

   

2021-05-25 19:04
  169
  0
    
   ᠲᠡᠷᠡ ᠮᠠᠨᠢ ᠪᠣᠳᠣᠨ ᠪᠣᠳᠣᠨ ᠪᠣᠭᠰᠢᠵᠤ᠂ ᠰᠡᠳᠬᠢᠨ ᠰᠡᠳᠬᠢᠨ ᠰᠢᠨᠤᠯᠤᠭᠰᠠᠭᠠᠷ ᠡᠮᠦᠨ᠎ᠡ ᠪᠡᠨ ᠳᠡᠯᠭᠡᠭᠡᠲᠡᠢ ᠰᠡᠳᠬᠦᠯ  ᠢ ᠦᠴᠦᠬᠡᠨ ᠴᠤ ᠡᠷᠡᠭᠡᠯᠵᠡᠯ ᠦᠭᠡᠢ ᠰᠢᠷᠪᠢᠨ ᠰᠢᠷᠪᠢᠨ ᠰᠢᠨᠵᠢᠯᠡᠵᠦ᠂ ᠡᠤᠷᠪᠠᠭᠤᠯᠤᠨ ᠤᠷᠪᠠᠭᠤᠯᠤᠨ ᠤᠴᠠᠷᠯᠠᠭᠰᠠᠭᠠᠷ ᠠᠮᠲᠠ ᠨᠢ ᠵᠠᠪᠠᠭᠠᠷᠠᠭᠰᠠᠨ ᠶᠠᠭᠤᠮ᠎ᠠ ᠣᠯᠵᠤ ᠠᠮᠲᠠᠯᠠᠭᠰᠠᠨ ᠶᠤᠮ ᠰᠢᠭ᠋ ᠶᠠᠭ ᠦᠵᠡᠰᠢ ᠦᠭᠡᠢ ᠬᠡᠪ  ᠲᠥᠷᠬᠦ ᠪᠡᠷ ᠤᠷᠤᠭᠤᠯ ᠠᠮᠠ  ᠪᠡᠨ ᠶᠠᠷᠪᠢᠰᠬᠢᠵᠦ᠂ ᠦᠯᠦ ᠲᠣᠭᠤᠮᠰᠠᠷᠯᠠᠭᠰᠠᠨ ᠪᠠᠶᠢᠳᠠᠯ  ᠲᠠᠢ ᠥᠪᠡᠷ  ᠤᠨ ᠡᠷᠬᠡ ᠪᠡᠷ ᠰᠠᠨᠠᠭᠠᠨ ᠤ ᠠᠶ᠎ᠠ ᠪᠡᠷ ᠦᠵᠡᠯ ᠪᠣᠳᠣᠯ ᠢᠶᠡᠨ ᠳᠡᠯᠭᠡᠵᠦ ᠡᠬᠢᠯᠡᠨ ᠪᠢᠯᠡ᠃ 
  — ᠡᠰᠢ ᠭᠡᠮ᠂ ᠶᠠᠮᠠᠷ ᠶᠠᠮᠪᠠᠲᠠᠳ ᠤᠨ ᠪᠦᠲᠦᠭᠡᠯ ᠨᠢ ᠡᠶᠢᠮᠦ ᠠᠵᠠ ᠲᠠᠢ ᠪᠠᠶᠢᠭᠠᠳ ᠪᠠᠶᠢᠳᠠᠭ ᠪᠣᠢ᠃ ᠶᠠᠯᠢ ᠴᠦ ᠦᠭᠡᠢ ᠱᠥᠯᠥ ᠴᠦ ᠦᠭᠡᠢ ᠬᠠᠪᠤᠷ ᠤᠨ ᠡᠷᠭᠦᠳᠡᠭ  ᠪᠠᠶᠢᠲᠠᠯ᠎ᠠ ᠪᠡᠨ ᠶᠠᠭᠠᠬᠢᠬᠤ ᠳ᠋ᠦ ᠪᠡᠨ ᠢᠩᠬᠢᠭᠡᠳ ᠰᠡᠳᠬᠦᠯ ᠤᠨ ᠪᠣᠯᠣᠩ ᠳ᠋ᠦ ᠭᠠᠵᠠᠷ ᠡᠳ᠋ᠯᠡᠭᠡᠳ ᠥᠭᠡᠬᠦ ᠴᠦ ᠪᠢᠰᠢ ᠪᠤᠯᠴᠢᠷᠬᠠᠢ ᠴᠤ ᠪᠢᠰᠢ ᠶᠠᠭᠤᠮ᠎ᠠ ᠦᠵᠡᠭᠳᠡᠵᠦ ᠬᠠᠷᠠᠭᠳᠠᠭᠠᠳ ᠪᠠᠶᠢᠳᠠᠭ ᠶᠤᠮ᠃ 
 ᠲᠡᠷᠡ ᠢᠩᠬᠢᠵᠦ ᠳᠤᠷᠠᠮᠵᠢᠬᠠᠨ ᠥᠴᠢᠭᠡᠳ ᠰᠡᠳᠬᠦᠯ ᠳ᠋ᠦ ᠢᠯᠡᠭᠡᠭᠡᠳ ᠰᠤᠷᠠᠭ ᠠᠯᠳᠠᠭᠰᠠᠨ ᠵᠣᠬᠢᠶᠠᠯ ᠤᠨ ᠡᠬᠡ  ᠢᠶᠡᠨ ᠺᠣᠮᠫᠢᠦ᠋ᠲ᠋ᠧᠷ ᠡᠴᠡ ᠪᠡᠨ ᠳᠡᠯᠭᠡᠵᠦ ᠦᠵᠡᠭᠡᠳ《 ᠬᠠᠷᠢᠴᠠᠭᠤᠯᠤᠭᠰᠠᠨ ᠤᠳᠬ᠎ᠠ ᠵᠣᠬᠢᠶᠠᠯ》 ᠰᠤᠳᠤᠯᠵᠤ ᠪᠠᠢᠢᠭ᠎ᠠ ᠭᠡᠮᠡᠷ ᠥᠪᠡᠷ ᠤᠨ ᠪᠦᠲᠦᠭᠡᠯ ᠢᠶᠡᠨ ᠥᠷᠥᠭᠡᠯ ᠤᠨ ᠪᠦᠲᠦᠭᠡᠯ ᠲᠠᠢ ᠠᠳᠠᠯᠢᠳᠬᠠᠨ ᠠᠳᠠᠯᠢᠳᠬᠠᠨ ᠨᠠᠷᠢᠪᠴᠢᠯᠠᠭᠰᠠᠭᠠᠷ ᠶᠠᠮᠠᠷ ᠨᠢᠭᠡᠨ ᠰᠡᠵᠢᠭ ᠳᠠᠭᠠᠪᠦᠷᠢ ᠡᠭᠦᠰᠦᠭᠰᠡᠨ ᠪᠣᠯᠣᠯᠲᠠᠢ ᠲᠡᠨᠢᠭᠦᠬᠡᠨ ᠪᠠᠶᠢᠭᠰᠠᠨ ᠬᠠᠴᠠᠷ ᠨᠢ ᠠᠭᠱᠠᠨ ᠵᠠᠭᠤᠷ᠎ᠠ ᠬᠠᠪᠰᠠᠷᠭᠠᠨ ᠶᠡᠬᠡᠲᠡᠢ ᠬᠠᠪᠤᠷ ᠤᠨ ᠲᠡᠭᠷᠢ   ᠬᠤᠪᠢᠰᠤᠭᠠᠳ ᠠᠬᠢᠭᠠᠳ ᠯᠡ ᠥᠷᠥᠴᠡᠨ ᠴᠡᠭᠡᠵᠢᠨ ᠳ᠋ᠦ ᠪᠡᠨ ᠦᠷᠪᠢᠰᠦᠭᠰᠡᠨ ᠦᠭᠡ ᠪᠡᠨ ᠥᠴᠢᠨ ᠪᠢᠯᠡ᠃ 
  ᠡᠳᠡ ᠴᠢᠨᠢ ᠦᠨᠡᠬᠡᠷ ᠡᠷᠭᠢᠭᠦᠳᠡᠬᠦ ᠶᠢᠨ ᠲᠤᠶᠢᠯ ᠳ᠋ᠦ ᠲᠤᠯᠵᠤ ᠪᠠᠶᠢᠨ᠎ᠠ᠂ ᠭᠠᠯᠵᠠᠭᠤᠷᠠᠬᠤ ᠡᠴᠡ ᠭᠠᠭᠴᠠ ᠬᠤᠷᠤᠭᠤ ᠳᠤᠲᠠᠵᠤ ᠪᠠᠶᠢᠬᠤ ᠰᠢᠭ᠋᠃ ᠦᠵᠡᠬᠦ ᠦᠭᠡᠢ ᠦᠦ᠂ ᠥᠴᠦᠬᠡᠨ ᠴᠦ ᠡᠷᠡᠭᠡᠯᠵᠡᠬᠦ ᠰᠡᠳᠬᠢᠯ ᠣᠷᠣᠯ ᠦᠭᠡᠢ ᠡᠷᠡᠮᠳᠡᠭ ᠵᠡᠷᠡᠮᠳᠡᠭ ᠪᠦᠲᠦᠭᠡᠯ ᠢ ᠪᠠᠰᠠ ᠡᠶᠢᠮᠦ ᠰᠠᠶᠢᠬᠠᠨ ᠰᠡᠳᠬᠦᠯ ᠳ᠋ᠦ ᠪᠡᠨ  ᠨᠡᠢᠲᠡᠯᠡᠬᠦ ᠭᠡᠳᠡᠭ ᠴᠢᠨᠢ ᠭᠡᠭᠡᠨ ᠡᠳᠦᠷ ᠭᠡᠷᠡᠯᠲᠦ ᠨᠠᠷᠠᠨ ᠤ ᠳᠣᠣᠷ᠎ᠠ  ᠲᠥᠷᠬᠦ ᠲᠠᠢ ᠬᠦᠵᠦᠭᠦᠦ ᠲᠣᠯᠣᠭᠠᠢ ᠲᠠᠢ ᠨᠠᠢᠷᠠᠭᠤᠯᠤᠭᠴᠢ ᠬᠥᠮᠥᠨ ᠤ ᠬᠢᠳᠡᠭ ᠠᠵᠢᠯ ᠪᠢᠰᠢ ᠳ᠋ᠡ  ᠣᠯᠠᠨ ᠤ ᠨᠢᠳᠦ ᠣᠳᠣ ᠲᠠᠢ ᠶᠢ ᠮᠡᠳᠡᠵᠦ ᠪᠠᠶᠢᠭᠠᠳ ᠲᠡᠳᠡ ᠶᠠᠭᠤᠨ ᠳ᠋ᠦ ᠢᠩᠭᠢᠵᠦ ᠦᠢᠯᠡᠳᠳᠡᠭ ᠪᠣᠢ᠂ ᠰᠣᠨᠢᠨ ᠡ ᠰᠣᠨᠢᠨ  ᠨᠢᠭᠤᠴᠠ ᠨᠢ ᠴᠣᠬᠣᠮ ᠬᠠᠮᠢᠭ᠎ᠠ ᠪᠡᠨ ᠪᠠᠶᠢᠳᠠᠭ ᠪᠣᠯ  ᠭᠡᠬᠦᠴᠢᠯᠡᠨ ᠣᠯᠢᠭᠤ ᠰᠣᠯᠢᠭᠤᠬᠠᠨ ᠶᠠᠭᠤᠮ᠎ᠠ ᠠᠮᠠᠨ ᠳ᠋ᠦ ᠪᠡᠨ ᠰᠢᠪᠡᠷᠡᠴᠢᠬᠡᠭᠡᠳ ᠮᠢᠨᠦ ᠪᠦᠲᠦᠭᠡᠯ ᠢ ᠪᠣᠳᠣᠪᠠᠯ ᠰᠡᠳᠬᠦᠯ ᠳ᠋ᠦ ᠨᠡᠢᠲᠡᠯᠡᠭᠳᠡᠭᠰᠡᠨ ᠡᠳᠡᠭᠡᠷ ᠵᠣᠬᠢᠶᠠᠯ ᠦᠳ ᠴᠢᠨᠢ ᠶᠣᠰᠤᠲᠠᠢ ᠯᠠ ᠤᠰᠤᠨ ᠵᠢᠷᠣᠭ᠎ᠠ ᠮᠣᠷᠢᠨ ᠤ ᠳᠡᠷᠭᠡᠳᠡ ᠲᠦᠩᠰᠢᠶ᠎ᠡ ᠡᠯᠵᠢᠭᠡ ᠲᠦᠩᠰᠢᠭᠦᠯᠦᠭᠰᠡᠨ ᠲᠡᠳᠦᠢ ᠯᠡ ᠶᠠᠭᠤᠮᠠᠰ᠂ ᠶᠠᠭᠠᠬᠢᠬᠤ ᠳ᠋ᠦ ᠪᠡᠨ ᠮᠢᠨᠤ ᠪᠦᠲᠦᠭᠡᠯ ᠰᠡᠳᠬᠦᠯ ᠳ᠋ᠦ ᠨᠡᠢᠲᠡᠯᠡᠭᠳᠡᠬᠦ ᠦᠭᠡᠢ ᠪᠠᠶᠢᠭᠠᠳ ᠪᠠᠶᠢᠳᠠᠭ ᠪᠣᠢ  ᠲᠡᠷᠡ ᠤᠳᠠᠭ᠎ᠠ ᠠᠷᠢᠬᠢᠨ ᠰᠢᠷᠡᠭᠡᠨ ᠳᠤ ᠠᠬ᠎ᠠ ᠳᠡᠭᠦᠦ ᠨᠠᠷ ᠤᠨ ᠮᠠᠨᠢ ᠬᠡᠯᠡᠯᠴᠡᠭᠡᠳ ᠪᠠᠶᠢᠭᠰᠠᠨ ᠤᠴᠢᠷ ᠦᠳ ᠦᠨᠡᠨ ᠴᠤ ᠪᠣᠯᠪᠠ ᠤᠤ ᠳ᠋ᠠ᠂ ᠦᠨᠡᠨ ᠲᠡᠶᠢᠮᠦ ᠪᠣᠯᠬᠤ ᠳ᠋ᠦ ᠬᠥᠷᠪᠡᠯ ᠲᠡᠷᠡ ᠰᠠᠶᠢᠬᠠᠨ ᠰᠢᠯᠢᠳᠡᠭ ᠰᠡᠳᠬᠦᠯ ᠦᠳ ᠤᠳᠠᠵᠦ ᠲᠦᠳᠡᠯ ᠦᠭᠡᠢ ᠴᠡᠴᠡᠭᠡᠰ ᠤᠨ ᠥᠩᠭᠡ ᠵᠡᠷᠭᠡᠳᠡ ᠪᠠᠭᠤᠷᠠᠬᠤ ᠰᠢᠭ᠋ ᠴᠠᠭ ᠤᠨ ᠬᠣᠷᠣᠮ ᠦᠨ᠎ᠡ ᠥᠷᠳᠡᠭ ᠢᠶᠡᠨ ᠠᠯᠳᠠᠭᠠᠳ ᠴᠡᠷᠢᠭ  ᠦᠭᠡᠢ ᠰᠧᠯᠢᠩ ᠪᠣᠯᠵᠤ ᠬᠠᠷᠠᠯᠠᠵᠦ ᠳᠠᠭᠤᠰᠬᠤ ᠨᠢ ᠡ︾ ᠭᠡᠳ ᠪᠣᠳᠣᠯ  ᠢᠷᠡᠬᠦ ᠪᠡᠷ ᠪᠢᠴᠢᠭᠲᠦ ᠭᠤᠸᠠᠢ ᠶᠢᠨ ᠲᠠᠷᠢᠬᠢᠨ ᠳ᠋ᠦ ᠲᠡᠷᠡ ᠤᠳᠠᠭᠠᠨ ᠤ ᠠᠷᠢᠬᠢᠨ ᠰᠢᠷᠡᠭᠡᠨ ᠳ᠋ᠦ ᠪᠣᠯᠣᠭᠰᠠᠨ ᠵᠣᠭᠣᠭ ᠰᠠᠩᠰᠡᠨ ᠪᠣᠷᠣᠭᠠᠨ ᠰᠢᠪᠡᠷᠡᠬᠦ ᠰᠢᠤᠬᠠᠨ ᠰᠡᠳᠬᠢᠯ ᠳ᠋ᠦ ᠨᠢ ᠰᠢᠪᠡᠷᠡᠭᠡᠳ ᠪᠠᠭᠤᠬᠤ ᠶᠢ ᠶᠠᠭᠠᠬᠢᠨ᠎ᠠ᠃ 
 ᠲᠡᠷᠡ ᠦᠳᠡᠰᠢ ᠢᠯᠡᠭᠦᠦ ᠴᠦ ᠦᠭᠡᠢ ᠳᠤᠲᠠᠭᠤ ᠴᠦ ᠦᠭᠡᠢ ᠵᠢᠷᠭᠤᠭᠠᠨ ᠪᠢᠴᠢᠭᠳᠡᠨ ᠨᠠᠶᠢᠵᠠ ᠮᠠᠨᠢ ᠠᠷᠠᠵᠠ ᠶᠢᠨ ᠰᠢᠷᠡᠭᠡ ᠲᠣᠭᠤᠷᠢᠭᠯᠠᠵᠤ ᠰᠠᠭᠤᠯᠴᠠᠭᠠᠳ ᠰᠢᠮᠡᠨ ᠰᠢᠮᠡᠨ ᠶᠡᠷᠢᠯᠴᠠᠵᠤ ᠰᠢᠭᠦᠮᠵᠢᠯᠡᠨ ᠰᠢᠭᠦᠮᠵᠢᠯᠡᠨ ᠬᠡᠯᠡᠯᠴᠡᠭᠰᠡᠨ ᠵᠣᠭᠣᠭ ᠨᠢ ᠪᠦᠷ ᠯᠡ ᠰᠣᠨᠢᠨ ᠰᠡᠳᠬᠦᠯ ᠪᠢᠰᠢ ᠪᠣᠯ ᠨᠠᠶᠢᠷᠠᠭᠤᠯᠤᠭᠴᠢ ᠶᠢᠨ ᠲᠤᠬᠠᠢ ᠵᠣᠭᠣᠭ ᠯᠠ ᠪᠠᠶᠢᠯ᠎ᠠ᠃ 
    ᠬᠥᠮᠥᠨ ᠭᠡᠵᠦ ᠪᠡᠷᠬᠡ ᠬᠡᠴᠡᠭᠦᠦ ᠤᠯᠤᠰ ᠪᠠᠶᠢᠵᠠᠢ᠃ ᠲᠡᠳᠡ ᠰᠣᠨᠢᠨ ᠰᠡᠳᠬᠦᠯ ᠢ  ᠦᠭᠡᠢ ᠤᠩᠰᠢᠳᠠᠭ ᠮᠦᠷᠲᠡᠬᠡᠨ ᠪᠠᠰᠠ ᠵᠣᠬᠢᠶᠠᠯ ᠪᠦᠲᠦᠭᠡᠯ ᠲᠣᠭᠤᠷᠪᠢᠳᠠᠭ ᠢᠶᠡᠷ ᠢᠶᠡᠨ ᠨᠠᠶᠢᠷᠠᠭᠤᠯᠤᠭᠴᠢ ᠤᠯᠤᠰ ᠤᠨ ᠨᠠᠷᠢᠨ ᠨᠢᠭᠤᠴᠠ ᠳᠠᠯᠳᠠ ᠠᠪᠲᠠᠯ  ᠢ ᠨᠢ ᠮᠡᠳᠡᠳᠡᠭ ᠨᠢ ᠭᠠᠢᠢᠬᠠᠯᠲᠠᠢ᠃ ᠲᠡᠳᠡ ᠬᠠᠷᠢᠯᠴᠢᠨ ᠨᠢᠭᠡ ᠪᠡᠨ ᠣᠢᠯᠠᠭᠠᠯᠴᠠᠳᠠᠭ ᠪᠣᠯᠬᠣᠷ ᠬᠡᠨ ᠠᠯᠢᠨ ᠡᠴᠡ ᠪᠡᠨ ᠡᠷᠡᠭᠡ ᠠᠪᠴᠤ ᠵᠢᠯᠣᠭᠣ ᠲᠠᠲᠠᠭ᠎ᠠ ᠦᠭᠡᠢ ᠬᠥᠷ ᠨᠡᠷᠭᠢᠶᠡᠨ ᠲᠠᠢ ᠶᠠᠷᠢᠯᠴᠠᠭᠠᠨ᠎ᠠ᠃ 
 ᠡᠯᠳᠡᠩᠰᠠᠩ   ᠵᠣᠭᠣᠭ ᠲᠠᠢ ᠡᠷ᠎ᠡ᠂ ᠤᠷᠤᠭᠤᠯ ᠬᠣᠩᠰᠢᠶᠠᠷ ᠴᠠᠭᠠᠰᠤ ᠰᠢᠭ᠋ ᠨᠢᠮᠭᠡᠨ᠂ ᠥᠴᠢᠵᠦ ᠥᠭᠦᠯᠡᠬᠦ ᠪᠡᠷ ᠨᠢ ᠦᠭᠡ ᠤᠷᠤᠭᠤᠯ ᠡᠴᠡ ᠨᠢ ᠣᠷᠤᠰᠬᠠᠯ ᠤᠰᠤ ᠤᠷᠤᠭᠤᠳᠡᠨ ᠤᠷᠤᠰᠬᠤ ᠮᠡᠲᠦ ᠃ ᠲᠡᠷᠡ ᠪᠡᠷ 
 ︱ ᠪᠢ ᠪᠡᠶ᠎ᠡ ᠪᠡᠷ ᠢᠶᠡᠨ ᠨᠠᠶᠢᠷᠠᠭᠤᠯᠤᠭᠴᠢ ᠶᠠᠪᠤᠭᠰᠠᠨ ᠬᠥᠮᠥᠨ᠂ ᠲᠣᠭ᠎ᠠ ᠦᠭᠡᠢ ᠣᠯᠠᠨ ᠡᠬᠡ  ᠡᠷᠬᠢᠭᠦᠯᠵᠦ ᠬᠦᠷᠪᠡᠭᠦᠯᠵᠦ ᠨᠠᠶᠢᠷᠠᠭᠤᠯᠵᠤ ᠶᠠᠪᠤᠯ᠎ᠠ᠃ ᠡᠬᠡ  ᠲᠦ ᠰᠠᠶᠢᠨ ᠲᠠᠢ ᠮᠠᠭᠤ ᠲᠠᠢ᠂ ᠴᠢᠨᠠᠷ ᠲᠠᠢ ᠴᠢᠨᠠᠷ ᠦᠭᠡᠢ ᠶᠢᠨ ᠢᠯᠭᠠᠭ᠎ᠠ ᠪᠣᠢ ᠳ᠋ᠠ᠃ ᠰᠡᠳᠬᠦᠯ ᠡᠷᠭᠢᠯᠡᠳᠡᠭ ᠯᠡ ᠪᠣᠯ ᠴᠢᠨᠠᠷ ᠨᠢ ᠴᠢᠬᠤᠯᠠ ᠳ᠋ᠠ᠃ ᠤᠲᠤ ᠶᠢ ᠪᠣᠳᠣᠪᠠᠯ ᠵᠢᠷᠠ  ᠨᠠᠶᠠᠭᠠᠳ ᠣᠨ ᠤ ᠰᠣᠨᠢᠨ ᠰᠡᠳᠬᠦᠯ  ᠴᠢᠨᠠᠷ ᠴᠢᠨᠰᠠᠭ᠎ᠠ ᠶᠢ ᠣᠨᠴᠠ ᠴᠢᠬᠤᠯᠠᠴᠢᠯᠠᠳᠠᠭ ᠪᠠᠶᠢᠭᠰᠠᠨ  ᠭᠡᠳᠡᠭ  ᠢ ᠲᠠᠨᠤᠰ ᠯᠠᠪ ᠮᠡᠳᠡᠨ᠎ᠡ᠃ 
 ︱ ᠲᠡᠶᠢᠮᠦ ᠡ ᠲᠡᠶᠢᠮᠦ᠃ ᠲᠡᠷᠡ ᠦᠶ᠎ᠡ ᠳ᠋ᠦ︽ ᠬᠤᠶᠢᠲᠤ ᠡᠭᠦᠳᠡ ︾ ᠭᠡᠵᠦ ᠪᠠᠷᠤᠭ ᠪᠠᠶᠢᠬᠤ ᠦᠭᠡᠢ᠂ ︽ ᠬᠤᠪᠢ ᠲᠠᠯ᠎ᠠ︾ᠶᠢᠨ ᠬᠠᠷᠢᠴᠠᠭ᠎ᠠ ᠪᠡᠷ ᠡᠬᠡ  ᠬᠡᠷᠡᠭᠯᠡᠬᠦ ᠤᠴᠢᠷ ᠡᠳᠦᠷ ᠤᠨ ᠣᠳᠣ ᠡᠪᠤᠯ ᠤᠨ ᠴᠡᠴᠡᠭ ᠪᠠᠶᠢᠭᠰᠠᠨ ᠦᠶ᠎ᠡ᠃ ᠪᠠᠭ᠎ᠠ ᠰᠠᠭ᠎ᠠ ᠣᠯᠵᠠ ᠠᠰᠢᠭ ᠶᠢᠨ ᠲᠥᠯᠥᠭᠡ ᠬᠦᠮᠦᠰ ᠨᠡᠷ᠎ᠡ ᠪᠡᠨ ᠪᠠᠭᠠᠯᠠᠬᠤ ᠶᠢ ᠣᠨᠴᠠ ᠬᠢᠴᠢᠶᠡᠳᠡᠭ ᠪᠠᠶᠢᠭᠰᠠᠨ ᠪᠥᠭᠡᠳ ᠰᠡᠳᠬᠦᠯ ᠤᠨ ᠴᠢᠨᠠᠷ ᠠᠯᠳᠠᠭᠳᠠᠬᠤ ᠡᠴᠡ  ᠪᠠᠶᠢᠭᠰᠠᠨ᠃ ᠬᠠᠢ᠂ ᠴᠢᠨᠠᠷ ᠲᠠᠢ ᠯᠠ ᠶᠤᠮ ᠪᠣᠯ ᠰᠣᠨᠢᠨ ᠰᠡᠳᠬᠦᠯ᠂ ᠳᠡᠪᠲᠡᠷ ᠨᠣᠮ ᠭᠡᠳᠡᠭ ᠴᠢᠨᠢ ᠠᠮᠢ ᠲᠠᠢ ᠯᠠ ᠭᠡᠰᠡᠨ ᠦᠭᠡ᠃ ᠲᠡᠭᠦᠨ ᠢᠶᠡᠨ ᠠᠯᠳᠠᠪᠠᠯ ᠠᠵᠢᠯ ᠢᠶᠡᠨ᠂ ᠰᠡᠳᠬᠦᠯ ᠢᠶᠡᠨ᠂ ᠨᠡᠩ ᠴᠠᠭᠠᠰᠢᠯᠠᠪᠠᠯ ᠠᠯᠢᠪᠠ ᠪᠡᠨ ᠠᠯᠳᠠᠯ᠎ᠠ ᠭᠡᠰᠡᠨ ᠤᠴᠢᠷ  ᠭᠡᠳ ᠦᠨᠡᠨᠴᠢ ᠭᠤᠸᠠᠢ ᠡᠷᠭᠦᠭᠰᠡᠨ ᠬᠤᠨᠳᠠᠭ᠎ᠠ ᠲᠠᠢ ᠪᠡᠨ ᠰᠢᠮᠡᠪᠡ᠃ 
︱ ᠬᠠᠷᠢᠨ ᠭᠡᠮ ᠯᠠᠢ᠂ ᠥᠩᠭᠡᠷᠡᠭᠰᠡᠨ ᠳ᠋ᠦ ᠡᠬᠡ  ᠭᠤᠪᠢᠭᠤᠯᠭ᠎ᠠ ᠪᠡᠷ ᠶᠠᠪᠤᠭᠳᠠᠵᠤ ᠪᠠᠶᠢᠬᠤ ᠳ᠋ᠦ    ᠬᠤᠷᠢᠶᠠᠵᠤ ᠵᠠᠳᠠᠯᠬᠤ᠂  ᠰᠢᠯᠢᠬᠤ᠂ ᠬᠢᠨᠠᠵᠤ ᠨᠠᠶᠢᠷᠠᠭᠤᠯᠬᠤ ᠲᠡᠷᠡᠴᠢᠯᠡᠨ ᠬᠡᠷᠡᠭᠯᠡᠬᠦ ᠦᠭᠡᠢ ᠡᠬᠡ   ᠴᠤ ᠡᠵᠡᠨ ᠳ᠋ᠦ ᠨᠢ ᠬᠠᠷᠢᠭᠤ ᠪᠤᠴᠠᠭᠠᠬᠤ ᠮᠡᠲᠦ ᠮᠠᠰᠢ ᠣᠯᠠᠨ ᠠᠵᠢᠯ ᠢ ᠪᠦᠷ ᠨᠢᠭᠡ ᠬᠣᠶᠠᠷ ᠨᠠᠶᠢᠷᠠᠭᠤᠯᠤᠭᠴᠢ ᠭᠠᠷᠳᠠᠨ ᠭᠦᠢᠴᠡᠳᠬᠡᠵᠦ ᠪᠠᠶᠢᠭᠰᠠᠨ ᠨᠢ ᠦᠨᠡᠨ᠃ ᠣᠳᠣ ᠴᠢᠨᠢ ᠲᠡᠶᠢᠮᠦ ᠪᠢᠰᠢ ᠪᠣᠯᠵᠠᠢ᠃ ᠵᠢᠷᠭᠤᠭᠠᠨ ᠢᠮᠠᠭ᠎ᠠ ᠵᠢᠷᠠᠨ ᠤᠬᠤᠨ᠎ᠠ᠃ ᠪᠣᠯᠣᠩ ᠪᠦᠷᠢ ᠳ᠋ᠦ ᠪᠡᠨ ᠲᠤᠰᠬᠠᠢ ᠨᠠᠢᠷᠠᠭᠤᠯᠤᠭᠴᠢ ᠲᠠᠢ᠂ ᠠᠷᠠᠢ ᠨᠢᠭᠤᠷ ᠤᠨ ᠲᠣᠭ᠎ᠠ ᠪᠡᠷ ᠨᠠᠶᠢᠷᠠᠭᠤᠯᠤᠭᠴᠢ ᠲᠣᠬᠢᠷᠠᠭᠤᠯᠤᠭ᠎ᠠ ᠦᠭᠡᠢ ᠲᠡᠳᠦᠢ᠃ ᠢᠩᠬᠢᠵᠦ ᠪᠠᠶᠢᠲᠠᠯ᠎ᠠ ᠪᠡᠨ ᠰᠦᠯᠵᠢᠶ᠎ᠠ ᠪᠡᠷ ᠭᠤᠪᠢᠭᠤᠯᠤᠭᠰᠠᠨ ᠡᠬᠡ  ᠢ ᠬᠡᠷᠡᠭᠯᠡᠬᠦ ᠦᠭᠡᠢ ᠪᠠᠶᠢᠵᠤ ᠪᠠᠶᠢᠭᠠᠳ ᠬᠠᠷᠢᠭᠤ ᠮᠡᠳᠡᠭᠳᠡᠬᠦ ᠡᠴᠡ ᠪᠡᠨ ᠵᠠᠯᠬᠠᠭᠤᠷᠠᠵᠠᠭᠠᠨ᠎ᠠ᠃ ᠲᠡᠳᠡ ᠴᠢᠨᠢ ᠵᠣᠬᠢᠶᠠᠯᠴᠢ ᠬᠦᠮᠦᠨ ᠦ ᠠᠷᠢᠭᠤᠨ ᠴᠠᠭᠠᠨ ᠬᠦᠳᠡᠯᠮᠦᠷᠢ  ᠶᠢ ᠠᠩᠬᠠᠷᠴᠤ ᠪᠠᠶᠢᠬᠤ ᠪᠠᠷ ᠠᠨᠠᠢ ᠪᠠᠶᠢᠬᠤ ᠲᠦᠯᠦᠪᠲᠡᠢ᠃ ᠬᠡᠷᠪᠡ ᠬᠡᠷᠡᠭᠯᠡᠬᠦ ᠦᠭᠡᠢ ᠶᠤᠮ ᠪᠣᠯ ᠲᠠᠷᠤᠶᠢᠬᠠᠨ ᠮᠡᠳᠡᠭᠳᠡᠭᠰᠡᠭᠡᠷ ᠬᠢᠷᠢ ᠪᠡᠨ ᠮᠡᠳᠡᠭᠡᠳ ᠥᠭᠡᠷ᠎ᠡ ᠬᠡᠷᠡᠭᠯᠡᠭᠡᠨ ᠳᠦ ᠣᠷᠤᠭᠤᠯᠬᠤ ᠪᠢᠰᠢᠤ᠃ ᠢᠩᠬᠢᠵᠤ ᠲᠠᠭ ᠳᠤᠭᠤᠢ ᠲᠠᠷᠤᠵᠤ ᠰᠠᠭᠤᠬᠤ ᠴᠢᠨᠢ ᠦᠨᠡᠬᠡᠷ ᠬᠠᠷᠢᠭᠤᠴᠠᠯᠭ᠎ᠠ  ᠪᠠᠨ ᠬᠠᠶᠠᠭᠠᠨ ᠳᠤ ᠨᠢ ᠬᠠᠶᠠᠵᠤ ᠪᠠᠶᠢᠭ᠎ᠠ ᠤᠴᠢᠷ ᠪᠣᠯᠬᠤ ᠰᠢᠤ ᠳ᠋ᠠ  ᠰᠢᠯᠲᠠᠭᠠᠨ  ᠢ ᠨᠢ ᠠᠰᠠᠭᠤᠪᠠᠯ ᠠᠵᠢᠯ ᠶᠠᠭᠠᠷᠠᠤ᠂ ᠠᠯᠢ ᠠᠯᠢᠨ ᠳᠤ ᠪᠠᠨ ᠵᠠᠪ ᠦᠭᠡᠢ ᠭᠡᠨ᠎ᠡ᠃ ᠢᠩᠬᠢᠵᠦ ᠮᠠᠶ᠋ᠢᠭᠲᠠᠵᠤ ᠪᠠᠶᠢᠭᠠᠳ ᠰᠡᠳᠬᠦᠯ ᠳ᠋ᠦ ᠪᠡᠨ ᠨᠡᠶᠢᠲᠡᠯᠡᠭᠰᠡᠨ ᠵᠣᠬᠢᠶᠠᠯ ᠢ  ᠨᠢ ᠦᠵᠡᠬᠦ ᠦᠭᠡᠢ ᠤᠤ  ᠣᠯᠢᠭ ᠲᠠᠢ ᠬᠣᠶᠠᠷ ᠢ ᠨᠢ ᠭᠠᠷᠭᠠᠪᠠᠯ ᠪᠤᠰᠤᠳ ᠨᠢ ᠪᠦᠷ ᠣᠳᠣ ᠶᠢᠨ ᠡᠷᠯᠢᠰᠡᠵᠢᠭᠦᠯᠦᠭᠰᠡᠨ ᠬᠣᠨᠢᠨ ᠮᠢᠬᠠᠨ ᠤ ᠦᠨᠦᠷ ᠠᠮᠲᠠᠲᠠᠢ ᠪᠦᠲᠦᠭᠡᠯ ᠢᠶᠡᠷ ᠳᠦᠭᠦᠷᠡᠭᠰᠡᠨ ᠬᠡᠷᠡᠭ᠃ ︽ᠸᠠᠭᠠᠷᠴᠢᠨ ᠠᠷᠪᠢᠳᠪᠠᠯ ᠨᠢᠷᠤᠭᠤ ᠬᠠᠵᠠᠭᠠᠢ ᠪᠣᠯᠬᠤ︾ ᠭᠡᠳᠡᠭ ᠶᠣᠰᠣᠲᠠᠢ ᠯᠠ ᠦᠭᠡ ᠳ᠋ᠠ ᠭᠡᠵᠦ ᠭᠣᠣᠯᠴᠢ ᠭᠤᠸᠠᠢ ᠤᠴᠠᠷᠳᠠᠩᠭᠤᠢ ᠬᠡᠯᠡᠨ᠎ᠡ᠃ 
︱ ᠣᠳᠣ ᠴᠢᠨᠢ ᠮᠠᠨ ᠤ ᠮᠣᠩᠭᠣᠯ ᠨᠠᠢᠷᠠᠭᠤᠯᠤᠭᠴᠢ ᠨᠠᠷ ᠪᠠᠰᠠ ᠴᠠᠭ ᠦᠶ᠎ᠡ ᠶᠢᠨ ᠬᠠᠨᠳᠤᠰᠢ ᠶᠢ ᠳᠠᠭᠠᠭᠠᠳ ᠬᠡᠴᠡᠬᠦᠷᠬᠡᠵᠦ ᠪᠠᠶᠢᠨ᠎ᠠ᠂ ᠦᠭᠡ ᠨᠢ  ᠴᠤ ᠥᠩᠭᠡ ᠨᠢ ᠬᠤᠪᠢᠷᠠᠭᠠᠳ ᠬᠤᠪᠢ ᠶᠢᠨ ᠠᠰᠢᠭ ᠪᠡᠷ ᠡᠬᠡ  ᠰᠢᠢᠳᠪᠦᠷᠢᠯᠡᠬᠦ ᠶᠠᠪᠤᠳᠠᠯ ᠮᠤᠩᠳᠠᠬᠤ ᠪᠡᠷ ᠦᠭᠡᠢ ᠪᠣᠯᠵᠠᠢ᠃ ᠢᠩᠭᠢᠭᠰᠡᠭᠡᠷ ᠪᠠᠶᠢᠵᠤ ᠰᠣᠨᠢᠨ ᠰᠡᠳᠬᠦᠯ ᠤᠨ ᠴᠢᠨᠠᠷ ᠴᠢᠨᠰᠠᠭ᠎ᠠ ᠲᠣᠣᠷᠠᠳᠠᠵᠤ᠂ ᠥᠩᠭᠡ ᠵᠢᠰᠦ ᠪᠠᠭᠤᠷᠠᠭᠠᠳ ᠰᠣᠨᠢᠨ ᠰᠡᠳᠬᠦᠯ   ᠰᠢᠷᠡᠭᠡᠨ ᠳᠡᠭᠡᠷ᠎ᠡ ᠪᠢᠰᠢ ᠬᠠᠷᠢᠨ ᠪᠤᠵᠠᠷ ᠱᠠᠯᠠ ᠳᠡᠭᠡᠷ᠎ᠡ ᠬᠠᠶᠠᠭᠳᠠᠵᠤ᠂ ᠬᠠᠶᠠᠭᠳᠠᠮᠠᠯ ᠪᠣᠳᠠᠰ ᠬᠤᠳᠠᠯᠳᠤᠵᠤ ᠬᠡᠳᠦᠨ ᠵᠣᠭᠣᠰ ᠬᠣᠨᠵᠢᠭᠰᠠᠳ ᠤᠨ ᠬᠦᠷᠲᠡᠭᠡᠯ ᠪᠣᠯᠵᠤ ᠪᠠᠶᠢᠭ᠎ᠠ ᠨᠢ ᠦᠨᠡᠬᠡᠷ ᠬᠠᠷᠠᠮᠰᠠᠯᠲᠠᠢ ᠤᠴᠢᠷ ᠰᠢᠤ᠃ ᠡᠨᠡ ᠴᠢᠨᠢ ᠠᠬᠠᠮᠠᠳ ᠦᠶ᠎ᠡ ᠶᠢᠨ ᠨᠠᠶᠢᠷᠠᠭᠤᠯᠤᠭᠴᠢ ᠨᠠᠷ ᠤᠨ ᠨᠡᠷ᠎ᠡ ᠲᠥᠷᠥ᠂ ᠦᠢᠯᠡᠰ ᠤᠨ ᠬᠠᠷᠭᠤᠢ ᠳ᠋ᠦ ᠪᠠᠷᠠᠭᠠᠨ ᠰᠡᠭᠦᠳᠡᠷ ᠲᠤᠰᠬᠠᠵᠤ ᠪᠠᠶᠢᠭ᠎ᠠ ᠤᠴᠢᠷ ᠪᠣᠯᠬᠤ ᠨᠢ ᠭᠠᠷᠴᠠᠭ᠎ᠠ ᠦᠭᠡᠢ᠃ ᠲᠡᠳᠡᠨ ᠤ ᠦᠯᠡᠳᠡᠭᠡᠵᠦ ᠬᠣᠴᠤᠷᠭᠠᠭᠰᠠᠨ ᠰᠢᠯᠢᠳᠡᠭ ᠬᠡᠪ ᠰᠤᠷᠲᠠᠯ ᠢ ᠣᠳᠣ ᠦᠶ᠎ᠡ ᠶᠢᠨ ᠨᠠᠶᠢᠷᠠᠭᠤᠯᠤᠭᠴᠢ ᠨᠠᠷ ᠶᠠᠰᠦ ᠪᠡᠨ ᠬᠤᠭᠤᠯᠤᠭᠰᠠᠨ ᠴᠦ ᠨᠡᠷ᠎ᠡ ᠪᠡᠨ ᠭᠤᠲᠤᠭᠠᠯ ᠦᠭᠡᠢ ᠰᠠᠶᠢᠬᠠᠨ ᠠᠪᠴᠤ ᠶᠠᠪᠤᠵᠤ᠂ ᠠᠰᠢᠭ ᠣᠯᠵᠠ  ᠪᠠᠷ ᠠᠵᠢᠯ ᠡᠷᠭᠢᠯᠡᠬᠦ ᠪᠢᠰᠢ᠂ ᠬᠠᠷᠢᠨ ᠴᠢᠨᠠᠷ ᠢᠶᠡᠷ ᠣᠷᠣᠰᠢᠬᠤᠢ ᠪᠣᠯᠭᠠᠵᠤ ᠦᠨᠳᠦᠰᠦᠲᠠᠨ ᠤ ᠪᠡᠨ ᠰᠣᠶᠣᠯ ᠢᠶᠡᠨ ᠨᠡᠩ ᠰᠠᠶᠢᠨ ᠢᠶᠡᠷ ᠳᠡᠯᠭᠡᠷᠡᠭᠦᠯᠦᠨ ᠤᠬᠠᠭᠤᠯᠬᠤ ᠳ᠋ᠦ ᠥᠪᠡᠷ ᠤᠨ ᠬᠦᠴᠦᠨ ᠴᠢᠳᠠᠯ ᠢᠶᠡᠨ ᠡᠷᠭᠦᠪᠡᠯ ᠵᠣᠬᠢᠬᠤ ᠰᠠᠨ ᠭᠡᠳ ᠴᠠᠶᠢᠯᠭᠠᠨ ᠭᠤᠸᠠᠢ ᠲᠠᠲᠠᠭ᠎ᠠ ᠵᠢᠯᠣᠭᠣ ᠦᠭᠡᠢ ᠬᠡᠯᠡᠨ ᠪᠢᠯᠡ᠃ 
 ︱︽ ᠡᠳ᠋ ᠴᠠᠭᠠᠨ ᠴᠤ ᠨᠢᠳᠦ ᠤᠯᠠᠭᠠᠨ︾ ᠡᠷᠲᠡᠨ ᠡᠴᠡ ᠡᠶᠢᠮᠦ ᠨᠢᠭᠡ ᠵᠤᠷᠰᠢᠯ ᠪᠣᠢ ᠳ᠋ᠠ᠃ ᠡᠬᠦᠨ ᠤ ᠳᠡᠭᠡᠷ᠎ᠡ ᠨᠡᠶᠢᠭᠡᠮ  ᠤᠨ ᠡᠯᠳᠡᠪ ᠡᠰᠡ ᠶᠢᠨ ᠮᠠᠭᠤ ᠰᠤᠷᠲᠠᠯ ᠭᠠᠵᠠᠷ ᠠᠪᠴᠤ ᠬᠥᠮᠥᠨ ᠮᠥᠰᠥ ᠶᠢ ᠭᠠᠵᠢᠳᠠᠭᠤᠯᠬᠤ ᠪᠣᠯᠤᠭᠰᠠᠨ᠃ ᠥᠭᠡᠷ᠎ᠡ ᠶᠢ ᠬᠡᠯᠡᠬᠦ ᠶᠢ ᠪᠠᠶᠢᠳᠤᠭᠠᠢ ᠮᠠᠨ  ᠨᠡᠶᠢᠭᠡᠮ ᠤᠨ ᠵᠠᠷᠢᠮ ᠤᠳᠤᠷᠢᠳᠤᠭᠴᠢ ᠺᠠᠳ᠋ᠷ ᠨᠠᠷ  ᠢᠶᠡᠨ ᠰᠢᠨᠵᠢᠵᠦ ᠦᠵᠡᠬᠦ ᠦᠭᠡᠢ ᠤᠤ᠂ ᠣᠯᠠᠨ ᠤ ᠡᠮᠦᠨ᠎ᠡ ᠦᠪᠡᠷᠲᠡᠭᠡᠨ ᠥᠴᠥᠬᠡᠨ ᠦ ᠰᠡᠪ ᠦᠭᠡᠢ  ᠳᠦᠷᠢᠯᠡᠵᠦ ᠥᠷᠥᠭᠡᠯ  ᠪᠤᠰᠤᠳ ᠢ ᠦᠨᠡᠨ ᠢ ᠬᠡᠯᠡᠵᠦ ᠦᠨᠡᠨᠴᠢ ᠪᠡᠷ ᠶᠠᠪᠤᠬᠤ ᠶᠢ ᠬᠡᠴᠡᠭᠦᠷᠬᠡᠨ ᠱᠠᠭᠠᠷᠳᠠᠳᠠᠭ ᠪᠠᠶᠢᠲᠠᠯ᠎ᠠ ᠪᠡᠨ ᠣᠯᠠᠨ ᠤ ᠬᠤᠶᠢᠨ᠎ᠠ ᠬᠠᠷᠢᠨ ᠠᠰᠢᠭ ᠣᠯᠵᠠ ᠠᠯᠢ ᠮᠠᠭᠤ ᠳ᠋ᠦ ᠰᠢᠨᠤᠬᠠᠶᠢᠷᠠᠭᠠᠳ ᠠᠪᠲᠠᠵᠤ ᠪᠠᠶᠢᠭ᠎ᠠ ᠨᠢ ᠮᠤᠩᠳᠠᠬᠤ ᠪᠡᠷ ᠦᠭᠡᠢ ᠪᠠᠶᠢᠬᠤ ᠪᠢᠰᠢ ᠤᠤ᠃ ᠵᠠᠰᠠᠭᠴᠢᠳ ᠲᠥᠪ ᠪᠤᠰᠤ ᠪᠣᠯᠤᠭᠰᠠᠭᠠᠷ ᠨᠡᠶᠢᠭᠡᠮ ᠶᠣᠰᠣ ᠳᠢᠭᠯᠢᠮ ᠢᠶᠡᠨ ᠠᠯᠳᠠᠬᠤ ᠨᠢ ᠭᠠᠷᠴᠠᠭ᠎ᠠ ᠦᠭᠡᠢ᠃ ᠮᠠᠨ ᠤ ᠮᠣᠩᠭᠣᠯ  ᠤᠨ ᠦᠭᠡᠨ ᠳ᠋ᠦ᠄︽ ᠳᠡᠭᠡᠷᠡᠬᠢ ᠨᠢ ᠰᠠᠭᠤᠳᠠᠯ ᠠᠯᠳᠠᠬᠤ ᠦᠭᠡᠢ ᠪᠣᠯ ᠳᠣᠣᠷᠠᠬᠢ ᠨᠢ ᠭᠦᠶᠦᠳᠡᠯ ᠠᠯᠳᠠᠬᠤ ᠦᠭᠡᠢ︾ ᠭᠡᠰᠡᠨ ᠮᠡᠷᠬᠡᠨ ᠦᠭᠡ ᠪᠠᠶᠢᠳᠠᠭ ᠪᠢᠰᠢ ᠦᠦ᠂ ᠴᠣᠬᠣᠮ ᠴᠤ ᠶᠣᠰᠤᠲᠠᠢ ᠦᠭᠡ᠃ ᠳᠠᠭᠠᠭᠤᠯᠳᠠᠭ ᠨᠢ ᠢᠯᠵᠠᠷᠠᠭᠰᠠᠨ ᠬᠤᠶᠢᠨ᠎ᠠ ᠳᠠᠭᠠᠳᠠᠭ ᠨᠢ ᠴᠡᠪᠡᠷ ᠪᠣᠯᠣᠭᠠᠳ ᠬᠠᠮᠢᠭ᠎ᠠ ᠬᠦᠷᠬᠦ ᠪᠣᠢ  ᠲᠠᠨᠤᠰ ᠠᠩᠬᠠᠷᠤᠭᠰᠠᠨ ᠤᠤ  ᠣᠳᠣ ᠴᠢᠨᠢ ᠶᠠᠮᠠᠷ ᠶᠠᠭᠤᠮ᠎ᠠ ᠤ ᠡᠬᠢᠯᠡᠯᠲᠡ ᠨᠢ ᠪᠦᠷ ᠯᠤᠤ ᠶᠢᠨ ᠲᠣᠯᠣᠭᠠᠢ ᠰᠢᠭ᠋ ᠰᠠᠶᠢᠬᠠᠨ ᠪᠠᠶᠢᠳᠠᠭ ᠴᠠᠭ᠃ ᠬᠠᠷᠠᠮᠰᠠᠯᠲᠠᠢ ᠨᠢ ᠶᠠᠪᠤᠨ ᠪᠠᠶᠢᠵᠤ ᠤᠭ ᠰᠠᠨᠠᠭ᠎ᠠ ᠪᠡᠨ ᠮᠠᠷᠲᠠᠵᠤ ᠵᠣᠷᠢᠭᠰᠠᠨ ᠵᠣᠷᠢᠯᠲᠠ ᠡᠴᠡ ᠪᠡᠨ ᠵᠠᠶᠢᠳᠠᠳᠠᠭ ᠨᠢ ᠬᠡᠴᠡᠭᠦᠦ᠃ ᠮᠠᠨ ᠤ ᠢᠶᠡᠷ ᠬᠡᠯᠡᠶ᠎ᠡ ᠳ᠋ᠠ᠂ ᠨᠠᠶᠢᠷ ᠨᠠᠭᠠᠳᠤᠮ᠂  ᠨᠠᠶᠢᠷᠠᠭ  ᠤᠨ ᠣᠷᠤᠯᠳᠤᠭᠠᠨ ᠮᠦᠷᠦᠶᠢᠴᠡᠭᠡᠨ ᠭᠡᠳ ᠣᠯᠠᠨ ᠴᠤ ᠰᠣᠶᠣᠯ ᠤᠨ ᠬᠥᠳᠡᠯᠭᠡᠭᠡᠨ ᠡᠷᠭᠢᠯᠡᠳᠡᠭ ᠯᠡ ᠳ᠋ᠡ᠂ ᠡᠬᠢᠯᠡᠭᠡᠳ ᠪᠦᠷ ᠯᠠ ᠰᠠᠶᠢᠬᠠᠨ ᠯᠡ ᠪᠠᠶᠢᠭᠰᠠᠨ ᠳ᠋ᠠᠭ᠃ ᠭᠡᠲᠡᠯ᠎ᠡ ᠶᠠᠪᠤᠨ ᠶᠠᠪᠤᠭᠰᠠᠭᠠᠷ ᠶᠠᠪᠤᠳᠠᠯ ᠤᠴᠢᠷ ᠪᠤᠳᠤᠯᠢᠶᠠᠨ ᠲᠠᠢ ᠪᠣᠯᠵᠤ ᠤᠷᠰᠢᠭ ᠶᠠᠷᠰᠢᠭ ᠲᠠᠢ ᠪᠣᠯᠴᠢᠬᠠᠳᠠᠭ᠃ ᠪᠥᠭᠡ ᠶᠢᠨ ᠤᠷᠤᠯᠳᠤᠭᠠᠨ ᠢᠶᠡᠷ ᠠᠪᠤᠭᠠᠳ ᠬᠡᠯᠡᠬᠦ ᠳ᠋ᠦ ᠠᠩᠬᠠᠯᠠᠨ ᠦᠨᠡᠬᠡᠷ ᠲᠥᠪ ᠭᠣᠣᠯᠴᠢ ᠪᠡᠷ ᠡᠷᠭᠢᠯᠡᠵᠦ ᠲᠡᠷᠢᠭᠦᠨ ᠳᠡᠳ᠋  ᠢ ᠰᠢᠯᠭᠠᠷᠠᠭᠤᠯᠵᠤ ᠪᠠᠶᠢᠭᠰᠠᠨ᠃ ᠰᠡᠭᠦᠯᠳᠡᠵᠦ ᠢᠷᠡᠭᠡᠳ ᠬᠤᠪᠢ ᠶᠢᠨ ᠨᠠᠶᠢᠷ ᠲᠠᠯ᠎ᠠ᠂ ᠣᠷᠣᠨ ᠨᠤᠲᠤᠭ ᠤᠨ ᠬᠠᠷᠢᠴᠠᠭ᠎ᠠ ᠡᠴᠡ ᠡᠭᠦᠰᠴᠦ ᠬᠡᠳᠤᠨ ᠵᠠᠭᠤᠨ ᠬᠣᠣᠰ ᠨᠢᠳᠦ ᠪᠥᠯᠲᠡᠶᠢᠲᠡᠯ᠎ᠡ ᠬᠠᠷᠠᠵᠤ ᠪᠠᠶᠢᠲᠠᠯ᠎ᠠ ᠪᠤᠷᠤᠭᠤ ᠲᠠᠰᠤᠯᠤᠯᠲᠠ ᠬᠢᠴᠢᠬᠡᠭᠡᠳ ᠬᠡ ᠴᠤ ᠦᠭᠡᠢ ᠲᠡᠷᠢᠭᠦᠨ ᠱᠠᠩ ᠬᠦᠷᠲᠡᠭᠡᠴᠢᠬᠡᠬᠦ ᠶᠤᠮ ᠴᠢᠨᠢ ᠤᠷᠠᠨ ᠵᠣᠬᠢᠶᠠᠯ ᠤᠨ ᠤᠷᠤᠯᠳᠤᠭᠠᠨ ᠮᠦᠷᠦᠶᠢᠴᠡᠭᠡᠨ ᠢ ᠨᠡᠩ ᠬᠡᠯᠡᠬᠦ ᠭᠠᠵᠠᠷ ᠪᠠᠶᠢᠨ᠎ᠠ ᠤᠤ᠂ ᠬᠡᠳᠦᠨ ᠮᠡᠷᠬᠡᠨ ᠬᠢᠨᠠᠭᠴᠢ ᠦᠵᠡᠵᠦ ᠪᠠᠶᠢᠭᠠᠳ ᠡᠷᠢᠳᠡᠭ ᠬᠡᠳᠦ ᠶᠢᠨ ᠢᠶᠡᠨ ᠪᠠᠶᠢᠳᠠᠯ  ᠢ ᠨᠢ ᠦᠨᠳᠦᠰᠦᠯᠡᠵᠦ ᠪᠠᠶᠢᠭᠠᠳ ᠡᠪ  ᠳᠦᠢᠲᠡᠢ ᠰᠢᠢᠳᠪᠤᠷᠢᠯᠡᠭᠡᠳ ᠥᠷᠥᠭᠡᠯ ᠪᠤᠰᠤᠳ ᠢᠶᠡᠷ ᠨᠠᠭᠠᠳᠤᠮ ᠨᠠᠶᠢᠷ ᠤᠨ ᠢᠶᠡᠨ ᠨᠠᠷᠭᠢᠭᠤᠯᠤᠭᠴᠢ ᠪᠣᠯᠭᠠᠵᠤ ᠣᠷᠭᠢᠬᠤ ᠪᠣᠯᠣᠭᠰᠠᠨ ᠬᠤᠶᠢᠨ᠎ᠠ ᠨᠢᠭᠡ ᠰᠣᠨᠢᠨ ᠰᠡᠳᠬᠦᠯ ᠳ᠋ᠦ ᠨᠡᠶᠢᠲᠡᠯᠡᠬᠦ ᠡᠬᠡ  ᠲᠦ ᠲᠠᠰᠤᠯᠤᠯᠲᠠ ᠶᠠᠪᠤᠭᠤᠯᠬᠤ ᠭᠡᠳᠡᠭ ᠴᠢᠨᠢ ᠨᠠᠶᠢᠷᠠᠭᠤᠯᠤᠭᠴᠢ ᠬᠥᠮᠥᠨ ᠳ᠋ᠦ ᠠᠪᠴᠤ ᠬᠡᠯᠡᠪᠡᠯ ᠬᠤᠷᠤᠭᠤᠨ ᠦᠵᠦᠭᠦᠷ ᠬᠣᠮ ᠫᠠᠳ ᠪᠣᠯᠣᠭᠰᠠᠨ ᠤᠴᠢᠷ  ᠪᠢᠰᠢ ᠤᠤ ᠳ᠋ᠡ ᠭᠡᠵᠦ ᠶᠠᠷᠢᠨ᠎ᠡ᠃ 
  ᠰᠡᠪᠴᠢᠨ ᠭᠤᠸᠠᠢ ᠶᠢᠨ ᠰᠡᠳᠬᠢᠯ ᠴᠣᠮᠣ ᠳ᠋ᠦ ᠬᠥᠭᠡᠰᠦᠷᠡᠬᠦ ᠫᠢᠪ ᠰᠢᠭ ᠰᠠᠭᠠᠵᠤ ᠳᠣᠭᠳᠣᠯᠤᠨ᠎ᠠ᠃ ᠲᠡᠷᠡ ᠰᠠᠭᠠᠭᠰᠠᠨ ᠰᠡᠳᠬᠢᠯ ᠢᠶᠡᠨ ᠲᠠᠷᠤᠵᠤ ᠶᠠᠳᠠᠬᠤ ᠳ᠋ᠦ ᠪᠡᠨ ᠨᠡᠩ ᠨᠣᠴᠢᠲᠠᠢ ᠤᠴᠢᠷ ᠢ ᠳᠡᠯᠭᠡᠬᠦ ᠭᠡᠲᠡᠯ᠎ᠡ ᠵᠠᠮᠴᠢᠨ ᠭᠤᠸᠠᠢ ᠥᠭᠡᠳᠡ ᠡᠴᠡ ᠨᠢ ᠭᠠᠷ ᠡᠷᠭᠦᠵᠦ ᠦᠭᠡ ᠡᠯᠭᠦᠭᠡᠳ᠄ 
 ︱ ᠵᠠ ᠪᠣᠯᠢᠭᠠᠴᠢ᠂ ᠠᠷᠢᠬᠢ ᠬᠡᠲᠦᠷᠡᠭᠡ ᠦᠭᠡᠢ ᠴᠤ ᠦᠭᠡ ᠬᠡᠳᠦᠷᠡᠮᠡᠷ ᠲᠥᠯᠥᠪᠲᠡᠢ ᠪᠠᠶᠢᠨ᠎ᠠ᠃ ︽ᠬᠤᠨᠳᠠᠭ᠎ᠠ ᠲᠠᠢ ᠠᠷᠢᠬᠢ ᠪᠡᠨ︾ ᠭᠡᠳ ᠬᠠᠮᠲᠤ ᠳ᠋ᠦ ᠪᠡᠨ ᠬᠦᠨᠳᠦᠷᠡᠨ᠎ᠡ᠃ 
 ᠪᠢᠴᠢᠭᠲᠦ ᠭᠤᠸᠠᠢ ᠠᠷᠢᠬᠢᠨ ᠰᠢᠷᠡᠭᠡᠨ ᠳ᠋ᠦ ᠬᠡᠳᠦᠨ ᠪᠢᠴᠢᠭᠳᠡᠨ ᠤ  ᠬᠠᠷᠢᠭᠤᠴᠠᠯᠭ᠎ᠠ ᠬᠦᠨᠳᠦᠭᠰᠡᠨ ᠬᠠᠲᠠᠭᠤᠬᠠᠨ ᠵᠣᠭᠣᠭ  ᠢ ᠡᠨᠳᠡ ᠬᠦᠷᠲᠡᠯ᠎ᠡ ᠡᠷᠭᠢᠴᠡᠭᠦᠯᠦᠭᠡᠳ ᠨᠢᠭᠡ ᠶᠠᠭᠤᠮ᠎ᠠ ᠣᠯᠵᠠᠷᠬᠠᠭᠰᠠᠨ ᠪᠥᠭᠡᠳ ᠪᠠᠰᠠ ᠠᠳᠠᠯᠢᠳᠬᠠᠯ ᠤᠨ ᠳᠤᠮᠳᠠ ᠡᠴᠡ ᠥᠪᠡᠷ ᠤᠨ ᠪᠦᠲᠦᠭᠡᠯ ᠤᠨ ᠢᠶᠡᠨ ᠴᠢᠨᠠᠷ ᠴᠢᠨᠰᠠᠭ᠎ᠠ ᠶᠢ ᠤᠬᠠᠵᠤ᠂ ᠨᠡᠶᠢᠲᠡᠯᠡᠭᠳᠡᠭᠡ ᠦᠭᠡᠢ ᠪᠦᠲᠦᠭᠡᠯ ᠤᠨ ᠢᠶᠡᠨ ᠰᠤᠷᠠᠭ ᠦᠭᠡᠢ ᠳᠠᠷᠤᠭᠳᠠᠭᠰᠠᠨ ᠨᠢᠭᠤᠴᠠ ᠶᠢ ᠮᠡᠳᠡᠪᠡ᠃ ᠢᠩᠬᠢᠭᠡᠳ ᠲᠡᠭᠦᠨ  ᠤ ᠪᠣᠭᠰᠢᠵᠤ ᠡᠬᠢᠯᠡᠭᠰᠡᠨ ᠠᠩᠬᠠᠨ ᠤ ᠰᠠᠨᠠᠭ᠎ᠠ ᠨᠢ ᠵᠢᠭᠠᠬᠠᠨ ᠲᠠᠶᠢᠪᠣᠰᠢᠷᠠᠵᠤ᠂ ᠦᠪᠡᠷ ᠦᠨ ᠡᠷᠬᠡ ᠦᠭᠡᠢ ᠦᠨᠡᠨ ᠰᠡᠳᠬᠢᠯ ᠢᠶᠡᠷ ᠢᠶᠡᠨ ᠰᠢᠪᠡᠷᠡᠪᠡ᠄ 
 ︱ ᠠᠷᠢᠬᠢᠨ ᠰᠢᠷᠡᠭᠡ ᠵᠠᠰᠠᠬᠤ ᠦᠭᠡᠢ ᠶᠤᠮ ᠪᠣᠯ ᠠᠮᠢᠳᠤᠷᠠᠯ ᠤᠨ ᠵᠠᠷᠢᠮ ᠨᠢᠭᠤᠴᠠ ᠶᠢ ᠮᠡᠳᠡᠬᠦ ᠳ᠋ᠦ ᠪᠡᠷᠬᠡᠲᠡᠢ᠃ ᠣᠷᠴᠢᠮ ᠤᠨ ᠬᠡᠳᠦᠨ ᠵᠢᠯ ᠨᠣᠮ ᠤᠩᠰᠢᠬᠤ ᠬᠥᠮᠥᠨ ᠴᠥᠬᠡᠨ ᠪᠠᠶᠢᠨ᠎ᠠ᠂ ᠨᠣᠮ ᠤᠨ ᠵᠠᠬᠢᠶᠠᠯᠠᠭ᠎ᠠ ᠮᠠᠭᠤᠳᠠᠵᠤ ᠪᠠᠶᠢᠨ᠎ᠠ ᠭᠡᠳ ᠨᠣᠮ ᠬᠡᠪᠯᠡᠭᠴᠢᠳ ᠶᠡᠬᠡᠯ᠎ᠡ ᠰᠤᠶᠢᠳ ᠪᠣᠯᠬᠤ ᠶᠤᠮ᠃ ᠰᠣᠨᠢᠨ ᠰᠡᠳᠬᠦᠯ᠂ ᠬᠡᠪᠲᠦ ᠨᠣᠮ ᠳ᠋ᠦ ᠤᠩᠰᠢᠭᠴᠢ ᠴᠥᠬᠡᠷᠡᠭᠰᠡᠨ ᠤ ᠴᠣᠬᠣᠮ ᠰᠢᠯᠲᠠᠭᠠᠨ ᠨᠢ ᠬᠠᠮᠢᠭ᠎ᠠ ᠪᠠᠶᠢᠭ᠎ᠠ   ᠦᠨᠡᠨ ᠢ ᠬᠡᠯᠡᠬᠦ ᠳ᠋ᠦ ᠨᠣᠮ ᠤᠩᠰᠢᠬᠤ ᠬᠥᠮᠥᠨ ᠴᠥᠭᠡᠷᠡᠭᠰᠡᠨ ᠭᠡᠵᠦ ᠤᠤ  ᠲᠡᠶᠢᠮᠦ ᠪᠢᠰᠢ ᠪᠠᠶᠢᠬ᠎ᠠ᠂ ᠬᠠᠷᠢᠨ ᠰᠣᠨᠢᠨ ᠰᠡᠳᠬᠦᠯ ᠪᠠ ᠬᠡᠪᠲᠦ ᠨᠣᠮ ᠨᠢ ᠤᠩᠰᠢᠭᠴᠢᠳ ᠤᠨ ᠵᠢᠪ ᠵᠢᠩᠬᠢᠨᠢ ᠤᠩᠰᠢᠬᠤ ᠲᠣᠷ᠎ᠠ ᠪᠠᠬᠠᠲᠠᠢ ᠰᠠᠶᠢᠨ ᠨᠣᠮ ᠰᠠᠶᠢᠬᠠᠨ ᠪᠦᠲᠦᠭᠡᠯ ᠢ ᠴᠠᠭ ᠲᠤᠬᠠᠢ ᠳᠥ ᠨᠢ  ᠪᠠᠶᠢᠬᠤ ᠪᠠᠷ ᠳᠤᠲᠠᠮᠠᠭ ᠪᠣᠯᠤᠭᠰᠠᠨ ᠠᠴᠠ ᠪᠠᠶᠢᠬᠤ ᠳ᠋ᠠ᠃︽ ᠴᠢᠨᠠᠷ︾ᠢᠶᠡᠷ ᠣᠷᠣᠰᠢᠬᠤᠢ ᠪᠣᠯᠭᠠᠭᠰᠠᠨ ᠨᠣᠮ ᠵᠣᠬᠢᠶᠠᠯ ᠯᠠ ᠰᠠᠶ᠋ᠢ ᠵᠢᠪ ᠵᠢᠩᠬᠢᠨᠢ ᠬᠥᠮᠥᠨ ᠤ ᠰᠡᠳᠬᠢᠯ ᠳ᠋ᠦ ᠬᠦᠷᠴᠦ᠂ ᠣᠶᠣᠨ ᠰᠠᠨᠠᠭᠠᠨ ᠳ᠋ᠦ ᠨᠢ ᠬᠤᠪᠢᠰᠤᠯᠲᠠ ᠡᠭᠦᠰᠬᠡᠵᠦ ᠴᠢᠳᠠᠳᠠᠭ᠃ ᠢᠩᠬᠢᠭᠡᠳ ᠯᠠ︽ ᠨᠣᠮ ᠡᠷᠳᠡᠨᠢ︾ ᠪᠣᠯᠵᠤ ᠥᠪ ᠦᠨᠡᠨ ᠥᠪ ᠪᠣᠯᠵᠤ ᠥᠮᠴᠢᠯᠡᠭᠳᠡᠳᠡᠭ᠃ 
 ᠵᠠ ᠦᠭᠡ ᠤᠷᠳᠤ ᠪᠣᠯᠪᠠᠯ ᠦᠬᠡᠷ ᠬᠣᠯᠠᠳᠤᠨ᠎ᠠ ᠭᠡᠳᠡᠭ ᠰᠠᠨ᠂ ᠲᠡᠭᠡᠬᠦ ᠪᠡᠷ ᠢᠶᠡᠨ ᠡᠭᠡᠯᠲᠡ ᠦᠭᠡᠢ ᠡᠬᠡ  ︱ ᠨᠡᠢᠲᠡᠯᠡᠭᠳᠡᠭᠡ ᠦᠭᠡᠢ ᠪᠦᠲᠦᠭᠡᠯ ᠢᠶᠡᠨ ᠨᠡᠶᠢᠲᠡ ᠣᠯᠠᠨ ᠤ ᠪᠡᠨ ᠬᠦᠷᠲᠡᠭᠡᠯ ᠪᠣᠯᠭᠠᠵᠤ︽ ᠰᠦᠯᠵᠢᠶᠡᠨ︾ ᠳᠡᠭᠡᠷ᠎ᠡ ᠪᠡᠨ ᠨᠡᠶᠢᠲᠡᠯᠡᠴᠢᠬᠡᠶ᠎ᠡ᠂ ᠬᠦᠴᠦ ᠬᠥᠳᠡᠯᠮᠦᠷᠢ ᠶᠢᠨ ᠮᠠᠨᠢ ᠴᠢᠨᠠᠷ ᠢ ᠨᠢ ᠣᠩᠰᠢᠭᠴᠢᠳ ᠮᠠᠨᠢ ᠠᠮᠲᠠᠷᠬᠠᠨ ᠪᠠᠶᠢᠵᠤ ᠪᠣᠯᠣᠭ ᠭᠡᠳ ᠥᠨᠥᠬᠢ ᠪᠦᠲᠦᠭᠡᠯ ᠢᠶᠡᠨ ᠥᠴᠥᠬᠡᠨ ᠴᠤ ᠳᠠᠳᠠᠭᠠᠯᠵᠠᠯ ᠦᠭᠡᠢ ᠨᠡᠶᠢᠲᠡᠯᠡᠯ᠎ᠡ ᠃ 



  
     
     