-
160144
ᠮᠧᠩ ᠦ᠋ ᠱᠢᠧᠧᠢ ᠬᠡᠳᠡᠭ ᠁
2020-04-06 08:29
210
0
ᠮᠧᠩ ᠦ᠋ ᠱᠢᠧᠧᠢ ᠬᠡᠳᠡᠭ᠁
ᠨᠢᠬᠡ
ᠲᠡᠥᠬᠡᠨ ᠰᠤᠳᠤᠯᠭᠠᠨ ᠳᠡᠬᠢ ᠨᠢᠬᠡᠨ ᠰᠤᠨᠢᠷᠬᠠᠯᠲᠠᠢ ᠦᠵᠡᠭᠳᠡᠯ ᠪᠤᠢ ᠪᠦᠬᠡᠳ ᠲᠠᠩ ᠤᠯᠤᠰ ᠤᠨ ᠦᠶ᠎ᠡ᠂ ᠬᠢᠲᠠᠳ ᠤᠨ ᠡᠷᠲᠡᠨ ᠣ ᠲᠡᠥᠬᠡᠨ ᠰᠤᠷᠪᠤᠯᠵᠢ ᠳᠤ ᠭᠠᠷᠬᠤ蒙兀室韦︵ᠮᠧᠩ ᠦ᠋ ᠱᠢᠧᠧᠢ︶ᠭᠡᠳᠡᠭ ᠲᠡᠮᠳᠡᠭᠯᠡᠯ ᠢ ᠡᠰᠢᠯᠡᠵᠦ᠂ ᠪᠤᠶᠤ ᠦᠨᠳᠦᠰᠦᠲᠡᠨ ᠣ ᠲᠡᠥᠬᠡᠨ ᠡᠬᠢᠯᠡᠯ ᠬᠡᠮᠡᠨ ᠦᠵᠡᠳᠡᠭ ᠵᠠᠩᠰᠢᠯ ᠠᠵᠠᠢ᠂ ᠬᠠᠷᠢᠨ ᠠᠳᠠᠯᠢᠬᠠᠨ ᠴᠠᠭ ᠦᠶ᠎ᠡ ᠶᠢᠨ ᠪᠤᠰᠤᠳ ᠬᠡᠯᠡᠲᠠᠢ ᠲᠤᠬᠠᠢ ᠲᠡᠮᠳᠡᠭᠯᠡᠯ ᠪᠤᠢ ᠶᠢ ᠠᠩᠬᠠᠷᠤᠬᠤ ᠦᠬᠡᠢ ᠦᠨᠤ ᠪᠤᠯᠵᠠᠢ᠂ ᠡᠢᠮᠦᠷᠬᠦ ᠤᠳᠤ ᠶᠢᠨ ᠰᠤᠳᠤᠯᠭᠠᠨ ᠣ ᠲᠦᠪᠰᠢᠨ ᠬᠡᠯᠡᠲᠠᠢ ᠪᠤᠶᠤ ᠬᠡᠮᠡᠨ ᠪᠠᠲᠤᠯᠠᠵᠤ ᠨᠤᠲᠠᠯᠠᠭᠰᠠᠨ ᠭᠡᠵᠤ ᠦᠵᠡᠭᠡᠳ᠂ ᠡᠳᠡᠭᠡᠷ ᠠᠢᠮᠠᠭ ᠶᠢᠨ ᠨᠡᠷ᠎ᠠ᠂ ᠡᠷᠲᠡᠨ ᠣ ᠬᠢᠲᠠᠳ ᠰᠤᠷᠪᠤᠯᠵᠢ ᠳᠤ ᠲᠤᠬᠢᠶᠠᠯᠳᠤᠬᠤ ᠪᠠᠢᠳᠠᠯ ᠢ ᠠᠪᠴᠤ ᠦᠵᠡᠪᠡᠯ᠄
曷剌ᠬᠡᠳᠡᠭ ᠨᠡᠷ᠎ᠠ᠂ ︽ᠲᠦᠩ ᠳ᠋ᠢᠶᠠᠨ ︾ᠳᠦ2᠂ ︽ᠯᠢᠶᠣᠤ ᠤᠯᠤᠰ ᠤᠨ ᠲᠡᠥᠬᠡ︾ᠳᠦ 3 ᠤᠳᠠᠭ᠎ᠠ ᠲᠤᠬᠢᠶᠠᠯᠳᠤᠵᠤ ᠪᠠᠢᠨ᠎ᠠ᠃曷剌ᠬᠡᠳᠡᠭ ᠢ ᠪᠢᠳ᠋ᠨ ᠾᠦᠷᠠᠳ︵ᠦᠬᠡᠯᠠᠢ-ᠤᠢᠷᠠᠳ︶ᠭᠡᠵᠤ ᠰᠡᠷᠬᠦᠭᠡᠨ ᠤᠩᠰᠢᠭᠰᠠᠨ ᠪᠤᠢ᠃ ᠲᠤᠬᠠᠢ ᠶᠢᠨ ᠦᠶ᠎ᠡ ᠶᠢᠨ ᠬᠢᠲᠠᠳ ᠲᠡᠦᠬᠡᠨ ᠰᠤᠷᠪᠤᠯᠵᠢ ᠳᠤ曷剌國 ᠬᠡᠮᠡᠨ ᠲᠡᠮᠳᠡᠭᠯᠡᠭᠰᠡᠨ ᠢ ᠠᠩᠬᠠᠷᠤᠬᠤ ᠬᠡᠷᠡᠭᠲᠡᠢ ᠪᠦᠭᠡᠳ ᠡᠨᠡ ᠨᠢ ᠮᠤᠩᠭᠤᠯ ᠤᠨ ᠤᠯᠠᠮᠵᠢᠯᠠᠯᠲᠤ ᠬᠡᠯᠡᠯᠬᠡ ᠶᠢᠨ ᠤᠢᠷᠠᠳ ᠤᠯᠤᠰ ᠬᠡᠳᠡᠭ ᠲᠠᠢ ᠨᠡᠢᠴᠡᠳᠡᠭ᠂ ᠨᠦᠬᠦᠭᠡ ᠲᠠᠯ᠎ᠠ ᠪᠠᠷ ᠰᠤᠳᠤᠯᠤᠭᠠᠴᠢᠳ ᠤᠨ ᠬᠡᠯᠡᠳᠡᠭ ᠤᠢᠷᠠᠳ ᠤᠨ ᠬᠤᠯᠪᠤᠭ᠎ᠠ ᠮᠦᠨ ᠭᠡᠵᠤ ᠦᠵᠡᠬᠦ ᠪᠦᠷᠢᠨ ᠦᠨᠳᠦᠰᠦᠯᠡᠯ ᠪᠤᠢ ᠠᠵᠠᠢ᠃
弊剌ᠬᠡᠳᠡᠭ ᠨᠡᠷ᠎ᠠ᠂ ︽ᠲᠦᠩ ᠳ᠋ᠢᠶᠠᠨ ︾ᠳᠦ1᠂ ︽ᠰᠢᠨ᠎ᠠ ᠲᠠᠩ ᠤᠯᠤᠰ ᠤᠨ ︾ᠳᠦ 1 ᠤᠳᠠᠭ᠎ᠠ ᠲᠤᠬᠢᠶᠠᠯᠳᠤᠵᠤ ᠪᠠᠢᠨ᠎ᠠ᠃弊剌ᠬᠡᠳᠡᠭ ᠢ ᠪᠢᠳ᠋ᠨ ᠪᠤᠷᠢᠶᠠᠳ ᠭᠡᠵᠤ ᠰᠡᠷᠬᠦᠭᠡᠨ ᠤᠩᠰᠢᠭᠰᠠᠨ ᠪᠤᠢ᠃ ᠮᠦᠨ ᠲᠤᠬᠠᠢ ᠶᠢᠨ ᠴᠠᠭ ᠳᠦ ᠬᠠᠷᠢᠶᠠᠯᠠᠭᠳᠠᠬᠤ ᠲᠷᠦᠺ ᠦᠨ ᠬᠡᠷᠡᠯᠲᠤ ᠬᠦᠰᠢᠶ᠎ᠠ ᠪᠤᠯᠬᠤ︽ᠲᠠᠷᠢᠶᠠᠲᠤ ᠶᠢᠨ ᠬᠡᠷᠡᠯᠲᠤ ᠬᠦᠰᠢᠶᠠᠨ ᠣ ᠪᠢᠴᠢᠭᠡᠰᠦᠨ︾ᠳᠦ ᠡᠨᠡ ᠠᠢᠮᠠᠭ ᠤᠨ ᠨᠡᠷ᠎ᠠ ᠶᠢ ᠷᠦᠨᠢ ᠪᠢᠴᠢᠭ ᠢᠶᠡᠷ ᠲᠡᠮᠳᠡᠭᠯᠡᠭᠰᠡᠨ ᠪᠤᠯᠬᠤ ᠶᠢ ᠮᠢᠨᠤ ᠪᠡᠶ᠎ᠡ ᠰᠡᠷᠬᠦᠭᠡᠨ ᠤᠩᠰᠢᠭᠰᠠᠨ ᠪᠤᠯᠤᠨ᠎ᠠ᠃ ᠪᠤᠷᠢᠶᠠᠳ᠂ ᠦᠬᠡᠯᠡᠳ ᠢ 曷剌國 ᠭᠡᠬᠦ ᠨᠡᠷ᠎ᠠ ᠶᠢᠨ ᠳᠤᠤᠷ᠎ᠠ ᠬᠠᠮᠤᠷᠠᠭᠤᠯᠤᠨ ᠪᠠᠭᠲᠠᠭᠠᠨ ᠲᠡᠮᠳᠡᠭᠯᠡᠭᠰᠡᠨ ᠡᠴᠡ ᠦᠵᠡᠬᠦ ᠳᠦ᠂ ᠡᠨᠡ ᠬᠤᠶᠠᠷ ᠠᠢᠮᠠᠭ ᠨᠢ ᠨᠢᠬᠡᠨ ᠬᠤᠯᠪᠤᠭᠠᠨ ᠳᠤ ᠪᠠᠢᠭᠰᠠᠨ ᠲᠡᠥᠬᠡᠨ ᠦᠨᠡᠨ ᠲᠠᠢ ᠨᠡᠢᠴᠡᠨ᠎ᠡ᠃
ᠪᠤᠷᠢᠶᠠᠳ ᠨᠢ ᠤᠤᠭᠠᠯ ᠨᠤᠲᠤᠭ ᠪᠤᠯᠬᠤ ᠪᠠᠢᠭᠠᠯ ᠨᠠᠭᠤᠷ ᠢᠶᠠᠨ ᠲᠤᠭᠤᠷᠢᠨ ᠠᠵᠤ ᠲᠦᠷᠦᠵᠦ ᠃
遏羅支ᠬᠡᠳᠡᠭ ᠨᠡᠷ᠎ᠠ᠂᠂ ︽ᠰᠢᠨ᠎ᠠ ᠲᠠᠩ ᠤᠯᠤᠰ ᠤᠨ ︾ᠳᠦ 1 ᠤᠳᠠᠭ᠎ᠠ ᠲᠤᠬᠢᠶᠠᠯᠳᠤᠵᠤ ᠪᠠᠢᠨ᠎ᠠ᠃遏罗支ᠬᠡᠳᠡᠭ ᠢ ᠪᠢᠳ᠋ᠨ ᠦᠬᠡᠯᠡᠳ ᠭᠡᠵᠤ ᠰᠡᠷᠬᠦᠭᠡᠨ ᠤᠩᠰᠢᠭᠰᠠᠨ ᠪᠤᠢ᠃ ᠦᠬᠡᠯᠡᠳ ᠨᠢ ᠤᠤᠭᠠᠯ ᠨᠤᠲᠤᠭ ᠪᠠᠢᠭᠠᠯ ᠨᠠᠭᠤᠷ ᠤᠨ ᠤᠷᠴᠢᠮ ᠠᠴᠠ ᠶᠠᠮᠠᠷ ᠨᠢᠬᠡᠨ ᠰᠢᠯᠲᠠᠭᠠᠨ ᠢᠶᠠᠷ︵ᠪᠤᠷᠢᠶᠠᠳ ᠠᠴᠠ ᠤᠯᠳᠠᠭᠰᠠᠨ ᠲᠡᠥᠬᠡᠨ ᠰᠤᠷᠪᠤᠯᠵᠢ ᠳᠤ᠂ ᠡᠨᠡ ᠠᠢᠮᠠᠭ ᠢ ᠳᠠᠢᠨ ᠳᠤ ᠳᠤᠷ᠎ᠠ ᠲᠠᠢ︵ ︶ᠤᠴᠢᠷ ᠨᠠᠷᠨ ᠵᠢᠷᠭᠠᠬᠤ ᠪᠠᠷᠠᠭᠤᠨ ᠲᠡᠰᠢ ᠤᠳᠤᠪᠠ ᠭᠡᠵᠡᠢ᠂ ᠡᠨᠡ ᠨᠢ ᠦᠬᠡᠯᠡᠳ ᠪᠠᠷᠠᠭᠤᠨᠰᠢ ᠪᠠᠨ ᠨᠡᠬᠦᠳᠡᠯᠯᠡᠵᠦ᠂ ᠲᠩᠷᠢ ᠠᠭᠤᠯᠨ ᠤ ᠬᠤᠢᠭᠤᠷ ᠨᠤᠲᠤᠭᠯᠠᠭᠰᠠᠨ ᠲᠡᠥᠬᠡᠨ ᠦᠨᠡᠨ ᠲᠠᠢ ᠨᠡᠢᠴᠡᠵᠦ ᠪᠠᠢᠨ᠎ᠠ᠃
曷剌ᠶᠢᠨ ᠦᠭᠡᠷ᠎ᠠ ᠨᠢᠭᠡᠨ ᠨᠡᠷ᠎ᠠ ᠪᠤᠯᠬᠤ駁馬國ᠬᠡᠳᠡᠭ ᠨᠡᠷ᠎ᠠ ᠨᠢ ︽ᠲᠦᠩ ᠳ᠋ᠢᠶᠠᠨ ︾ᠳᠦ2᠂ ︽ᠲᠠᠩ ᠤᠯᠤᠰ ᠤᠨ ᠬᠤᠷᠢᠶᠠᠩᠭᠤᠢ ︾ ᠲᠤ1᠂ ︽ᠬᠠᠭᠤᠴᠢᠨ ᠲᠠᠩ ᠤᠯᠤᠰ ᠤᠨ ︾ᠳᠦ 2᠂ ︽ᠰᠢᠨ᠎ᠠ ᠲᠠᠩ ᠤᠯᠤᠰ ᠤᠨ ︾ ᠳᠦ 3ᠤᠳᠠᠭ᠎ᠠ ᠲᠤᠬᠢᠶᠠᠯᠳᠤᠵᠤ ᠪᠠᠢᠨ᠎ᠠ᠃
駁馬國 ᠭᠡᠬᠦ ᠦᠬᠡᠨ ᠣ ᠲᠠᠭᠤᠳᠠᠯᠭ᠎ᠠ ᠲᠠᠢ ᠲᠤᠬᠢᠷᠠᠬᠤ ᠨᠡᠷ᠎ᠠ ᠢ ᠤᠩᠭᠤᠯ ᠤᠨ ᠦᠰᠦᠭ ᠪᠢᠴᠢᠭ ᠦᠨ ᠲᠡᠮᠳᠡᠭᠯᠡᠯ ᠡᠴᠡ ᠪᠢᠳ᠋ᠨ ᠤᠯᠵᠤ ᠬᠠᠷᠠᠬᠤ ᠦᠬᠡᠢ᠂ ᠬᠠᠷᠢᠨ ᠲᠤᠤᠯᠢ︽ ︾ ᠳᠦ ᠪᠠᠢᠩᠭᠤ ᠳᠤᠷᠠᠳᠤᠭᠳᠠᠬᠤ ᠠᠷᠤ ᠪᠤᠮᠪᠠ ᠶᠢᠨ ᠤᠷᠤᠨ ᠪᠤᠶᠤ ᠪᠤᠮᠪᠠ ᠶᠢᠨ ᠤᠷᠤᠨ ᠭᠡᠳᠡᠭ ᠦᠨ ᠪᠤᠮᠪᠠ ᠨᠢ ᠡᠨᠡᠬᠦ ᠨᠡᠷ᠎ᠠ ᠲᠠᠢ ᠲᠠᠭᠤᠳᠠᠯᠭ᠎ᠠ ᠮᠠᠰᠢᠳ᠋ᠨ ᠤᠢᠷᠠᠯᠴᠠᠭ᠎ᠠ ᠪᠠᠢᠳᠠᠭ᠂ ᠠᠷᠤ ᠪᠤᠮᠪᠠ ᠶᠢᠨ ᠤᠷᠤᠨ ᠪᠤᠶᠤ ᠪᠤᠮᠪᠠ ᠶᠢᠨ ᠤᠷᠤᠨ ᠬᠡᠳᠡᠭ ᠢ ᠲᠤᠤᠯᠢ ᠶᠢᠨ ᠰᠡᠳᠬᠢᠯᠴᠢᠯᠠᠨ ᠪᠦᠲᠦᠭᠡᠭᠰᠡᠨ ᠤᠷᠠᠨ ᠰᠠᠢᠬᠠᠨ ᠣ ᠳᠦᠷᠢ ᠬᠡᠮᠡᠨ ᠰᠤᠳᠤᠯᠤᠭᠠᠴᠢᠳ ᠳᠠᠪᠲᠠᠨ ᠬᠡᠯᠡᠭᠰᠡᠭᠡᠷ ᠢᠷᠡᠵᠡᠢ᠂ ᠲᠡᠭᠡᠲᠡᠯ᠎ᠠ ᠦᠰᠦᠭ ᠡᠷᠲᠡᠨ ᠣ ᠤᠯᠠᠮᠵᠢᠯᠠᠯ ᠲᠠᠢ ᠬᠢᠲᠠᠳ ᠤᠨ ᠠᠷᠠᠳ ᠲᠦᠮᠡᠨ ᠣ ᠲᠡᠥᠬᠡᠨ ᠰᠤᠷᠪᠤᠯᠵᠢ ᠳᠤ ᠡᠷᠲᠡᠨ ᠣ ᠤᠢᠷᠠᠳ ᠤᠨ ᠪᠠᠢᠭᠤᠯᠤᠭᠰᠠᠨ ᠪᠤᠮᠪᠠ ᠶᠢᠨ ᠤᠷᠤᠨ ᠬᠡᠮᠡᠨ ᠲᠡᠮᠳᠡᠭᠯᠡᠵᠦ ᠂ ᠲᠤᠤᠯᠢ︽ ︾ ᠨᠢ ᠵᠦᠪᠬᠡᠨ ᠤᠢᠷᠠᠳ ᠳᠤᠲᠤᠷ᠎ᠠ ᠡᠬᠦᠰᠴᠤ ᠤᠯᠠᠮᠵᠢᠯᠠᠭᠳᠠᠭᠰᠠᠨ ᠭᠡᠳᠡᠭ ᠢᠶᠡᠷ ᠢᠶᠡᠨ ᠬᠤᠯᠪᠤᠵᠤ ᠪᠤᠳᠤᠬᠤ ᠶᠠᠭᠤᠮ᠎ᠠ ᠤᠯᠠᠨ ᠪᠤᠢ᠂ ᠰᠤᠨᠢᠷᠬᠠᠯᠲᠠᠢ ᠃
ᠳᠡᠭᠡᠷᠡᠬᠢ ᠲᠠᠢ ᠨᠢᠬᠡᠨ ᠴᠠᠭ ᠦᠶ᠎ᠡ ᠳᠠᠬᠢ ᠡᠷᠲᠡᠨ ᠣ ᠬᠢᠲᠠᠳ ᠰᠤᠷᠪᠤᠯᠵᠢ ᠳᠤ ᠲᠡᠮᠳᠡᠭᠯᠡᠭᠳᠡᠭᠰᠡᠨ 拔野古 ᠭᠡᠵᠤ ᠪᠤᠢ᠂ ᠤᠳᠤ ᠦᠶ᠎ᠡ ᠶᠢᠨ ᠰᠤᠳᠤᠯᠤᠭᠠᠴᠢᠳ ᠡᠨᠡ ᠶᠡᠬᠡᠪᠴᠢᠯᠠᠨ ᠬᠡᠯᠡᠲᠠᠢ᠂ ᠮᠤᠩᠭᠤᠯ ᠪᠤᠯᠬᠤ ᠪᠠᠶᠠᠭᠤᠳ︵ᠪᠠᠶᠠᠳ︶ᠭᠡᠵᠤ ᠦᠵᠡᠳᠡᠭ᠃
ᠲᠤᠬᠠᠢ ᠶᠢᠨ ᠦᠶ᠎ᠡ ᠶᠢᠨ ᠡᠷᠲᠡᠨ ᠣ ᠬᠢᠲᠠᠳ ᠰᠤᠷᠪᠤᠯᠵᠢ ᠳᠤ ᠡᠳᠡᠭᠡᠷ ᠨᠤᠲᠤᠭᠯᠠᠵᠤ ᠪᠠᠢᠭᠰᠠᠨ ᠭᠠᠵᠠᠷ ᠨᠤᠲᠤᠭ᠂ ᠲᠤᠬᠠᠢ ᠶᠢᠨ ᠦᠶ᠎ᠡ ᠶᠢᠨ ᠬᠢᠲᠠᠳ ᠤᠨ ᠨᠡᠢᠰᠯᠡᠯ ᠡᠴᠡ ᠬᠢᠷᠢ ᠵᠡᠷᠭᠡ ᠬᠤᠯᠨ ᠪᠠᠢᠭ᠎ᠠ ᠂ ᠡᠳᠡᠭᠡᠷ ᠬᠦᠮᠦᠰ ᠦᠨ ᠠᠵᠤ ᠲᠦᠷᠦᠵᠦ ᠪᠠᠢᠭ᠎ᠠ ᠪᠠᠢᠳᠠᠯ᠂ ᠡᠳᠡᠨ ᠣ ᠵᠠᠰᠠᠭ ᠵᠠᠬᠢᠷᠭᠠᠨ ᠣ ᠪᠠᠢᠳᠠᠯ᠂ ᠮᠦᠨ ᠲᠤᠬᠠᠢ ᠶᠢᠨ ᠦᠶ᠎ᠡ ᠶᠢᠨ ᠶᠠᠮᠠᠷ ᠤᠨ ᠢᠶᠠᠷ ᠬᠢᠲᠠᠳ ᠤᠯᠤᠰ ᠲᠠᠢ ᠬᠠᠷᠢᠯᠴᠠᠭ᠎ᠠ ᠲᠠᠢ ᠪᠠᠢᠭᠰᠠᠨ ᠭᠡᠬᠦ ᠮᠡᠲᠤ ᠮᠡᠳᠡᠭᠡᠯᠡᠯ ᠢᠶᠡᠷ ᠲᠤᠪᠴᠢᠬᠠᠨ ᠲᠡᠮᠳᠡᠭᠯᠡᠭᠰᠡᠨ ᠪᠠᠢᠭ᠎ᠠ ᠶᠢ ᠪᠢᠳ᠋ᠨ ᠤᠩᠰᠢᠵᠤ ᠪᠠᠢᠨ᠎ᠠ᠃
ᠬᠤᠶᠠᠷ
ᠡᠬᠦᠨ ᠡᠴᠡ ᠭᠠᠳᠠᠨ᠎ᠠ᠂ ᠡᠮᠦᠨ᠎ᠠ ᠤᠮᠠᠷᠠᠳᠤ ᠲᠦᠷᠦ ᠶᠢᠨ ᠦᠶ᠎ᠡ ᠶᠢᠨ ᠲᠡᠥᠬᠡᠨ ᠰᠤᠷᠪᠤᠯᠵᠢ ᠪᠤᠯᠬᠤ ︽ᠸᠸᠢ ᠤᠯᠤᠰ ᠤᠨ ︾ ᠲᠤ烏洛侯ᠭᠡᠬᠦ ᠠᠢᠮᠠᠭ ᠦᠨ ᠨᠡᠷ᠎ᠠ ᠳᠤᠷᠠᠳᠤᠭᠳᠠᠨ᠎ᠠ᠂烏洛侯ᠢ ᠪᠠᠰᠨ 烏羅護᠂烏護 ᠭᠡᠵᠤ ᠲᠡᠮᠳᠡᠭᠯᠡᠭᠰᠡᠨ ᠪᠤᠢ᠂ ᠡᠳᠡᠭᠡᠷ ᠠᠢᠮᠠᠭ ᠶᠢᠨ ᠨᠡᠷ᠎ᠠ᠂ ᠡᠷᠲᠡᠨ ᠣ ᠬᠢᠲᠠᠳ ᠰᠤᠷᠪᠤᠯᠵᠢ ᠳᠤ ᠲᠤᠬᠢᠶᠠᠯᠳᠤᠬᠤ ᠪᠠᠢᠳᠠᠯ ᠢ ᠠᠪᠴᠤ ᠦᠵᠡᠪᠡᠯ᠄
乌洛侯ᠬᠡᠳᠡᠭ ᠨᠡᠷ᠎ᠠ᠂ ︽ᠸᠸᠢ ᠤᠯᠤᠰ ᠤᠨ ︾ᠲᠤ5᠂︽ᠬᠠᠭᠤᠴᠢᠨ ᠲᠠᠩ ᠤᠯᠤᠰ ᠤᠨ ︾ᠳᠦ1᠂ ︽ᠰᠢᠨ᠎ᠠ ᠲᠠᠩ ᠤᠯᠤᠰ ᠤᠨ ︾2᠂ ︽ᠤᠮᠠᠷᠠᠳᠤ ᠶᠢᠨ ᠲᠡᠥᠬᠡ︾ᠳᠦ4᠂ ︽ ᠳᠠᠯᠠᠢ ᠶᠢᠨ ᠤᠯᠤᠰ ᠤᠨ ᠵᠢᠷᠤᠭᠲᠤ ᠤᠢᠯᠠᠯᠭ᠎ᠠ︾ᠳᠤ5 ᠤᠳᠠᠭ᠎ᠠ ᠲᠤᠬᠢᠶᠠᠯᠳᠤᠵᠤ ᠪᠠᠢᠨ᠎ᠠ᠃
乌罗护ᠬᠡᠳᠡᠭ ᠨᠡᠷ᠎ᠠ᠂ ︽ᠬᠠᠭᠤᠴᠢᠨ ᠲᠠᠩ ᠤᠯᠤᠰ ᠤᠨ ︾ᠳᠦ3᠂ ︽ᠰᠢᠨ᠎ᠠ ᠲᠠᠩ ᠤᠯᠤᠰ ᠤᠨ ︾2᠂ ︽ᠳᠠᠯᠠᠢ ᠶᠢᠨ ᠤᠯᠤᠰ ᠤᠨ ᠵᠢᠷᠤᠭᠲᠤ ᠤᠢᠯᠠᠯᠭ᠎ᠠ︾ᠳᠤ1 ᠤᠳᠠᠭ᠎ᠠ ᠲᠤᠬᠢᠶᠠᠯᠳᠤᠵᠤ ᠪᠠᠢᠨ᠎ᠠ᠃
乌罗浑ᠬᠡᠳᠡᠭ ᠨᠡᠷ᠎ᠠ᠂ ︽ᠬᠠᠭᠤᠴᠢᠨ ᠲᠠᠩ ᠤᠯᠤᠰ ᠤᠨ ︾ᠳᠦ4᠂ ︽ᠰᠢᠨ᠎ᠠ ᠲᠠᠩ ᠤᠯᠤᠰ ᠤᠨ ︾4᠂ ︽ᠳᠠᠯᠠᠢ ᠶᠢᠨ ᠤᠯᠤᠰ ᠤᠨ ᠵᠢᠷᠤᠭᠲᠤ ᠤᠢᠯᠠᠯᠭ᠎ᠠ︾ᠳᠤ1 ᠤᠳᠠᠭ᠎ᠠ ᠲᠤᠬᠢᠶᠠᠯᠳᠤᠵᠤ ᠪᠠᠢᠨ᠎ᠠ᠃
乌护ᠬᠡᠳᠡᠭ ᠨᠡᠷ᠎ᠠ᠂ ︽ᠰᠦᠢ ᠤᠯᠤᠰ ᠤᠨ ︾1᠂ ︽ᠰᠢᠨ᠎ᠠ ᠲᠠᠩ ᠤᠯᠤᠰ ᠤᠨ ︾ ᠳᠤ1 ᠂ ︽ᠤᠮᠠᠷᠠᠳᠤ ᠶᠢᠨ ᠲᠡᠥᠬᠡ︾ᠳᠦ1 ᠤᠳᠠᠭ᠎ᠠ ᠲᠤᠬᠢᠶᠠᠯᠳᠤᠵᠤ ᠪᠠᠢᠨ᠎ᠠ᠃
ᠲᠡᠥᠬᠡᠨ ᠰᠤᠷᠪᠤᠯᠵᠢ ᠳᠤ᠂ 乌洛侯 ᠰᠢᠶᠠᠨᠪᠢ ᠭᠠᠷᠤᠯᠲᠠᠢ ᠬᠡᠮᠡᠨ ᠲᠡᠮᠳᠡᠭᠯᠡᠵᠡᠢ᠂ ᠲᠡᠭᠡᠪᠠᠰᠤ ᠡᠳᠡᠨ ᠪᠤᠯᠪᠠᠰᠤ ᠳᠡᠭᠡᠭᠰᠢ ᠪᠡᠨ ᠳ᠋ᠦᠩᠬᠤ ᠠᠴᠠ ᠢᠷᠠᠯᠲᠠᠢ ᠪᠠᠢᠭ᠎ᠠ ᠪᠦᠬᠡᠳ ᠮᠠᠰᠢ ᠡᠷᠲᠡᠨ ᠣ ᠲᠡᠥᠬᠡᠨ ᠤᠯᠪᠠᠭ᠎ᠠ ᠲᠠᠢ ᠨᠢᠬᠡᠨ ᠠᠢᠮᠠᠭ ᠪᠤᠯᠬᠤ ᠠᠵᠠᠢ᠂ ᠲᠠᠩ ᠤᠯᠤᠰ ᠤᠨ ᠦᠶ᠎ᠡ ᠲᠡᠥᠬᠡᠨ ᠰᠤᠷᠪᠤᠯᠵᠢ ᠳᠤ ᠡᠨᠡ ᠱᠢᠸ᠋ᠸᠢ ᠶᠢᠨ ᠠᠢᠮᠠᠭ ᠤᠨ ᠨᠢᠬᠡ ᠬᠡᠮᠡᠭᠰᠡᠨ ᠪᠠᠢᠨ᠎ᠠ᠃
室韦 ︵ᠮᠧᠩ ᠦ᠋ ᠱᠢᠧᠧᠢ︶ᠨᠢ ᠭᠠᠵᠠᠷ ᠨᠤᠲᠤᠭ ᠤᠨ ᠬᠤᠪᠢ ᠳᠤ᠂ ᠬᠦᠯᠦᠨ ᠪᠤᠢᠷ᠂ ᠬᠢᠩᠭᠠᠨ ᠠᠭᠤᠯᠨ ᠤ ᠪᠠᠷᠠᠭᠤᠨ᠂ ᠬᠢᠩᠭᠠᠨ ᠠᠭᠤᠯᠨ ᠤ ᠪᠠᠷᠠᠭᠤᠨ ᠬᠤᠢᠨ᠎ᠠ ᠬᠦᠷᠲᠡᠯᠠᠬᠢ ᠭᠠᠵᠠᠷ ᠨᠤᠲᠤᠭ ᠲᠤ ᠠᠮᠢᠳᠤᠷᠴᠤ ᠪᠠᠢᠵᠠᠢ᠃
ᠬᠢᠲᠠᠳ ᠰᠤᠳᠤᠯᠤᠭᠠᠴᠢᠳ乌洛侯ᠠᠢᠮᠠᠭ ᠢ ᠢ ᠡᠷᠲᠡᠨ ᠣ ᠬᠤᠩᠬᠢᠷᠠᠳ ᠪᠤᠯᠬᠤ ᠮᠠᠭᠠᠳᠯᠠᠯ ᠭᠡᠰᠡᠨ ᠲᠠᠭᠠᠮᠠᠭᠯᠠᠯ ᠳᠡᠪᠰᠢᠬᠦᠯᠡᠭᠰᠡᠨ ᠬᠠᠷᠠᠭᠳᠠᠨ᠎ᠠ᠃
ᠭᠤᠷᠪᠠ
ᠲᠠᠩ ᠤᠯᠤᠰ ᠤᠨ ᠦᠶ᠎ᠡ ᠶᠢᠨ ᠬᠢᠲᠠᠳ ᠲᠡᠥᠬᠡᠨ ᠰᠤᠷᠪᠤᠯᠵᠢ ᠳᠤ ᠭᠠᠷᠬᠤ蒙兀室韦 ︵ᠮᠧᠩ ᠦ᠋ ᠱᠢᠧᠧᠢ︶ᠭᠡᠳᠡᠭ ᠲᠡᠮᠳᠡᠭᠯᠡᠯ ᠠᠴᠠ ᠰᠢᠯᠲᠠᠭᠠᠢᠯᠠᠨ᠂ ᠲᠠᠩ ᠤᠯᠤᠰ ᠠᠴᠠ ᠡᠮᠦᠨ᠎ᠠ ᠭᠡᠵᠤ ᠪᠠᠢᠭ᠎ᠠ ᠦᠬᠡᠢ᠂ ᠲᠡᠢᠮᠦ ᠡᠴᠡ ᠲᠠᠩ ᠤᠯᠤᠰ ᠠᠴᠠ ᠡᠮᠦᠨ᠎ᠠ ᠤᠨ ᠲᠡᠥᠬᠡ ᠭᠡᠵᠤ ᠪᠠᠢᠳᠠᠭ ᠦᠬᠡᠢ ᠬᠡᠮᠡᠨ ᠦᠬᠦᠨ ᠬᠠᠲᠠᠨ ᠬᠡᠯᠡᠳᠡᠭ ᠬᠦᠮᠦᠰ ᠪᠤᠢ᠂ ᠡᠳᠡᠨ ᠢ ᠡᠰᠨ ᠲᠤᠭᠠᠴᠠᠪᠠᠯ᠂ ᠶᠡᠬᠡᠩᠬᠢ ᠬᠦᠮᠦᠰ ᠤᠨ ᠡᠨᠡᠬᠦ ᠲᠤᠳᠤᠷᠬᠠᠢ ᠦᠰᠦᠭ ᠲᠡᠮᠳᠡᠭᠯᠡᠯ ᠡᠴᠡ ᠡᠮᠦᠨ᠎ᠠ᠂ ᠭᠡᠵᠦ ᠬᠡᠨ᠂ ᠬᠠᠮᠢᠭᠠᠭᠤᠷ ᠪᠠᠢᠭᠰᠠᠨ ᠪᠤᠢ ᠭᠡᠰᠡᠨ ᠠᠰᠠᠭᠤᠯᠳ᠋ᠨ ᠪᠠᠢᠪᠠ᠃
蒙兀室韦 ︵ᠮᠧᠩ ᠦ᠋ ᠱᠢᠧᠧᠢ︶ᠠᠢᠮᠠᠭ ᠤᠨ ᠤᠷᠤᠰᠢᠵᠤ ᠪᠠᠢᠭᠰᠠᠨ ᠭᠠᠵᠠᠷ ᠨᠤᠲᠤᠭ ᠤᠨ ᠪᠠᠢᠷᠢᠯᠡᠯ ᠪᠠᠷ ᠵᠢᠱᠢᠶᠡᠯᠡᠪᠡᠯ᠂ ᠲᠠᠩ ᠤᠯᠤᠰ ᠤᠨ ᠦᠶ᠎ᠡ᠂ ᠵᠡᠬᠦᠨ ᠬᠡᠰᠡᠭ᠂ ᠬᠢᠩᠭᠠᠨ ᠠᠭᠤᠯᠨ ᠶᠢᠨ ᠪᠠᠷᠠᠭᠤᠨ᠂ ᠪᠠᠷᠠᠭᠤᠨ ᠬᠤᠢᠭᠤᠷ ᠂ ᠱᠢᠧᠧᠢ ᠬᠡᠮᠡᠭᠰᠡᠨ ᠤᠯᠠᠨ ᠠᠢᠮᠠᠭ ᠤᠳ ᠪᠦᠬᠡᠬᠡᠨᠡᠷᠡᠨ ᠠᠮᠢᠳᠤᠷᠴᠤ ᠪᠠᠢᠭᠰᠠᠨ ᠲᠤᠬᠠᠢ ᠦᠰᠦᠭ ᠲᠡᠮᠳᠡᠭᠯᠡᠯ ᠪᠤᠢ᠂ ᠡᠳᠡᠭᠡᠷ ᠱᠢᠧᠧᠢ ᠠᠢᠮᠠᠭ ᠦᠳ ᠨᠢ ᠠᠷᠪᠠᠨ ᠬᠤᠶᠠᠷ ᠪᠠᠢᠭ᠎ᠠ ᠪᠦᠭᠡᠳ ᠡᠳᠡᠭᠡᠷ ᠠᠷᠪᠠᠨ ᠬᠤᠶᠠᠷ ᠠᠢᠮᠠᠭ ᠤᠨ ᠳᠤᠲᠤᠷ᠎ᠠ᠂ ᠪᠢᠳᠡᠨ ᠣ ᠬᠡᠯᠡᠵᠦ ᠪᠤᠢ蒙兀室韦 ︵ᠮᠧᠩ ᠦ᠋ ᠱᠢᠧᠧᠢ︶ᠠᠢᠮᠠᠭ ᠪᠠᠭᠲᠠᠨ᠎ᠠ᠂ ᠲᠡᠥᠬᠡᠨ ᠰᠤᠷᠪᠤᠯᠵᠢ ᠶᠢ ᠨᠢᠭᠲᠠᠯᠠᠪᠠᠰᠤ蒙兀室韦 ︵ᠮᠧᠩ ᠦ᠋ ᠱᠢᠧᠧᠢ︶ᠭᠡᠳᠡᠭ ᠠᠢᠮᠠᠭ ᠨᠢ ᠶᠡᠬᠡ ᠲᠦᠯᠦᠪ ᠬᠢᠩᠭᠠᠨ ᠠᠭᠤᠯᠨ ᠶᠢᠨ ᠪᠠᠷᠠᠭᠤᠨ ᠬᠤᠢᠭᠤᠷ ᠨᠤᠲᠤᠭᠯᠠᠵᠤ ᠪᠠᠢᠭᠰᠠᠨ ᠲᠦᠯᠦᠪ ᠲᠠᠢ᠃
ᠡᠳᠡᠭᠡᠷ ᠤᠯᠠᠨ ᠱᠢᠧᠧᠢ ᠤᠳ ᠢ ᠲᠡᠥᠬᠡᠨ ᠰᠤᠷᠪᠤᠯᠵᠢ ᠳᠤ ᠰᠢᠶᠠᠨᠪᠢ ᠠᠴᠠ ᠭᠠᠷᠤᠯᠲᠠᠢ ᠬᠡᠳᠡᠭ᠂ ᠰᠢᠶᠠᠨᠪᠢ ᠨᠠᠷ ᠶᠢ ᠳ᠋ᠦᠩᠬᠤ ᠠᠴᠠ ᠭᠠᠷᠤᠯᠲᠠᠢ ᠬᠡᠮᠡᠨ ᠲᠡᠥᠬᠡᠨ ᠰᠤᠷᠪᠤᠯᠵᠢ ᠳᠤ ᠤᠯᠠᠨ ᠳᠠᠬᠢᠨ ᠲᠡᠮᠳᠡᠭᠯᠡᠭᠰᠡᠨ ᠪᠠᠢᠳᠠᠭ᠂ ᠱᠢᠸ᠋ᠸᠢ᠂ ᠰᠢᠶᠠᠨᠪᠢ᠂ ᠳ᠋ᠦᠩᠬᠤ ᠭᠡᠵᠤ ᠪᠦᠬᠦᠳᠡᠭᠡᠷ ᠢᠶᠡᠨ ᠵᠡᠬᠦᠨ ᠪᠦᠰᠨ ᠨᠤᠲᠤᠭ ᠢᠶᠠᠷ ᠨᠤᠲᠤᠭᠯᠠᠵᠤ ᠪᠠᠢᠭᠰᠠᠨ ᠬᠡᠳᠡᠭ ᠢ ᠪᠢᠳ᠋ᠨ ᠮᠡᠳᠡᠨ᠎ᠡ᠃
ᠰᠤᠨᠢᠷᠬᠠᠯᠲᠠᠢ ᠨᠢ ᠡᠨᠡᠬᠦᠷ ᠡᠷᠬᠦᠨ᠎ᠡ ᠬᠡᠳᠡᠭ ᠭᠠᠵᠠᠷ ᠪᠤᠢ᠂ ᠡᠷᠬᠦᠨ᠎ᠡ ᠨᠢ ᠷᠠᠰᠢᠳ᠋ ᠠᠳ᠋ ᠳ᠋ᠢᠨ ᠣ ᠪᠢᠴᠢᠭᠰᠡᠨ︽ᠰᠤᠳᠤᠷ ᠤᠨ ᠴᠢᠭᠤᠯᠭᠠᠨ︾ᠳᠤ ᠭᠠᠷᠬᠤ ᠡᠷᠲᠡᠨ ᠣ ᠮᠤᠩᠭᠤᠯᠴᠤᠳ ᠤᠨ ᠳᠡᠭᠡᠳᠦᠰ ᠂ ᠬᠦᠷᠰᠢ ᠠᠢᠮᠠᠭ ᠤᠭᠰᠠᠭᠠᠨ ᠳᠤ ᠬᠢᠳᠤᠭᠤᠯᠵᠤ ᠂ ᠬᠤᠶᠠᠷ ᠡᠷ᠎ᠡ ᠡᠮ᠎ᠠ ᠡᠷᠬᠦᠨ᠎ᠡ ᠬᠤᠨ ᠬᠡᠮᠡᠬᠦ ᠬᠦᠨ ᠭᠠᠩᠭ᠎ᠠ ᠬᠠᠪᠴᠢᠯ ᠳᠤ ᠨᠢᠭᠤᠭᠳᠠᠭᠰᠠᠨ ᠳᠤᠮᠤᠭ ᠲᠠᠢ ᠬᠤᠯᠪᠤᠭ᠎ᠠ ᠲᠠᠢ ᠪᠤᠯᠵᠤ ᠭᠠᠷᠳᠠᠭ᠃
ᠡᠳᠡᠭᠡᠷ ᠵᠦᠢᠯ ᠡᠴᠡ ᠰᠢᠯᠲᠠᠭᠠᠢᠯᠠᠨ᠂ ᠱᠢᠧᠧᠢ ᠮᠤᠩᠭᠤᠯ᠂ ᠰᠢᠶᠠᠨᠪᠢ᠂ ᠳ᠋ᠦᠩᠬᠤ ᠭᠡᠰᠡᠨ ᠲᠡᠥᠬᠡᠨ ᠰᠤᠷᠪᠤᠯᠵᠢ ᠶᠢᠨ ᠲᠡᠮᠳᠡᠭᠯᠡᠯ ᠬᠠᠪᠰᠤᠷᠭᠠᠭᠠᠳ᠂ ᠨᠢ ᠳ᠋ᠦᠩᠬᠤ ᠠᠴᠠ ᠭᠠᠷᠤᠯᠲᠠᠢ ᠬᠡᠴᠢᠬᠡᠬᠡᠳ᠂ ᠨᠢ ᠾᠦᠩᠨᠦ ᠲᠠᠢ ᠬᠤᠯᠪᠤᠭ᠎ᠠ ᠦᠬᠡᠢ ᠬᠡᠮᠡᠨ ᠦᠵᠡᠳᠡᠭ ᠰᠤᠳᠤᠯᠤᠭᠠᠴᠢᠳ ᠲᠦᠷᠦᠪᠠ᠂ ᠡᠬᠦᠨ ᠳᠦ ᠯᠢᠨ ᠭᠠᠨ᠂ ᠶᠡᠬᠡᠩᠮᠢᠩᠭᠠᠲᠠᠢ ᠢᠷᠢᠨᠴᠢᠨ ᠢ ᠳᠤᠷᠠᠳᠤᠴᠤ ᠪᠤᠯᠤᠨ᠎ᠠ᠃
ᠡᠳᠡᠭᠡᠷ ᠰᠤᠳᠤᠯᠤᠭᠠᠴᠢᠳ ᠨᠢ ᠲᠠᠩ ᠤᠯᠤᠰ ᠤᠨ ᠦᠶ᠎ᠡ ᠶᠢᠨ ᠪᠤᠰᠤᠳ ᠲᠡᠥᠬᠡᠨ ᠰᠤᠷᠪᠤᠯᠵᠢ ᠳᠤ ᠲᠡᠮᠳᠡᠭᠯᠡᠭᠳᠡᠭᠰᠡᠨ ᠬᠡᠯᠡᠲᠠᠢ ᠪᠤᠶᠤ ᠬᠤᠵᠢᠮ ᠤᠨ ᠪᠦᠷᠢᠯᠳᠦᠬᠦᠨ ᠣ ᠨᠢᠬᠡ ᠪᠤᠯᠬᠤ ᠂ ᠪᠤᠷᠢᠶᠠᠳ᠂ ᠦᠬᠡᠯᠡᠳ᠂ ᠪᠠᠶᠠᠳ ᠵᠡᠷᠭᠡ ᠲᠤᠬᠠᠢ ᠮᠡᠳᠡᠭᠡ ᠶᠢ ᠬᠦᠨᠳᠡᠯᠡᠨ ᠡᠴᠡ ᠠᠪᠴᠤ ᠦᠵᠡᠭᠰᠡᠨ ᠦᠬᠡᠢ ᠨᠢ ᠬᠠᠷᠠᠮᠰᠠᠯᠲᠠᠢ ᠪᠠᠢᠭᠰᠠᠨ ᠪᠦᠬᠡᠳ ᠭᠠᠭᠴᠠᠬᠠᠨ蒙兀室韦 ︵ᠮᠧᠩ ᠦ᠋ ᠱᠢᠧᠧᠢ︶ᠭᠡᠳᠡᠭ ᠠᠵᠢᠯᠯᠠᠭᠰᠠᠨ ᠤᠴᠢᠷ ᠠᠴᠠ ᠲᠡᠳᠡᠨ ᠣ ᠦᠵᠡᠯᠳ᠋ᠨ ᠲᠠᠩᠴᠤ ᠪᠤᠯᠤᠭᠰᠠᠨ ᠪᠠᠢᠯ᠎ᠠ᠃
ᠪᠦᠯᠦᠭᠯᠡᠯ︵ᠤᠲᠤᠭ ᠠᠢᠮᠠᠭ︶᠂ ᠲᠠᠩ ᠤᠯᠤᠰ ᠡᠴᠡ ᠡᠮᠦᠨ᠎ᠠ ᠪᠠᠢᠭᠰᠠᠨ ᠬᠡᠳᠡᠭ ᠢ ᠪᠢᠳ᠋ᠨ ᠪᠠᠲᠤᠲᠠᠢ ᠨᠤᠲᠠᠯᠠᠵᠤ ᠴᠢᠳᠠᠨ᠎ᠠ᠂ ᠵᠢᠱᠢᠶᠡᠯᠡᠪᠡᠯ ᠿᠧᠤ ᠷᠠᠨ ᠤᠯᠤᠰ ᠤᠨ ᠠᠷᠪᠠᠨ ᠨᠢᠬᠡᠨ ᠬᠠᠭᠠᠳ ᠤᠨ ᠴᠤᠯᠨ ᠢ ᠬᠢᠲᠠᠳ ᠦᠰᠦᠭ ᠢᠶᠡᠷ ᠭᠠᠯᠢᠭᠴᠢᠯᠠᠭᠰᠠᠨ ᠲᠠᠭᠤᠳᠠᠯᠭ᠎ᠠ᠂ ᠡᠳᠡᠭᠡᠷ ᠬᠠᠭᠠᠳ ᠤᠨ ᠬᠦᠨᠳᠦᠳᠬᠡᠯ ᠴᠤᠯᠨ ᠤᠨ ᠤᠳᠬ᠎ᠠ ᠶᠢ ᠬᠢᠲᠠᠳ ᠬᠡᠯᠨ ᠢᠶᠡᠷ ᠲᠠᠢᠯᠪᠤᠷᠢᠯᠠᠭᠰᠠᠨ ᠢ ᠰᠡᠷᠬᠦᠭᠡᠨ ᠤᠩᠰᠢᠪᠠᠰᠤ᠂ ᠪᠦᠬᠦᠳᠡᠭᠡᠷ ᠢᠶᠡᠨ ᠦᠬᠡ᠂ ᠨᠠᠷᠠ ᠪᠠᠢᠭ᠎ᠠ᠃ ᠾᠦᠩᠨᠦᠴᠤᠳ ᠤᠨ ᠬᠠᠭᠠᠳ᠂ ᠢᠵᠠᠭᠤᠷᠲᠠᠳ ᠤᠨ ᠬᠦᠨᠳᠦᠳᠬᠡᠯ ᠴᠤᠯᠨ ᠵᠡᠷᠭᠡ ᠶᠢ ᠠᠪᠴᠤ ᠦᠵᠡᠪᠠᠰᠤ᠂ ᠮᠦᠨ ᠦᠬᠡ ᠪᠤᠯᠵᠤ ᠪᠠᠢᠨ᠎ᠠ᠃
ᠰᠡᠬᠦᠯ ᠦᠨ ᠦᠶ᠎ᠡ ᠶᠢᠨ ᠮᠣᠯᠧᠺᠤᠯ ᠤᠨ ᠠᠨᠲᠷᠣᠫᠣᠯᠣᠭᠢ ᠤᠨ ᠰᠤᠳᠤᠯᠭᠠᠨ ᠣ ᠳ᠋ᠦᠩ ᠢᠶᠡᠷ ᠪᠤᠯ᠂ ᠾᠦᠩᠨᠦ᠂ ᠳ᠋ᠦᠩᠬᠤ ᠨᠢ ᠪᠦᠬᠦᠳᠡᠭᠡᠷ ᠢᠶᠡᠨ ᠲᠠᠢ ᠰᠠᠯᠤᠰᠢ ᠦᠬᠡᠢ ᠬᠤᠯᠪᠤᠭ᠎ᠠ ᠲᠠᠢ ᠪᠤᠯᠬᠤ ᠶᠢ ᠲᠤᠳᠤᠷᠬᠠᠢᠯᠠᠵᠤ ᠪᠠᠢᠳᠠᠭ᠂ ᠨᠦᠬᠦᠬᠡ ᠲᠠᠯ᠎ᠠ ᠪᠠᠷ ᠭᠡᠨ ᠪᠤᠯᠬᠤ ᠲᠤᠬᠠᠢ ᠠᠰᠠᠭᠤᠳᠠᠯ ᠪᠤᠯ ᠰᠤᠳᠤᠯᠤᠭᠠᠴᠢᠳ ᠤᠨ ᠨᠠᠷᠢᠨ ᠲᠤᠩᠭᠠᠵᠤ ᠪᠤᠳᠤᠬᠤ ᠵᠦᠢᠯ ᠪᠦᠭᠡᠳ ᠭᠡᠳᠡᠭ ᠨᠡᠷ᠎ᠠ ᠶᠢ ᠬᠡᠨ ᠨᠢᠬᠡᠨ ᠳᠦ ᠤᠨᠤᠭᠳᠠᠭᠤᠯᠬᠤ᠂ ᠦᠮᠴᠢᠯᠡᠬᠦᠯᠬᠦ ᠪᠠᠷ ᠠᠰᠠᠭᠤᠳᠠᠯ ᠡᠴᠦᠰᠯᠠᠨ ᠰᠢᠢᠳᠦᠭᠳᠦᠬᠦ ᠦᠬᠡᠢ ᠭᠡᠳᠡᠭ ᠢ ᠮᠡᠳᠡᠬᠦ ᠬᠡᠷᠡᠭᠲᠡᠢ᠃ ᠭᠡᠳᠡᠭ ᠨᠢ ᠨᠢᠬᠡᠨ ᠨᠡᠷ᠎ᠠ ᠲᠡᠳᠦᠢ ᠪᠢᠰᠢ᠂ ᠪᠠᠷᠠᠭᠤᠨᠰᠢ ᠪᠠᠨ ᠠᠯᠲᠠᠢ ᠳᠠᠪᠠᠭᠤᠯᠤᠨ ᠨᠡᠷᠨ ᠵᠢᠷᠭᠠᠬᠤ ᠶᠢ ᠬᠠᠷᠠᠭᠰᠠᠨ᠂ ᠤᠷᠤᠭᠰᠢ ᠪᠠᠨ ᠴᠠᠭᠠᠨ ᠬᠡᠷᠡᠮ ᠬᠦᠷᠲᠡᠯ᠎ᠠ ᠬᠦᠯ ᠢᠶᠡᠨ ᠵᠢᠢᠢᠭᠰᠡᠨ᠂ ᠤᠷᠭᠤᠬᠤ ᠵᠦᠭ ᠤᠨ ᠳᠠᠯᠠᠢ ᠶᠢᠨ ᠳᠠᠪᠠᠯᠭᠠᠨ ᠠᠴᠠ ᠨᠠᠷᠨ ᠰᠤᠭᠤᠷᠠᠬᠤ ᠶᠢ ᠭᠠᠢᠬᠠᠭᠰᠠᠨ᠂ ᠬᠤᠢᠮᠤᠷ ᠪᠠᠢᠭᠠᠯ ᠢᠶᠠᠨ ᠲᠦᠰᠢᠭᠡᠳ ᠬᠤᠷᠮᠤᠢ ᠪᠠᠨ ᠶᠠᠩᠵᠤᠯᠠᠭᠰᠠᠨ ᠠᠵᠠᠢ᠃