪᠲᠡᠷᠡᠯᠴᠡᠬᠦ ᠳ᠋ᠥ ᠳᠦᠭᠦᠮ ᠳᠦᠳᠡ ᠪᠣᠯᠭᠠᠵᠤ ᠪᠠᠶᠢᠨ᠎ᠠ ᠃ ᠶᠡᠬᠡ ᠰᠤᠷᠭᠠᠭᠤᠯᠢ ᠶᠢᠨ ᠰᠤᠷᠤᠭᠴᠢᠳ ᠲᠣ ᠠᠪᠴᠤ ᠬᠡᠯᠡᠪᠡᠯ ᠡᠨᠡ ᠪᠣᠯ ᠦᠨᠳᠦᠰᠦᠲᠡᠨ ᠳᠡᠭᠡᠨ ᠭᠡᠬᠦ ᠠᠵᠢᠯᠯᠠᠭ᠎ᠠ ᠠᠴᠠ ᠭᠠᠳᠠᠨ᠎ᠠ ᠣᠯᠠᠨ ᠬᠠᠷᠢ ᠭᠠᠳᠠᠭᠠᠳᠤ ᠬᠡᠯᠡ ᠨᠦᠭᠥᠳ ᠦᠨ ᠳᠠᠪᠰᠢᠭᠰᠠᠨ ᠮᠡᠷᠭᠡᠵᠢᠯ ᠢ ᠮᠠᠲᠸ᠋ᠷᠢᠶᠠᠯ ᠡᠷᠢᠬᠦ ᠪᠠᠷ ᠳᠠᠮᠵᠢᠨ ᠣᠶᠢᠯᠭᠠᠵᠤ ᠂ ᠦᠪᠡᠷᠰᠡᠳ ᠦᠨ ᠢᠶᠡᠨ ᠬᠡᠪ ᠪᠤᠯᠪᠠᠰᠤᠷᠠᠯ ᠢᠶᠠᠨ ᠳᠡᠭᠡᠭᠰᠢᠯᠡᠭᠦᠯᠵᠦ ᠂ ᠬᠣᠶᠢᠴᠢ ᠦᠶ᠎ᠡ ᠶᠢᠨ ᠳᠡᠭᠦᠦ ᠨᠠᠷ ᠲᠣ ᠪᠠᠨ ᠤᠷᠤᠭᠰᠢ ᠳᠠᠪᠰᠢᠬᠤ ᠲᠡᠷᠢᠭᠦᠨ ᠣ ᠰᠤᠷᠠᠭ ᠵᠠᠩᠭᠢ ᠶᠢ ᠡᠬᠡ ᠬᠡᠯᠡᠨ ᠳᠡᠭᠡᠷ᠎ᠡ ᠡᠴᠡ ᠤᠶᠢᠯᠭᠠᠵᠤ ᠪᠣᠯᠬᠤ ᠲᠠᠪᠴᠠᠩ ᠪᠠᠶᠢᠭᠤᠯᠵᠤ ᠂ ᠡᠨᠡ ᠬᠦ ᠳᠠᠪᠰᠢᠭᠰᠠᠨ ᠮᠡᠷᠭᠡᠵᠢᠯ ᠢ ᠬᠦᠭᠡᠭᠡᠴᠡᠯᠳᠦᠬᠦ ᠵᠣᠷᠢᠭ ᠰᠠᠨᠠᠭ᠎ᠠ ᠪᠠᠨ ᠤᠯᠠᠮᠵᠢᠯᠠᠵᠤ ᠪᠣᠯᠤᠨ᠎ᠠ ᠃ ᠡᠭᠦᠨ ᠣ ᠳᠠᠭᠠᠥ ᠳ᠋ᠥ ᠬᠦᠮᠦᠨ ᠣ ᠠᠮᠢᠳᠤᠷᠠᠯ ᠤᠨ ᠲᠤᠩ ᠣᠯᠠᠨ ᠢᠳᠡᠪᠬᠢᠲᠡᠢ ᠣᠪᠤᠷ ᠰᠤᠷᠲᠠᠯ ᠢ ᠰᠤᠷᠤᠯᠴᠠᠵᠤ ᠪᠣᠯᠤᠨ᠎ᠠ ᠃ ᠵᠢᠱᠢᠶᠡᠯᠡᠪᠡᠯ ᠂ ᠦᠨᠳᠦᠰᠦᠲᠡᠨ ᠳ᠋ᠥ ᠪᠡᠨ ᠬᠠᠷᠢᠭᠤᠴᠠᠬᠤ ᠂ ᠳᠠᠭᠠᠭᠠᠭᠰᠠᠠ ᠠᠵᠢᠯ ᠳ᠋ᠥ ᠪᠡᠨ ᠨᠠᠷᠢᠨ ᠬᠢᠨᠠᠮᠠᠭᠠᠢ ᠬᠠᠠᠷᠢᠭᠤᠴᠠᠬᠤ ᠂ ᠬᠦᠮᠦᠨ ᠲᠠᠢ ᠬᠠᠮᠲᠤᠷᠠᠬᠤ ᠂ ᠰᠢᠨ᠎ᠡ ᠮᠡᠳᠡᠯᠭᠡ ᠶᠢ ᠬᠦᠭᠡᠭᠡᠴᠡᠯᠳᠦᠬᠦ ᠮᠡᠲᠦ ᠃ ᠪᠠᠰᠠ ᠨᠢᠭᠡ ᠦᠵᠡᠯᠲᠡ ᠪᠣᠯ ᠃
ᠣᠳᠣᠬᠠᠨ ᠣ ᠵᠢᠭᠠᠨ ᠰᠤᠷᠭᠠᠯᠲᠠ ᠶᠢᠨ ᠬᠡᠯᠪᠡᠷᠢ ᠢᠶᠠᠷ ᠪᠣᠯ ᠣᠳᠣᠬᠠᠨ ᠣ ᠬᠡᠥᠬᠡᠳ ᠲᠣ ᠰᠤᠷᠤᠭᠴᠢᠳ ᠲᠣ ᠬᠢᠲᠠᠳ ᠦᠭᠡ ᠮᠡᠳᠡᠬᠦᠢ ᠬᠦᠮᠦᠨ ᠭᠡᠵᠦ ᠦᠭᠡᠢ ᠃ ᠡᠶᠢᠮᠦ ᠡᠴᠡ ᠬᠡᠥᠬᠡᠳ ᠦᠨ ᠴᠡᠴᠡᠷᠯᠢᠭ ᠪᠠᠭ᠎ᠠ ᠰᠤᠷᠭᠠᠭᠤᠯᠢ ᠳ᠋ᠥ ᠣᠷᠤᠮᠠᠭᠴᠠ ᠬᠢᠲᠠᠳ ᠬᠡᠯᠡ ᠵᠢᠭᠠᠬᠤ ᠶᠢ ᠴᠡᠭᠡᠷᠯᠡᠨ᠎ᠡ ᠃ ᠠᠳᠠᠭ ᠲᠣ ᠪᠠᠨ ᠭᠤᠷᠪᠠᠳᠤᠭᠠᠷ ᠣᠨ ᠠᠴᠠ ᠡᠬᠢᠯᠡᠵᠦ ᠰᠤᠷᠪᠠᠯ ᠵᠣᠬᠢᠨ᠎ᠠ ᠃ ᠳᠤᠮᠳᠠᠳᠤ ᠤᠯᠤᠰ ᠠᠩᠯᠢᠴᠢᠯᠠᠬᠤ ᠶᠢ ᠰᠡᠷᠭᠡᠶᠢᠯᠡᠬᠦ ᠶᠢᠨ ᠲᠥᠯᠥᠭᠡ ᠠᠩᠭ᠍ᠯᠢ ᠬᠡᠯᠡ ᠰᠤᠷᠬᠤ ᠶᠢ ᠬᠠᠰᠢᠵᠤ ᠪᠠᠶᠢᠬᠤ ᠳ᠋ᠥ ᠪᠢᠳᠡᠨ ᠢᠩᠬᠢᠵᠦ ᠪᠣᠯᠬᠤ ᠦᠭᠡᠢ ᠭᠡᠵᠦ ᠦᠦ ᠦᠪᠡᠷ ᠦᠨ ᠬᠡᠯᠡ ᠬᠠᠮᠠᠭᠠᠯᠠᠬᠤ ᠨᠢ ᠪᠤᠷᠤᠭᠤ ᠪᠢᠰᠢ ᠪᠢᠵᠡ ⁈ ᠡᠰᠡ ᠲᠡᠶᠢᠮᠦ ᠪᠣᠯ ᠡᠨᠡ ᠨᠢ ᠨᠢᠭᠡ ᠮᠡᠳᠡᠭᠡᠵᠢ ᠶᠢᠨ ᠴᠢᠨᠠᠷᠲᠠᠢ ᠦᠭᠡ ᠬᠡᠯᠡᠨ ᠣ ᠳᠦᠷᠢᠯᠲᠡ ᠪᠣᠯᠤᠨ᠎ᠠ ᠃ ᠳᠠᠬᠢᠭᠠᠳ ᠬᠡᠯᠡᠪᠡᠯ ᠣᠳᠣ ᠶᠢᠨ ᠬᠡᠥᠬᠡᠳ ᠪᠠᠭᠠᠴᠤᠳ ᠤᠨ ᠬᠢᠲᠠᠳ ᠬᠡᠯᠡ ᠣᠯᠵᠤ ᠰᠤᠷᠬᠤ ᠬᠡᠯᠪᠡᠷᠢ ᠣᠯᠠᠳᠠᠭᠠᠳ ᠰᠡᠳᠬᠢᠭᠦᠢ ᠬᠢᠭᠡᠳ ᠦᠭᠡ ᠬᠡᠯᠡ ᠦᠢᠯᠡ ᠠᠵᠢᠯᠯᠠᠭ᠎ᠠ ᠳ᠋ᠥ ᠰᠢᠭᠤᠳ ᠨᠥᠯᠥᠭᠡ ᠪᠣᠯᠵᠤ ᠂ ᠮᠣᠩᠭᠣᠯ ᠰᠣᠶᠤᠯ ᠤᠨ ᠠᠭᠤᠷ ᠠᠮᠢᠰᠬᠤᠯ ᠤᠨ ᠦᠩᠭᠡᠨ ᠬᠡᠪ ᠢᠶᠡᠷ ᠢᠶᠡᠨ ᠪᠠᠶᠢᠬᠤ ᠳ᠋ᠥ ᠬᠦᠨᠳᠦ ᠳᠠᠭᠠᠷᠢᠯᠲᠠ ᠪᠣᠯᠵᠤ ᠪᠠᠶᠢᠨ᠎ᠠ ᠃ ᠳᠠᠬᠢᠭᠠᠳ ᠬᠡᠥᠬᠡᠳ ᠦᠳ ᠴᠢᠨᠢ ᠬᠣᠷᠰᠢᠶ᠎ᠠ ᠳᠡᠯᠭᠡᠭᠦᠷ ᠲᠣ ᠪᠠᠭ᠎ᠠ ᠠᠴᠠ ᠪᠠᠨ ᠬᠢᠲᠠᠳ ᠢᠶᠠᠷ ᠵᠠᠷᠤᠴᠢᠬᠠᠭᠠᠳ ᠬᠢᠲᠠᠳ ᠮᠠᠶᠢᠮᠠᠴᠢᠨ ᠴᠦ ᠡᠨᠡ ᠪᠣᠯ ᠵᠦᠪ ᠭᠡᠬᠦ ᠡᠨᠳᠡᠭᠦᠦ ᠲᠦᠷᠦᠭᠳᠡᠯ ᠦᠭᠴᠦ ᠪᠠᠶᠢᠨ᠎ᠠ ᠃ ᠡᠭᠦᠨ ᠳ᠋ᠥ ᠪᠠᠭ᠎ᠠ ᠰᠤᠷᠭᠠᠭᠤᠯᠢ ᠶᠢᠨ ᠪᠠᠭᠰᠢ ᠶᠢᠨ ᠬᠡᠥᠬᠡᠳ ᠦᠨ ᠰᠠᠭᠤᠷᠢ ᠶᠢ ᠰᠠᠶᠢᠬᠠᠨ ᠲᠠᠯᠪᠢᠬᠤ ᠪᠣᠯ ᠵᠠᠩᠭᠢᠯᠠᠭ᠎ᠠ ᠶᠢᠨ ᠠᠰᠠᠭᠤᠳᠠᠯ ᠃ ᠡᠷᠲᠡ ᠪᠢ ᠡᠶᠢᠮᠦ ᠨᠢᠭᠡ ᠶᠠᠭᠤᠮ᠎ᠠ ᠰᠣᠨᠤᠰᠤᠯ᠎ᠠ ᠃ ﹇ ᠨᠢᠭᠡ ᠬᠦᠮᠦᠨ ᠣ ᠠᠮᠢᠳᠤᠷᠠᠯ ᠨᠢ ᠬᠡᠨ ᠢᠶᠡᠷ ᠲᠠᠷᠢᠬᠢ ᠪᠠᠨ ᠤᠭᠢᠶᠠᠯᠭᠠᠬᠤ ᠳ᠋ᠥ ᠪᠣᠢ ﹈ ᠃ ᠡᠨᠡ ᠪᠣᠯ ᠨᠢᠭᠡ ᠲᠣᠮᠤ ᠦᠭᠡ ᠃ ᠪᠢᠳᠡ ᠲᠡᠭᠦᠨ ᠢ ᠴᠠᠭᠠᠰᠢ ᠰᠡᠳᠭᠢᠬᠦ ᠴᠢᠬᠤᠯᠠ ᠦᠭᠡᠢ ᠃ ᠭᠠᠭᠴᠠ ᠤᠯᠤᠰ ᠲᠦᠷᠦᠴᠢᠨ ᠣ ᠵᠣᠭᠰᠤᠴᠠ ᠠᠴᠠ ᠵᠠᠳᠠᠯᠪᠠᠯ ᠪᠠᠭ᠎ᠠ ᠳ᠋ᠥ ᠪᠡᠨ ᠮᠣᠩᠭᠣᠯ ᠬᠡᠯᠡ ᠶᠢ ᠶᠠᠰᠤᠨ ᠳ᠋ᠥ ᠪᠡᠨ ᠣᠷᠤᠲᠠᠯ᠎ᠠ ᠰᠤᠷᠬᠤ ᠬᠡᠷᠡᠭᠲᠡᠢ ᠭᠡᠰᠡᠨ ᠦᠭᠡ ᠃ ᠤᠯᠤᠰ ᠲᠦᠷᠦᠴᠢᠨ ᠪᠣᠯ ᠱᠠᠯ ᠵᠢᠭᠰᠢᠯᠲᠡᠢ ᠂ ᠬᠦᠮᠦᠨ ᠰᠤᠳᠤᠯᠤᠯ ᠭᠦᠨ ᠤᠬᠠᠭᠠᠨᠲᠠᠨ ᠣ ᠨᠢᠳᠦᠨ ᠳ᠋ᠥ ᠲᠡᠷᠡ ᠪᠣᠯ ᠨᠢᠭᠡ ᠱᠠᠯ ᠮᠣᠵᠢᠭᠤᠳᠠ ᠬᠦᠮᠦᠨ ᠶᠤᠮ ᠃ ᠭᠠᠭᠴᠠ ᠪᠠᠭ᠎ᠠ ᠰᠤᠷᠭᠠᠭᠤᠯᠢ ᠭᠡᠰᠡᠨ ᠪᠢᠰᠢ ᠂ ᠡᠯ᠎ᠡ ᠴᠠᠭ ᠦᠶ᠎ᠡ ᠶᠢᠨ ᠪᠠᠭᠰᠢ ᠨᠠᠷ ᠰᠤᠷᠤᠭᠴᠢᠳ ᠲᠣ ᠰᠢᠨ᠎ᠡ ᠮᠡᠳᠡᠯᠭᠡ ᠣᠯᠠᠭᠠᠬᠤ ᠪᠠᠰᠠ ᠰᠢᠨ᠎ᠡ ᠮᠡᠳᠡᠯᠭᠡ ᠣᠯᠬᠤ ᠠᠷᠭ᠎ᠠ ᠮᠡᠷᠭᠡᠵᠢᠯ ᠢᠶᠡᠨ ᠵᠢᠭᠠᠵᠣ ᠥᠭᠬᠦ ᠪᠠᠷ ᠥᠯᠥ ᠪᠠᠷᠠᠨ ᠰᠤᠷᠤᠭᠴᠢᠳ ᠤᠨ ᠦᠰᠦᠯᠲᠡ ᠪᠣᠶᠢᠵᠢᠯᠲᠠ ᠳ᠋ᠥ ᠲᠣᠬᠢᠷᠠᠭᠤᠯᠤᠨ ᠦᠨᠳᠦᠰᠦᠲᠡᠨ ᠢᠶᠡᠨ ᠬᠠᠶᠢᠷᠠᠯᠬᠤ ᠤᠬᠠᠮᠰᠠᠷ ᠢ ᠴᠠᠭ ᠢᠮᠠᠭᠲᠠ ᠰᠤᠷᠭᠠᠵᠤ ᠪᠠᠶᠢᠪᠠᠯ ᠲᠠᠭᠠᠷᠠᠨ᠎ᠠ᠃ ᠰᠤᠷᠤᠭᠴᠢᠳ ᠴᠢᠨᠢ ᠤᠬᠠᠭᠠᠷᠠᠨ ᠬᠡᠯᠡᠭᠰᠡᠨ ᠦᠭᠡ ᠶᠢ ᠴᠢᠨᠢ ᠠᠮᠲᠠᠷᠬᠠᠵᠤ ᠮᠡᠳᠡᠬᠦ ᠶᠣᠮ ᠡ ᠃ ᠨᠠᠳᠠ ᠳ᠋ᠥ ᠪᠠᠰᠠ ᠨᠢᠭᠡ ᠰᠣᠨᠢᠨ ᠠᠰᠠᠭᠤᠳᠠᠯ ᠪᠣᠢ ᠃ ᠠᠩᠬ᠎ᠠ ᠳᠤᠮᠳᠠᠳᠤ ᠳ᠋ᠥ ᠪᠠᠶᠢᠬᠤ ᠳ᠋ᠥ ᠮᠠᠨ ᠳ᠋ᠥ ᠨᠢᠭᠡ ﹇ ᠮᠤᠩᠭᠤᠯ ᠦᠨᠳᠦᠰᠦᠲᠡᠨ ᠣ ᠲᠡᠥᠬᠡ ﹈ᠭᠡᠬᠦ ᠲᠡᠥᠬᠡ ᠶᠢᠨ ᠰᠤᠷᠬᠤ ᠪᠢᠴᠢᠭ ᠥᠭᠪᠡ ᠃ ᠠᠩᠬ᠎ᠠ ᠳᠤᠮᠳᠠᠳᠤ ᠲᠡᠭᠦᠰᠬᠦ ᠨᠢᠭᠡᠳᠦᠯᠲᠡᠢ ᠰᠢᠯᠭᠠᠯᠲᠠ ᠳ᠋ᠥ ᠡᠨᠡ ᠨᠣᠮ ᠤᠨ ᠡᠵᠡᠯᠡᠬᠦ ᠬᠣᠪᠢᠷ ᠨᠢ ᠪᠠᠭ᠎ᠠ ᠠᠴᠠ ᠪᠣᠯᠣᠭᠠᠳ ᠮᠠᠨᠣᠰ ᠨᠢᠭᠡ ᠭᠠᠷᠠᠭ ᠦᠪᠡᠷ ᠢᠶᠡᠨ ᠤᠩᠰᠢᠪᠠ﹇ ᠪᠠᠭᠰᠢ ᠣᠩᠰᠢᠭᠤᠯᠪᠠ ﹈ ᠂ ᠪᠠᠭᠰᠢ ᠭᠣᠯᠳᠠᠯᠠᠭᠠ ᠪᠣᠯᠭᠠᠵᠤ ᠵᠢᠭᠠᠭᠰᠠᠨ ᠦᠭᠡᠢ᠂ ᠶᠠᠷᠢᠭᠰᠠᠨ ᠦᠭᠡᠢ ﹇ ᠣᠯᠠᠩᠬᠢ ᠨᠦᠬᠦᠳ ᠲᠡᠭᠦᠨ ᠢ ᠣᠩᠰᠢᠭᠰᠠᠨ ᠦᠭᠡᠢ ᠪᠠᠷ ᠠᠩᠬ᠎ᠠ ᠳᠤᠮᠳᠠᠳᠤ ᠪᠠᠨ ᠲᠡᠭᠦᠰᠪᠡ ᠂ ᠨᠡᠩ ᠢᠯᠠᠩᠭᠤᠶ᠎ᠠ ᠣᠶᠢᠷ᠎ᠠ ᠦᠶ᠎ᠡ ᠶᠢᠨ ᠲᠡᠥᠬᠡ ﹈ ᠃ ᠭᠡᠪᠡᠴᠦ ᠠᠩᠬ᠎ᠠ ᠳᠤᠮᠳᠠᠳᠤ ᠦᠨᠳᠦᠷ ᠳᠤᠮᠳᠠᠳᠤ ᠪᠦᠬᠦᠯᠢ ᠵᠢᠷᠭᠤᠭᠠᠨ ᠵᠢᠯ ᠳᠤᠮᠳᠠᠳᠤ ᠶᠢᠨ ᠲᠡᠥᠬᠡ ᠰᠤᠷᠤᠭᠠᠳ ᠦᠪᠡᠷ ᠦᠨ ᠲᠡᠥᠬᠡ ᠪᠡᠨ ﹇ ᠶᠤᠸᠠᠨ ᠣ ᠬᠡᠰᠡᠭ ᠡᠴᠡ ﹈ ᠰᠤᠷᠤᠭᠰᠠᠨ ᠦᠭᠡᠢ ᠂ ᠪᠢ ᠮᠤᠩᠭᠤᠯ ᠤᠨ ᠬᠡᠳᠦᠬᠡᠨ ᠳᠤᠰᠤᠯ ᠴᠢᠰᠤ ᠲᠠᠢ ᠭᠡᠵᠦ⁈ ᠡᠨᠡ ᠴᠢᠨᠢ ᠮᠠᠨ ᠣ ᠦᠨᠳᠦᠰᠦᠲᠡᠨ ᠳᠤᠮᠳᠠᠳᠤ ᠤᠯᠤᠰ ᠲᠣ ᠪᠠᠶᠢᠬᠤ ᠶᠤᠮ ᠦᠦ ︖ ᠡᠨᠡ ᠴᠢᠨᠢ ᠦᠭᠡᠢ ᠶᠢᠨ ᠢᠯᠡᠷᠡᠯ ᠃ ᠡᠶᠢᠮᠦ ᠡᠴᠡ ᠪᠢᠳᠡ ᠲᠡᠥᠬᠡ ᠶᠢᠨ ᠬᠢᠴᠢᠶᠡᠯ ᠢᠶᠡᠨ ᠬᠠᠯᠠᠨ᠎ᠠ ᠂ ᠤᠴᠢᠷ ᠨᠢ ᠪᠢᠳᠡ ᠳᠤᠮᠳᠠᠳᠤ ᠤᠯᠤᠰ ᠲᠣ ᠪᠠᠶᠢᠨ᠎ᠠ᠃ ᠳᠠᠬᠢᠭᠠᠳ ᠬᠡᠯᠡᠪᠡᠯ ᠡᠶᠢᠮᠦ ᠲᠣᠮᠤ ᠲᠡᠥᠬᠡ ᠮᠠᠷᠲᠠᠭᠤᠯᠵᠤ ᠪᠠᠶᠢᠬᠤ ᠠᠵᠢᠯ ᠬᠢᠵᠦ ᠪᠠᠶᠢᠬᠤ ᠳ᠋ᠥ ᠮᠠᠨ ᠣ ᠪᠠᠭᠰᠢ ᠮᠠᠨ ᠣ ᠤᠳᠤᠷᠢᠳᠤᠯᠭ᠎ᠠ ᠮᠠᠨ ᠣ ᠠᠷᠠᠳ ᠲᠦᠮᠡᠨ ᠬᠠᠮᠢᠭ᠎ᠠ ᠪᠠᠶᠢᠨ᠎ᠠ ⁈ ⁈ ⁈ ⁈ ⁈ ⁈ ⁈ ᠢᠴᠢᠭᠦᠷᠢ ᠡᠶᠢᠮᠦ ᠲᠣᠮᠤ ᠨᠦᠬᠡ ᠪᠠᠶᠢᠬᠤ ᠳ᠋ᠥ ︖ ︖ ︖ ᠡᠨᠡ ᠪᠠᠶᠢᠳᠠᠯ ᠢ ᠬᠠᠯᠠᠵᠤ ᠴᠢᠳᠠᠬᠤ ᠪᠣᠯ ᠮᠤᠩᠭᠤᠯ ᠭᠡᠳ ᠶᠠᠭᠤᠨ ᠣ ᠦᠢᠯᠡ ᠪᠣᠢ ︖ ᠠᠮᠢᠳᠤᠷᠠᠭᠠᠳ ᠶᠠᠭᠤᠨ ᠣ ᠦᠢᠯᠡ ᠪᠣᠢ ᠃ ᠥᠨᠥᠳᠥᠷ ᠪᠢ ᠡᠨᠳᠡ ᠪᠠᠶᠢᠬᠤ ᠨᠢ ᠦᠩᠭᠡᠷᠡᠭᠰᠡᠨ ᠡᠴᠡ ᠨᠠᠳᠠ ᠥᠭᠭᠥᠭᠰᠡᠨ ᠵᠠᠷᠯᠢᠭ ᠃ ᠡᠭᠦᠨ ᠲᠠᠢ ᠠᠳᠠᠯᠢ ᠪᠠᠷ ᠬᠡᠴᠢᠨᠡᠨ ᠬᠦᠮᠦᠨ ᠲᠡᠥᠬᠡ ᠪᠡᠨ ᠮᠡᠳᠡᠬᠦ ᠦᠭᠡᠢ ᠡᠴᠡ ᠦᠨᠳᠡᠰᠦᠲᠡᠨ ᠳ᠋ᠥ ᠬᠠᠶᠢᠷ᠎ᠠ ᠦᠭᠡᠢ ᠪᠣᠢ ᠃ ᠬᠠᠷᠠᠮᠰᠠᠯ ᠠ ⁈ ⁈ ⁈ ᠪᠢᠳᠡ ᠬᠡᠷᠬᠢᠨ ᠪᠦᠬᠦ ᠤᠯᠤᠰ ᠤᠨ ᠬᠢᠲᠠᠳ ᠲᠠᠢ ᠠᠳᠠᠯᠢ ᠪᠠᠶᠢᠵᠤ ᠪᠣᠯᠬᠤ ᠪᠣᠢ ︖ ᠦᠪᠦᠷ ᠮᠣᠩᠭᠣᠯ ᠣᠷᠤᠨᠠᠷ ᠣ ᠮᠣᠩᠭᠣᠯ ᠰᠤᠷᠭᠠᠭᠤᠯᠢ ᠨᠤᠭᠤᠳ ᠲᠣ ᠪᠦᠬᠦ ᠤᠯᠤᠰ ᠤᠨ ᠰᠢᠯᠢᠳᠡᠭ ᠰᠤᠷᠭᠠᠭᠤᠯᠢ ᠶᠢᠨ ᠨᠢᠭᠡ ᠨᠢ ᠪᠠᠶᠢᠪᠠᠯ ᠵᠤᠬᠢᠨ᠎ᠠ᠃ ᠮᠠᠨ ᠣ ᠬᠤᠴᠤᠷᠤᠩᠭᠤᠢ ᠪᠠᠶᠢᠬᠤ ᠨᠢ ᠪᠠᠰᠠ ᠪᠢᠳᠡ ᠬᠢᠲᠠᠳ ᠤᠨ ᠬᠠᠮᠤᠭ ᠬᠤᠴᠤᠷᠤᠩᠭᠤᠢ ᠨᠤᠭᠤᠳ ᠲᠠᠢ ᠠᠳᠠᠯᠢᠬᠠᠨ ᠡᠷᠬᠡ ᠡᠳ᠋ᠯᠡᠵᠦ ᠪᠣᠢ ᠃ ᠡᠶᠢᠮᠦ ᠶᠠᠭᠤᠮ᠎ᠠ ᠴᠢᠨᠢ ᠬᠡᠷᠬᠢᠨ ᠬᠦᠭᠵᠢᠬᠦ ᠪᠣᠢ ︖ ᠡᠨᠡ ᠴᠢᠨᠢ ᠬᠥ᠋ ᠲᠠᠢ ᠨᠠᠭᠠᠯᠳᠤᠵᠤ ᠪᠠᠶᠢᠬᠤ ᠪᠢᠰᠢᠥ ︖ᠬᠦᠢᠲᠡᠨ ᠳ᠋ᠥ ᠨᠢ ᠬᠠᠶᠢᠯᠤᠵᠤ ᠪᠠᠶᠢᠬᠤ ᠪᠢᠰᠢᠥ ︖ ᠪᠢᠳᠡ ᠡᠷᠬᠡ ᠪᠡᠨ ᠵᠠᠷᠤᠵᠤ ᠴᠢᠳᠠᠬᠤ ᠦᠭᠡᠢ ᠪᠠᠶᠢᠨ᠎ᠠ ᠳ᠋ᠠ ᠂ ᠤᠯᠤᠰ ᠭᠡᠷ ᠠᠪ ᠭᠡᠳ ᠢᠷᠡᠭᠰᠡᠨ ᠪᠠᠶᠢᠬᠤ ᠳ᠋ᠥ ᠂ ᠬᠠᠷᠠᠰᠠᠯᠲᠠᠢ ᠨᠢ ᠮᠢᠨᠣ ᠳᠠᠷᠤᠭ᠎ᠠ ᠂ ᠪᠦᠳᠦᠭᠦᠨ ᠳᠠᠷᠤᠭ᠎ᠠ ᠬᠠᠮᠢᠭ᠎ᠠ ᠶᠠᠪᠤᠭᠰᠠᠨ ᠢ ᠮᠡᠳᠡᠬᠦ ᠦᠭᠡᠢ ᠃ ᠵᠢᠭᠠᠬᠠᠨ ᠲᠣᠭᠯᠠᠭᠰᠠᠨ ᠶᠤᠮ ᠡ ᠃ ᠮᠠᠨ ᠣ ᠬᠤᠴᠤᠷᠤᠩᠭᠤᠢ ᠪᠠᠶᠢᠭ᠎ᠠ ᠶᠢᠨ ᠦᠩᠭᠡᠨ ᠲᠠᠯ᠎ᠠ ᠶᠢᠨ ᠰᠢᠯᠲᠠᠭᠠᠨ ᠳ᠋ᠥ ᠪᠠᠰᠠ ᠪᠢᠳᠡ ᠲᠡᠷᠢᠭᠦᠨ ᠣ ᠰᠤᠷᠠᠭ ᠵᠠᠩᠭᠢ ᠲᠠᠢ ᠠᠯᠬᠤᠮ ᠨᠢᠭᠡᠳᠡᠯᠵᠢᠭᠦᠯᠵᠦ ᠴᠢᠳᠠᠬᠤ ᠦᠭᠡᠢ ᠪᠠᠶᠢᠨ᠎ᠠ ᠃ ᠵᠢᠱᠢᠶᠡᠯᠡᠪᠡᠯ ᠂ ᠰᠣᠨᠢᠨ ᠮᠡᠳᠡᠭᠡ ᠪᠡᠷ ᠠᠪᠴᠤ ᠬᠡᠯᠡᠪᠡᠯ ᠂ ᠮᠠᠨ ᠣ ᠣᠯᠤᠭᠰᠠᠨ ᠭᠠᠳᠠᠭᠠᠳᠤ ᠮᠡᠳᠡᠭᠡ ᠪᠣᠯ ᠬᠡᠵᠢᠶᠡᠳᠡ ᠬᠢᠲᠠᠳ ᠤᠨ ᠳᠠᠷᠠᠭ᠎ᠠ ᠣᠷᠴᠢᠭᠤᠯᠤᠭᠰᠠᠨ ᠪᠠᠶᠢᠳᠠᠭ ᠂ ᠲᠡᠶᠢᠮᠦ ᠮᠦᠷᠲᠡᠭᠡᠨ ᠠᠯᠭᠠᠭᠰᠠᠨ ᠴᠠᠭ ᠨᠢ ᠳᠠᠩᠴᠤ ᠤᠷᠲᠤ ᠪᠠᠶᠢᠨ᠎ᠠ ᠃ ᠳᠠᠬᠢᠭᠠᠳ ᠬᠡᠯᠡᠪᠡᠯ ᠥᠨᠥᠬᠡᠨ ᠣ ᠰᠤᠷᠤᠭᠴᠢ ᠭᠡᠷ ᠦᠨ ᠠᠬᠠᠮᠠᠳ ᠬᠢᠲᠠᠳ ᠬᠡᠯᠡ ᠪᠠᠷᠤᠭ ᠪᠦᠷ ᠮᠡᠳᠡᠬᠦ ᠤᠴᠢᠷ ᠠᠴᠠ ᠪᠦᠷ ᠬᠢᠲᠠᠳ ᠦᠵᠡᠴᠢᠬᠡᠨᠡ ᠃ ᠡᠨᠡ ᠮᠤᠩᠭᠤᠯ ᠰᠡᠳᠬᠢᠭᠦᠢ ᠶᠢ ᠳᠠᠭᠠᠷᠢᠯᠲᠠ ᠳ᠋ᠥ ᠤᠴᠠᠷᠠᠭᠤᠯᠵᠤ ᠮᠤᠩᠭᠤᠯ ᠬᠡᠯᠡᠨ ᠣ ᠦᠷᠲᠡᠭ ᠢ ᠪᠤᠷᠤᠭᠤ ᠬᠠᠷᠠᠭᠤᠯᠤᠨ᠎ᠠ ᠃ ᠮᠣᠩᠭᠣᠯ ᠦᠭᠡ ᠬᠡᠯᠡᠨ ᠣ ᠬᠡᠷᠡᠭᠯᠡᠭᠡᠨ ᠬᠦᠨᠳᠦ ᠲᠤᠯᠭᠠᠮ᠎ᠠ ᠠᠰᠠᠭᠤᠳᠠᠯ ᠳ᠋ᠥ ᠲᠤᠯᠭᠠᠷᠠᠵᠤ ᠪᠠᠶᠢᠬᠤ ᠳ᠋ᠥ ᠶᠠᠮᠠᠷ ᠲᠥᠷᠦ ᠶᠢᠨ ᠪᠣᠳᠤᠯᠭ᠎ᠠ ᠭᠠᠡᠭᠠᠵᠤ ᠪᠠᠶᠢᠨ᠎ᠠ ⁈ ᠡᠭᠦᠨ ᠳ᠋ᠥ ᠤᠯᠤᠰ ᠭᠡᠷ ᠬᠠᠷᠢᠭᠤᠴᠠᠨ᠎ᠠ ᠦᠦ ︖ ︖ ᠡᠨᠡ ᠦᠨᠳᠦᠰᠦᠲᠡᠨ ᠣ ᠣᠷᠤᠰᠢᠯᠲᠠ ᠳ᠋ᠥ ᠦᠨᠳᠦᠰᠦᠲᠡᠨ ᠢ ᠲᠦᠰᠢᠵᠦ ᠵᠣᠭᠰᠤᠭᠰᠠᠨ ᠬᠦᠮᠦᠰ ᠦᠨ ᠡᠭᠦᠷᠭᠡ ᠪᠠᠶᠢᠬᠤ ᠪᠠᠷ ᠦᠯᠡ ᠪᠠᠷᠠᠨ ᠡᠨᠡ ᠦᠨᠳᠦᠰᠦᠲᠡᠨ ᠣ ᠲᠤᠯᠵᠤ ᠡᠷᠭᠦᠭᠰᠡᠨ ᠤᠯᠤᠰ ᠤᠨ ᠬᠠᠷᠢᠭᠤᠴᠠᠯᠭ᠎ᠠ ᠪᠠᠶᠢᠬᠤ ᠬᠡᠷᠡᠭᠲᠡᠢ ᠃ ᠡᠰᠡ ᠲᠡᠶᠢᠮᠦ ᠪᠣᠯ ᠬᠤᠤᠪᠢᠯᠳᠤᠭᠰᠠᠨ ᠳ᠋ᠥ ᠲᠣᠭᠠᠴᠠᠨ᠎ᠠ ᠃ ᠣᠳᠤᠷ ᠤᠨ ᠭᠡᠷ ᠲᠦ ᠬᠠᠶᠠᠭᠠᠨ ᠳ᠋ᠥ ᠦᠩᠭᠡ ᠣᠷᠤᠭᠤᠯᠵᠤ ᠨᠠᠭᠠᠭᠰᠠᠨ ᠰᠣᠨᠢᠨ ᠳᠡᠭᠡᠷ᠎ᠡ ᠡᠴᠡ ᠡᠶᠢᠮᠦ ᠨᠢᠭᠡ ᠬᠤᠷᠠᠯ ᠬᠤᠷᠠᠯᠳᠤᠭᠤᠯᠵᠤ ᠪᠠᠶᠢᠬᠤ ᠶᠢ ᠮᠡᠳᠡᠯ᠎ᠡ ᠃ ﹇ ᠮᠣᠩᠭᠣᠯ ᠦᠨᠳᠦᠰᠦᠲᠡᠨ ᠣ ᠦᠭᠡ ᠬᠡᠯᠡᠨ ᠣ ᠬᠡᠷᠡᠭᠯᠡᠭᠡᠨ ᠳ᠋ᠥ ᠲᠤᠯᠭᠠᠷᠠᠵᠤ ᠪᠠᠶᠢᠭ᠎ᠠ ᠠᠰᠠᠭᠤᠳᠠᠯ ᠢ ᠶᠠᠷᠢᠯᠴᠠᠳᠠᠭ ᠬᠤᠷᠠᠯ ﹈ ᠶᠡᠬᠡ ᠲᠥᠯᠥᠪ ᠡᠶᠢᠮᠦ ᠶᠠᠭᠤᠮ᠎ᠠ ᠭᠡᠨ᠎ᠡ ᠃ ᠭᠠᠶᠢᠬᠠᠮᠠᠷ ᠃ ᠮᠢᠨᠤ ᠪᠠᠭᠰᠢ ᠮᠡᠳᠡᠨ᠎ᠡ ᠦᠦ ᠂ ᠮᠢᠨᠤ ᠨᠠᠶᠢᠵᠠ ᠮᠡᠳᠡᠨ᠎ᠡ ᠦᠦ ︖ ᠬᠡᠨ ᠵᠠᠷᠤᠬᠤ ᠭᠡᠵᠦ ᠪᠠᠶᠢᠬᠤ ᠪᠣᠢ ᠃ ᠬᠣᠶᠠᠷ ᠬᠤᠷᠠᠯ ᠰᠢᠭ᠋ ᠬᠤᠷᠠᠯᠳᠤᠪᠠᠴᠤ ᠪᠠᠭᠠᠳᠤᠨ᠎ᠠ ᠃ ᠡᠨᠡ ᠪᠣᠯ ᠠᠰᠠᠭᠤᠳᠠᠯ ᠃ ᠰᠢᠢᠳᠪᠦᠷᠢᠯᠡᠬᠦ ᠴᠢᠬᠤᠯᠠᠲᠠᠢ ᠤᠴᠢᠷ ᠪᠢᠵᠡ ⁈ ⁈ ᠶᠠᠭᠤ ᠴᠦ ᠭᠡᠰᠡᠨ ᠮᠠᠨ ᠣ ᠦᠶᠡᠨ ᠣ ᠬᠢᠨ ᠪᠣᠯ ᠰᠣᠶᠤᠯ ᠬᠦᠷᠲᠡᠭᠰᠡᠨ ᠬᠡᠮᠵᠢᠶ᠎ᠡ ᠬᠠᠮᠤᠭ ᠶᠡᠬᠡ ᠪᠣᠯᠤᠨ᠎ᠠ ᠃ ᠮᠣᠩᠭᠣᠯ ᠰᠣᠶᠤᠯ ᠤᠨ ᠬᠦᠭᠵᠢᠯᠲᠡ ᠪᠠ ᠢᠷᠡᠭᠡᠳᠦᠢ ᠶᠢ ᠲᠣᠭᠲᠠᠭᠠᠬᠤ ᠳ᠋ᠥ ᠴᠢᠬᠤᠯᠠ ᠦᠢᠯᠡᠳᠦᠯ ᠦᠵᠡᠭᠦᠯᠬᠦ ᠨᠢ ᠭᠠᠷᠴᠠᠭ᠎ᠠ ᠦᠭᠡᠢ ᠃ ᠮᠣᠩᠭᠣᠯᠴᠤᠳ ᠪᠦᠬᠦᠨ ᠲᠤᠬᠠᠶᠢᠯᠠᠭᠰᠠᠨ ᠠᠵᠢᠯ ᠳ᠋ᠥ ᠪᠡᠨ ᠭᠠᠪᠰᠢᠭᠠᠶᠢᠯᠠᠵᠤ ᠪᠠᠶᠢᠪᠠᠯ ᠦᠩᠭᠡ ᠭᠡᠷᠡᠯᠲᠦ ᠴᠠᠭ ᠦᠶ᠎ᠡ ᠶᠢ ᠤᠭᠲᠤᠬᠤ ᠨᠢ ᠯᠠᠪᠲᠠᠢ ᠃ ᠮᠣᠩᠭᠣᠯ ᠬᠡᠵᠢᠶᠡᠳᠡ ᠪᠠᠶᠢᠨ᠎ᠠ ᠃