137563
2014-10-29 17:13
345
8
ᠡᠴᠢᠭᠡ ᠤᠯᠠᠮᠵᠢᠯᠠᠨ ᠦᠯᠡᠲᠡᠭᠡᠭᠰᠡᠨ
ᠤᠨᠤᠭᠠᠨ ᠪᠠᠭ᠎ᠠ ᠶᠢᠨ ᠵᠢᠶᠠᠭᠠᠲᠠᠢ ᠨᠤᠲᠤᠭ ᠮᠢᠨᠢ
ᠡᠯᠡᠰᠦ ᠮᠠᠩᠬ᠎ᠠ ᠠᠭᠤᠲᠠᠮ ᠳᠠᠭᠠᠨ
ᠨᠠᠭᠠᠳᠴᠦ ᠥᠰᠦᠭᠰᠡᠨ ᠨᠤᠲᠤᠭ ᠮᠢᠨᠢ
ᠡᠵᠢ ᠪᠡᠨ ᠲᠠᠭᠠᠭᠠᠳ ᠠᠷᠭᠠᠯ
ᠲᠡᠷᠡᠰᠦ ᠬᠠᠷᠭᠠᠨ᠎ᠠ ᠵᠡᠭᠡᠷᠭᠡᠨ᠎ᠡ ᠲᠠᠢ ᠨᠤᠲᠤᠭ ᠮᠢᠨᠢ
ᠡᠪᠡᠰᠦ ᠪᠡᠨ ᠬᠠᠲᠤᠵᠤ
ᠬᠠᠶᠢᠯᠠᠰᠤ ᠬᠠᠶᠢᠷᠠᠭ ᠤᠲᠠ ᠲᠠᠢ ᠨᠤᠲᠤᠭ ᠮᠢᠨᠢ
ᠲᠡᠭᠡᠲᠦ ᠲᠡᠭᠷᠢ ᠡᠴᠡ
ᠲᠡᠭᠵᠢᠷᠡᠵᠦ ᠥᠭᠡᠲᠡᠯᠡᠭᠰᠡᠨ ᠨᠤᠲᠤᠭ ᠮᠢᠨᠢ
ᠲᠡᠯᠡᠬᠡᠢ ᠲᠠᠬᠢᠨ
ᠤᠬᠠᠭᠠᠨᠲᠤ ᠮᠠᠨᠲᠤᠭᠰᠠᠨ ᠨᠤᠲᠤᠭ ᠮᠢᠨᠢ
ᠤᠯᠠᠮᠵᠢᠯᠠᠯᠲᠤ ᠰᠤᠶᠤᠯ
ᠲᠡᠭᠡᠵᠢᠯᠡᠬᠦ ᠰᠠᠴᠤᠯᠢ ᠪᠠᠨ ᠰᠡᠷᠵᠢᠮᠯᠡᠲᠡᠭ ᠨᠤᠲᠤᠭ ᠮᠢᠨᠢ
ᠲᠡᠯᠭᠡᠷᠡᠵᠦ ᠥᠭᠡᠲᠡᠯᠡᠬᠦ ᠲᠠᠶᠢᠪᠤᠭᠤ ᠠᠮᠢᠲᠤᠷᠠᠯ ᠲᠠᠢ
ᠲᠡᠯᠡᠬᠡᠢ ᠨᠤᠲᠤᠭ ᠮᠢᠨᠢ
ᠨᠠᠮᠤᠷ ᠤᠨ ᠪᠤᠴᠠᠬᠤ ᠭᠠᠯᠠᠭᠤᠨ ᠰᠥᠷᠦᠭ ᠦᠳ
ᠡᠷᠭᠢᠯᠲᠦᠭᠡᠳ ᠭᠠᠩᠬᠢᠨᠠᠵᠦ ᠬᠤᠷᠭᠤᠲᠤᠲᠠᠭ ᠨᠤᠲᠤᠭ ᠮᠢᠨᠢ
ᠨᠠᠷᠠᠨ ᠤ ᠱᠢᠵᠢᠷᠲᠦᠬᠦ ᠱᠢᠷᠭᠠᠯ ᠲᠤᠶᠠᠭ᠎ᠠ ᠳ᠋ᠤᠨᠢ
ᠵᠢᠷᠤᠭ ᠭᠤᠶᠤ ᠰᠠᠶᠢᠬᠠᠨ ᠨᠤᠲᠤᠭ ᠮᠢᠨᠢ
ᠨᠠᠭᠠᠲᠤᠮ ᠨᠠᠶᠢᠷ ᠵᠤᠭᠠᠴᠢᠯ ᠤᠨ ᠦᠢᠯᠡᠰ ᠢᠶᠡᠷ
ᠨᠠᠷᠭᠢᠶᠠᠨ ᠨᠤᠲᠤᠭ ᠮᠢᠨᠢ
ᠨᠠᠰᠤᠨ ᠳᠠᠭᠠᠨ ᠠᠮᠢᠲᠤᠷᠠᠵᠤ ᠤᠷᠤᠰᠢᠨ ᠰᠠᠭᠤᠬᠤ
ᠮᠥᠩᠬᠡ ᠵᠢᠷᠭᠠᠯᠠᠩᠲᠤ ᠦᠯᠵᠢᠲᠡᠢ ᠨᠤᠲᠤᠭ ᠮᠢᠨᠢ
ᠲᠠᠩᠰᠤᠭ ᠲᠠᠯ᠎ᠠ ᠶᠢᠨ ᠵᠤᠤ ᠪᠠᠷ ᠢᠶᠠᠨ
ᠲᠠᠭᠠᠨ᠎ᠠ ᠮᠠᠩᠭᠢᠷ ᠤᠨ ᠦᠨᠦᠷ ᠲᠠᠢ ᠨᠤᠲᠤᠭ ᠮᠢᠨᠢ
ᠲᠠᠪᠤᠨ ᠬᠤᠰᠢᠭᠤ ᠦᠷᠵᠢᠯᠲᠦ ᠰᠥᠷᠦᠭ ᠢᠶᠡᠷ ᠢᠶᠡᠨ
ᠲᠠᠯ᠎ᠠ ᠢᠶᠠᠷ ᠪᠡᠯᠴᠢᠭᠡᠳ ᠲᠦᠭᠦᠷᠡᠩ ᠨᠤᠲᠤᠭ ᠮᠢᠨᠢ
ᠲᠠᠨᠠᠨ ᠴᠠᠭᠠᠬᠠᠨ ᠭᠡᠷ ᠤᠳ ᠨᠢ ᠴᠠᠶᠢᠯᠵᠠᠭᠠᠳ
ᠲᠠᠷᠠᠭ ᠴᠡᠭᠡ ᠤᠨ ᠦᠨᠦᠷ ᠠᠩᠬᠢᠯᠤᠮ᠎ᠠ ᠨᠤᠲᠤᠭ ᠮᠢᠨᠢ
ᠲᠠᠯ᠎ᠠ ᠶᠢᠨ ᠴᠤᠤᠷᠢᠶᠠᠲᠠᠢ ᠪᠠᠨ ᠬᠠᠩᠬᠢᠨᠠᠭᠠᠳ ᠪᠠᠶᠢᠲᠠᠭ
ᠲᠠᠷᠬᠠᠨ ᠲᠠᠭᠤᠴᠢᠳ ᠤᠨ ᠠᠯᠲᠠᠷ ᠮᠠᠨᠲᠤᠭᠰᠠᠨ ᠨᠤᠲᠤᠭ ᠮᠢᠨᠢ
ᠪᠤᠮᠪᠤᠭᠠᠷ ᠬᠤᠸᠠ ᠵᠢᠷᠤᠭ ᠲᠠᠢ
ᠪᠠᠶᠢᠭᠠᠯᠢ ᠬᠡᠰᠢᠭᠲᠡᠢ ᠨᠤᠲᠤᠭ ᠮᠢᠨᠢ
ᠪᠤᠲᠠᠩ ᠮᠠᠨᠠᠨ ᠨᠢ ᠠᠭᠤᠯᠠ ᠲᠠᠢ ᠪᠠᠨ ᠵᠠᠯᠭᠠᠯᠲᠤᠭᠰᠠᠨ
ᠪᠤᠮ ᠤᠨ ᠤᠷᠤᠨ ᠰᠢᠭ᠋ ᠦᠵᠡᠰᠭᠦᠯᠡᠩ ᠨᠤᠲᠤᠭ ᠮᠢᠨᠢ
ᠪᠤᠭᠤᠷᠤᠯ ᠲᠡᠭᠡᠲᠦᠰ ᠦᠨ ᠲᠡᠦᠬᠡ ᠨᠠᠮᠲᠠᠷ ᠲᠠᠢ
ᠪᠤᠰᠤᠭ᠎ᠠ ᠬᠡᠢ ᠮᠤᠷᠢᠲᠠᠢ ᠲᠤᠮᠤᠭᠲᠤ ᠨᠤᠲᠤᠭ ᠮᠢᠨᠢ
ᠪᠤᠯᠠᠭ ᠤᠨᠲᠤᠷᠠᠵᠤ ᠭᠤᠤᠯ ᠮᠦᠷᠡᠨ ᠨᠢ ᠤᠭᠠᠯᠵᠢᠯᠠᠭᠰᠠᠨ
ᠪᠤᠶᠠᠨ ᠤ ᠲᠠᠢ ᠢᠪᠡᠭᠡᠯᠲᠠᠢ ᠨᠤᠲᠤᠭ ᠮᠢᠨᠢ
ᠬᠤᠶᠠᠷᠬᠠᠨ ᠤᠲᠠᠰᠤᠲᠤ ᠮᠤᠷᠢᠨ ᠬᠤᠭᠤᠷ
ᠬᠤᠷᠸ᠎ᠠ ᠨᠤᠲᠤᠭ ᠮᠢᠨᠢ
ᠬᠤᠭᠤᠷ ᠴᠤᠤᠷ ᠤᠷᠲᠤ ᠶᠢᠨ
ᠬᠤᠷᠸ᠎ᠠ ᠨᠤᠲᠤᠭ ᠮᠢᠨᠢ
ᠬᠤᠪᠤᠷ ᠴᠤᠬᠠᠭ ᠠᠭᠤᠷᠬᠠᠢ ᠡᠳ᠋ ᠡᠷᠲᠡᠨᠢᠰ ᠲᠠᠢ
ᠨᠤᠲᠤᠭ ᠮᠢᠨᠢ
ᠬᠤᠯᠠ ᠠᠴᠠ ᠬᠥᠯᠦᠷᠡᠬᠦ ᠠᠭᠤᠯᠠ ᠨᠢᠷᠤᠭᠤᠳ ᠳᠠᠭᠠᠨ
ᠬᠤᠪᠢᠯᠭᠠᠨ ᠰᠢᠲᠦᠭᠡᠨ ᠤᠪᠤᠭ᠎ᠠ ᠲᠠᠬᠢᠯᠭ᠎ᠠ ᠲᠠᠢ ᠨᠤᠲᠤᠭ ᠮᠢᠨᠢ
ᠵᠦᠯᠡᠭᠡᠨ ᠨᠤᠭᠤᠭᠠᠨ ᠲᠤᠷᠭᠠᠨ ᠭᠤᠪᠢ ᠳᠠᠭᠠᠨ
ᠴᠡᠴᠡᠭ ᠬᠤᠸᠠᠷ ᠮᠥᠰᠢᠶᠡᠵᠦ ᠲᠡᠯᠭᠡᠷᠡᠭᠰᠡᠨ ᠨᠤᠲᠤᠭ ᠮᠢᠨᠢ
ᠵᠢᠰᠦ ᠪᠡᠨ ᠲᠤᠯᠢᠲᠠᠮᠠᠷ ᠰᠠᠶᠢᠬᠠᠨ ᠨᠠᠭᠤᠷ ᠳᠠᠭᠠᠨ
ᠵᠢᠭᠠᠰᠤ ᠵᠠᠷᠬᠠᠢ ᠭᠠᠯᠠᠭᠤᠳ ᠰᠢᠪᠠᠭᠤᠳ ᠲᠠᠢ ᠨᠤᠲᠤᠭ ᠮᠢᠨᠢ
ᠵᠡᠭᠦᠲᠦᠨ ᠬᠤᠨᠤᠭᠰᠢᠬᠤ ᠲᠥᠬᠦᠮ ᠴᠦᠯᠢ ᠳᠡᠬᠡᠨ
ᠨᠤᠲᠤᠭ ᠮᠢᠨᠢ
ᠡᠷᠭᠢᠨ ᠬᠠᠷᠠᠭᠠᠳ ᠬᠠᠨᠤᠰᠢ ᠦᠭᠡᠢ
ᠡᠯᠢᠭᠡ ᠡᠴᠡ ᠨᠤᠲᠤᠭ ᠮᠢᠨᠢ
ᠡᠵᠡᠨ ᠴᠢᠩᠭᠡᠰ ᠦᠨ ᠠᠯᠲᠠᠷ ᠭᠠᠪᠢᠶ᠎ᠠ ᠶᠢ
ᠦᠶ᠎ᠡ ᠨᠤᠲᠤᠭ ᠮᠢᠨᠢ
ᠡᠷᠬᠡ ᠵᠢᠷᠭᠠᠯᠠᠩᠲᠤ ᠠᠮᠢᠲᠤᠷᠠᠯ ᠭᠤᠯᠤᠮᠲᠠ ᠢᠶᠡᠨ
ᠥᠭᠡᠲᠡ ᠲᠠᠢ ᠥᠯᠵᠢᠲᠡᠢ ᠨᠤᠲᠤᠭ ᠮᠢᠨᠢ
ᠡᠨᠡ ᠨᠠᠰᠤᠨ ᠳᠠᠭᠠᠨ ᠪᠠᠬᠠᠷᠠᠭᠠᠳ
ᠡᠯᠢᠭᠡ ᠪᠥᠲᠦᠨ ᠥᠯᠵᠢᠲᠠᠢ ᠵᠢᠷᠭᠠᠬᠤ ᠢᠷᠦᠭᠡᠯᠲᠠᠢ ᠨᠤᠲᠤᠭ ᠮᠢᠨᠢ
2014-11-30
ᠡᠷᠬᠢᠮ ᠲᠠᠨ ᠤ ᠭᠡᠷᠡᠯᠲᠦᠭᠢᠯᠡᠨ ᠬᠢᠨᠠᠵᠦ ᠤᠷᠮ᠎ᠠ ᠬᠠᠶᠢᠷᠠᠯᠠᠭᠰᠠᠨ ᠴᠢᠨᠢ ᠪᠠᠶᠠᠷᠯᠠᠭᠰᠠᠨ ᠰᠢᠦ
2014-11-29
2014-11-01
ᠺᠤᠮᠫᠢᠲᠠᠷ ᠤᠨ ᠤᠴᠢᠷ ᠪᠠᠶᠢᠬ᠎ᠠ ᠂ ᠲᠠᠨ ᠤ ᠲᠠᠭᠠᠯᠠᠨ ᠪᠤᠯᠭᠠᠭᠰᠠᠨ ᠳᠤ ᠪᠠᠶᠠᠷᠯᠠᠯ᠎ᠠ ᠃
2014-10-31
2014-10-31
2014-10-31
2014-10-30
ᠺᠤᠮᠫᠢᠲᠡᠷ ᠤᠨ ᠤᠴᠢᠷ ᠪᠠᠶᠢᠬ᠎ᠠ
ᠲᠠᠨ ᠳᠤ ᠲᠠᠯᠠᠷᠬᠠᠯ᠎ᠠ ᠃
2014-10-30