

ᠪᠢᠴᠢᠬᠠᠨ ᠰᠤᠷᠭᠠᠯ

2017-04-19 09:53
  259
  0
ᠪᠢᠴᠢᠬᠠᠨ ᠰᠤᠷᠭᠠᠯ
ᠷᠢᠩᠴᠢᠨ  ᠦ ᠴᠤᠶᠢᠨᠤᠮ
ᠲᠣᠩᠭᠠᠵᠥ ᠪᠤᠳᠤ ᠡ ︕ ᠶᠠᠭᠤᠨ ᠳᠤ ᠬᠡᠰᠡᠨ ᠪᠢᠲᠡᠭᠡᠢ
ᠲᠤᠶᠢᠯ ᠤᠨ ᠳ᠋ᠦᠩᠨᠡᠯᠲᠡ ᠬᠢ
ᠲᠤᠰ  ᠲᠤ ᠪᠠᠨ ᠥᠪᠡᠷ ᠢᠶᠡᠨ ᠲᠣᠯᠣᠭᠠᠢ ᠲᠠᠢ ᠶᠢᠨ ᠤᠴᠢᠷ
ᠲᠤᠯᠭᠠᠷᠠᠭᠰᠠᠨ ᠶᠠᠭᠤᠨᠮᠠᠨ  ᠳᠤ ᠰᠡᠭᠥᠯ  ᠳᠦ ᠨᠢ ᠳᠤᠤᠭᠠᠷ
ᠬᠥᠮᠥᠨ ᠦ ᠠᠮᠢᠳᠤᠷᠠᠯ ᠳᠤ ᠴᠢᠬᠤᠯᠠ ᠮᠥᠷᠲᠡᠯ᠎ᠡ ᠪᠡᠨ
ᠬᠡᠤᠬᠡᠳ ᠤᠳ ᠢ ᠬᠡᠯᠡᠳᠡᠭ ᠦᠭᠡᠢ ᠰᠤᠷᠭᠠᠯ ᠬᠡᠵᠥ ᠪᠤᠢ
ᠬᠥᠢ ᠶᠢᠷᠲᠢᠨᠴᠥ ᠳᠦ ᠡᠯᠪᠡᠭ ᠮᠥᠷᠲᠡᠯ᠎ᠡ ᠪᠡᠨ
ᠬᠡᠤᠬᠡᠨ ᠳᠤ ᠬᠡᠯᠡᠳᠡᠭ ᠦᠭᠡᠢ ᠦᠭᠡ  ᠬᠡᠵᠥ ᠴᠦ ᠪᠤᠢ
ᠥᠨᠥ ᠦᠳᠡᠰᠢ ᠭᠤᠯᠤᠭᠰᠠᠨ ᠬᠤᠭᠤᠯᠠ
ᠥᠷᠯᠥᠭᠡ  ᠪᠣᠰᠬᠤ ᠳᠤ ᠡᠷᠳᠡᠨᠢ ᠪᠣᠯᠳᠠᠭ
ᠥᠰᠬᠥ  ᠶᠢᠨ ᠴᠠᠭ ᠬᠠᠶᠢᠬᠤᠷᠬᠤ ᠦᠭᠡᠢ ᠢᠨᠠᠭ
ᠥᠲᠡᠯᠡᠬᠥ ᠶᠢᠨ ᠥᠶ᠎ᠡ ᠳᠦ ᠪᠤᠷᠬᠠᠨ ᠬᠡᠪᠲᠡᠳᠡᠭ
ᠵᠤᠨ ᠴᠠᠭ ᠲᠤ ᠨᠤᠪᠰᠢ ᠪᠤᠯᠤᠭᠰᠠᠨ ᠶᠠᠭᠤᠮ᠎ᠠ
ᠵᠤᠳ ᠲᠠᠢ ᠡᠪᠥᠯ ᠠᠮᠢᠨ ᠳᠤ ᠤᠷᠤᠬᠤ ᠶᠠᠪᠤᠲᠠᠯ ᠪᠤᠢ
ᠬᠤᠲᠠ ᠭᠠᠵᠠᠷ ᠪᠤᠯᠢᠶᠠᠯᠴᠠᠳᠠᠭ ᠵᠥᠢᠯ
ᠬᠤᠯᠠ ᠶᠢᠨ ᠬᠥᠳᠡᠭᠡ  ᠳᠦ ᠬᠣᠭ ᠤᠨ ᠲᠡᠭᠡᠷ᠎ᠡ ᠬᠡᠪᠲᠡᠬᠥ ᠴᠥ ᠪᠤᠢ
ᠬᠠᠳᠠ ᠲᠠᠢ ᠭᠠᠵᠠᠷ ᠬᠠᠳᠣᠭᠣᠷ ᠬᠡᠷᠡᠭ ᠦᠭᠡᠢ
ᠮᠤᠳᠤ ᠲᠠᠢ ᠭᠠᠵᠠᠷ ᠰᠠᠪᠠᠷ ᠬᠡᠷᠡᠭ ᠦᠭᠡᠢ
ᠮᠣᠷᠢ ᠲᠠᠢ ᠬᠥᠮᠥᠨ ᠳᠦ ᠪᠸ᠋ᠩᠽᠡᠨ ᠬᠡᠷᠡᠭ ᠦᠭᠡᠢ
ᠮᠤᠲᠽᠡᠺᠡᠯ ᠲᠠᠢ ᠬᠥᠮᠥᠨ ᠳᠦ ᠲᠠᠰᠢᠭᠤᠷ ᠬᠡᠷᠡᠭ ᠦᠭᠡᠢ
ᠠᠷᠠᠭᠠᠯᠢ ᠶᠢᠨ ᠡᠪᠡᠷ ᠲᠡᠮᠡᠬᠡᠨ ᠳᠤ ᠬᠡᠷᠡᠭ ᠦᠭᠡᠢ
ᠠᠳᠤᠭᠤᠨ ᠤ ᠰᠡᠭᠥᠯ ᠢᠮᠠᠭᠠᠨ ᠳᠤ ᠬᠡᠷᠡᠭ ᠦᠭᠡᠢ
ᠠᠷᠢᠬᠢᠨ ᠤ ᠯᠣᠩᠬᠤ ᠰᠢᠪᠠᠭᠤᠨ ᠳᠤ ᠬᠡᠷᠡᠭ ᠦᠭᠡᠢ
ᠠᠯᠲᠠᠨ ᠪᠥᠬᠡᠵᠢ ᠰᠠᠷᠮᠠᠭᠴᠢᠨ ᠳᠤ ᠬᠡᠷᠡᠭ ᠦᠭᠡᠢ
ᠪᠥᠬᠡ ᠶᠢᠨ ᠬᠡᠷᠡᠭᠰᠡᠯ ᠯᠠᠮᠠ ᠳᠤ ᠭᠠᠢ
ᠪᠥᠬᠡ ᠶᠢᠨ ᠵᠤᠳᠤᠭ ᠡᠬᠡᠨᠠᠷ ᠲᠤ ᠯᠠᠢ
ᠪᠤᠷᠬᠠᠨ ᠲᠠᠬᠢᠯ ᠴᠢᠳᠭᠥᠷ ᠲᠦ ᠳᠠᠷᠣᠭ᠎ᠠ
ᠪᠤᠣ ᠰᠠᠭᠠᠳᠠᠭ ᠴᠠᠭᠠᠪᠠᠨᠴᠠ ᠳᠤ ᠲᠥᠪᠡᠭ
ᠪᠠᠶᠢᠭᠠᠯᠢ ᠪᠤᠯᠤᠭᠠᠳ ᠬᠥᠮᠥᠨ ᠦ  ᠶᠤᠰᠤᠨ ᠳᠦ
ᠪᠠᠶᠢᠬᠤ ᠪᠠᠶᠢᠬᠤ ᠵᠤᠬᠢᠴᠠᠬᠤ ᠵᠤᠬᠢᠴᠠᠯ ᠭᠡᠵᠥ ᠪᠤᠢ
ᠠᠮᠢᠳᠤᠷᠠᠯ ᠪᠤᠯᠤᠭᠠᠳ ᠨᠣᠮ ᠤᠨ ᠶᠤᠰᠤᠨ ᠳᠤ
ᠠᠷᠴᠢᠵᠥ ᠪᠤᠯᠠᠬᠤ ᠦᠭᠡᠢ ᠤᠷᠤᠨ ᠵᠠᠢ ᠬᠡᠵᠥ ᠪᠤᠢ
ᠬᠡᠨ ᠪᠥᠬᠥᠨ ᠪᠠᠯᠴᠢᠷ ᠬᠡᠤᠬᠡᠳ ᠢ ᠥᠬᠦᠭᠡᠷᠳᠡᠪᠡᠴᠥ
ᠬᠡᠭᠡᠷ᠎ᠡ ᠭᠠᠳᠠᠨ᠎ᠠ ᠭᠠᠭᠴᠠᠭᠠᠷ ᠲᠠᠭᠠᠷᠢᠯᠳᠤᠪᠠᠯ ᠠᠶᠤᠵᠥ ᠵᠢᠪᠡᠬᠥᠴᠡᠳᠡᠭ ᠨᠢ ᠵᠥᠢ
ᠬᠡᠪᠲᠡᠵᠥ ᠪᠠᠶᠢᠬᠤ ᠳᠤ ᠪᠡᠨ ᠠᠮᠢᠲᠠᠨ ᠤ ᠶᠠᠰᠤ ᠰᠤᠨᠢᠨ ᠴᠦ
ᠬᠡᠯᠡ ᠳᠤ ᠤᠷᠤᠭᠠᠳ ᠪᠤᠰᠤᠭᠠᠳ ᠢᠷᠡᠪᠡᠯ ᠠᠶᠤᠯ ᠲᠡᠷᠡ
ᠠᠭᠤᠯᠠᠨ ᠳᠤ ᠪᠠᠶᠢᠬᠤ ᠳᠤ  ᠪᠡᠨ ᠮᠤᠳᠤ ᠭᠡᠳᠡᠭ ᠥᠵᠡᠰᠭᠥᠯᠡᠩ ᠲᠠᠢ ᠴᠦ
ᠤᠨᠲᠠᠭᠠᠳ ᠪᠣᠰᠬᠤ ᠳᠤ ᠭᠡᠷ ᠲᠦ ᠤᠷᠭᠤᠴᠢᠬᠠᠭᠰᠠᠨ ᠪᠠᠶᠢᠪᠠᠯ ᠶᠠᠮᠠᠷ ᠪᠤᠢ
ᠣᠰᠣᠨ ᠳᠤ ᠪᠠᠶᠢᠬᠤ ᠳᠤ ᠪᠠᠨ ᠵᠢᠭᠠᠰᠤ ᠭᠡᠳᠡᠭ ᠬᠥᠬᠡᠷᠥᠬᠥᠨ ᠴᠦ
ᠤᠷᠲᠤ ᠶᠢᠨ ᠵᠠᠮ ᠳᠤ ᠰᠥᠨᠢ ᠮᠣᠷᠢ ᠲᠠᠢ ᠵᠢᠭᠠᠰᠤ ᠲᠠᠭᠠᠷᠠᠯᠳᠣᠪᠠᠯ ᠶᠠᠮᠠᠷ ᠪᠤᠢ
ᠤᠷᠤᠨ ᠳᠤ ᠲᠡᠪᠡᠷᠢᠬᠥ ᠳᠦ ᠪᠥᠰᠡᠬᠥᠢ ᠬᠥᠮᠥᠨ ᠲᠠᠭᠠᠯᠠᠮᠵᠢᠲᠠᠢ ᠴᠦ
ᠤᠯᠠᠨ ᠤ ᠭᠠᠵᠠᠷ ᠲᠡᠷᠡ ᠱᠠᠯᠲᠠᠩ ᠬᠠᠷᠠᠭᠳᠠᠪᠠᠯ ᠶᠠᠮᠠᠷ ᠪᠤᠢ
ᠤᠳᠤᠨ ᠮᠡᠴᠢᠳ ᠤᠭᠲᠠᠷᠭᠤᠢ ᠳᠤ ᠪᠠᠨ ᠴᠢᠮᠡᠭ  ᠲᠠᠢ ᠴᠦ
ᠤᠶᠢᠴᠠᠭᠠᠳ ᠢᠷᠡᠪᠡᠯ ᠲᠡᠯᠡᠬᠡᠢ ᠶᠠᠭᠤ ᠪᠣᠯᠬᠤ ᠪᠤᠢ
ᠬᠥᠯ ᠦᠨ ᠤᠶᠢᠮᠤᠰᠤ ᠶᠢ ᠭᠠᠷ ᠲᠤ ᠡᠮᠥᠰᠭᠡᠪᠡᠯ ᠶᠠᠮᠠᠷ ᠪᠤᠢ
ᠬᠥᠬᠥᠬᠡ ᠶᠢᠨ ᠲᠠᠭᠤᠨ ᠢᠶᠠᠷ ᠨᠤᠬᠠᠢ ᠲᠤᠩᠭᠤᠲᠠᠪᠠᠯ ᠶᠠᠮᠠᠷ ᠪᠤᠢ
ᠬᠥᠬᠥᠨ  ᠤ ᠳᠠᠷᠣᠭᠣᠯ   ᠢ ᠨᠢᠳᠥᠨ ᠳᠦ ᠪᠡᠨ ᠵᠡᠬᠥᠪᠡᠯ ᠶᠠᠭᠠᠬᠢᠬᠤ ᠪᠤᠢ
ᠬᠥᠷᠥᠰᠥᠨ ᠤ ᠠᠨᠵᠢᠰᠤ ᠪᠡᠷ᠎ ᠲᠡᠪᠡᠯ ᠡᠰᠬᠡᠪᠡᠯ ᠶᠠᠭᠠᠬᠢᠬᠤ ᠪᠤᠢ
ᠵᠤᠬᠢᠴᠠᠬᠤ ᠦᠭᠡᠢ ᠶᠠᠭᠤᠮ᠎ᠠ ᠶᠢ ᠵᠤᠬᠢᠴᠠᠭᠤᠯᠬᠤ ᠭᠡᠪᠡᠯ
ᠵᠤᠪᠠᠯᠠᠩ ᠪᠤᠯᠠᠬᠤ ᠠᠴᠠ ᠠᠰᠢᠭ ᠪᠤᠯᠠᠬᠤ ᠦᠭᠡᠢ
ᠵᠤᠬᠢᠴᠠᠬᠤ ᠶᠤᠰᠤ ᠪᠠᠶᠢᠬᠤ ᠳᠤ ᠲᠤᠲᠤᠷ᠎ᠠ ᠪᠡᠨ᠎ ᠪᠠᠰᠠ
ᠵᠤᠷᠢᠭᠤᠳᠠ ᠲᠠᠭᠠᠷᠠᠭᠤᠯᠤᠭᠰᠠᠨ ᠥᠪᠡᠷ ᠦᠨ ᠴᠠᠭ ᠲᠠᠢ
ᠦᠯᠢᠬᠷᠯᠡᠪᠡᠰᠥ ᠥᠷᠯᠥᠬᠡ ᠭᠠᠯᠯᠠᠬᠤ ᠡᠬᠡᠨᠠᠷ
ᠦᠳᠡ ᠥᠩᠭᠡᠷᠡᠭᠡᠳ ᠪᠣᠰᠪᠠᠯ ᠬᠡᠷᠡᠭ ᠶᠠᠭᠤᠨ
ᠦᠶᠡᠷᠬᠡᠵᠥ ᠶᠠᠪᠤᠭᠰᠠᠨ ᠨᠥᠬᠥᠷ  ᠲᠦ  ᠪᠡᠨ ᠲᠤᠰᠠᠯᠠᠬᠤ ᠲᠤᠰᠠ ᠪᠠᠨ
ᠦᠬᠥᠭᠰᠡᠨ ᠬᠤᠶᠢᠨ᠎ᠠ ᠰᠠᠨᠠᠪᠠᠯ ᠲᠤᠰᠠ ᠶᠠᠭᠤᠨ
ᠥᠶᠡᠯᠵᠡᠬᠥᠷ ᠵᠠᠯᠠᠭᠤ  ᠳᠤ ᠭᠤᠶᠤᠯᠠᠵᠥ ᠶᠠᠪᠤᠭᠰᠠᠨ ᠭᠤᠶᠤ
ᠥᠰᠥ ᠪᠠᠨ ᠪᠤᠭᠤᠷᠣᠯᠲᠠᠬᠤ ᠳᠤ ᠢᠨᠢᠶᠡᠳᠥᠮ ᠲᠡᠳᠥᠢ
ᠦᠢᠮᠡᠬᠡᠨ ᠦ ᠵᠢᠯ ᠲᠥᠮᠡᠨ ᠢ ᠠᠪᠤᠷᠠᠭᠰᠠᠨ ᠵᠡᠪᠰᠡᠭ
ᠦᠶ᠎ᠡ ᠨᠢ ᠥᠩᠭᠡᠷᠡᠬᠥ ᠳᠦ ᠲᠡᠤᠬᠡ ᠶᠢᠨ ᠲᠤᠷᠠᠰᠬᠠᠯ ᠲᠠᠲᠤᠢ
ᠤᠴᠢᠷ ᠡᠶᠢᠮᠥ ᠡᠴᠡ ᠠᠮᠢᠲᠥ ᠰᠡᠷᠡᠭᠥᠨ ᠴᠠᠭ ᠳᠤ ᠪᠠᠨ
ᠤᠷᠢᠲᠠ ᠬᠤᠶᠢᠴᠢ ᠶᠢ ᠪᠤᠳᠤᠵᠥ ᠶᠠᠭᠤᠮ᠎ᠠ ᠪᠥᠬᠥᠨ ᠢᠶᠡᠨ ᠵᠤᠬᠢᠴᠠᠭᠤᠯ
ᠤᠯᠤᠰ ᠠᠮᠢᠲᠠᠨ ᠤ ᠶᠤᠰᠤ ᠭᠤᠷᠢᠮ ᠶᠢ ᠲᠠᠭᠠᠵᠥ
ᠤᠯᠠ ᠰᠠᠭᠤᠷᠢ ᠲᠠᠢ ᠵᠥᠢ ᠲᠤᠲᠤᠷ᠎ᠠ  ᠪᠠᠨ ᠶᠠᠪᠤ
ᠪᠤᠰᠤᠳ ᠢ ᠬᠡᠯᠡᠬᠥ ᠡᠴᠡ ᠥᠪᠡᠷ ᠶᠢ ᠪᠡᠨ ᠤᠷᠢᠲᠠᠵᠥ ᠰᠢᠨᠵᠢᠯᠡ
ᠪᠤᠷᠤᠭᠤ ᠵᠥᠪ ᠬᠤᠶᠠᠷ  ᠢᠶᠠᠨ ᠡᠷᠳᠡᠮᠲᠤ ᠬᠥᠮᠥᠨ ᠡᠴᠡ ᠠᠰᠠᠭᠤ
ᠴᠠᠭ ᠤᠨ ᠶᠠᠭᠤᠮ᠎ᠠ  ᠶᠢ ᠴᠠᠭ  ᠲᠤ ᠨᠢ ᠠᠯᠳᠠᠯ ᠦᠭᠡᠢ ᠬᠡᠷᠡᠭᠯᠡ
ᠴᠠᠭ ᠠᠴᠠ ᠨᠢ ᠤᠷᠢᠳᠠᠵᠥ ᠡᠯᠳᠡᠪ ᠲᠠᠢ ᠪᠢᠲᠡᠭᠡᠢ ᠰᠦᠢᠳ ᠡ︕ 



  
     
     