 

ᠬᠠᠶᠢᠷ᠎ᠠ ᠬᠠᠯᠠᠮᠵᠢ ᠬᠢᠭᠡᠳ ᠬᠠᠷᠢᠭᠤ ᠲᠠᠯᠠᠷᠬᠠᠯ

2016-10-05 11:40
  458
  0
   ᠴᠢᠨᠳᠠᠮᠤᠨᠢ ᠰᠤᠷᠭᠠᠭᠤᠯᠢ ᠭᠡᠵᠦ ᠵᠠᠷᠤᠳ ᠬᠤᠰᠢᠭᠤᠨ  ᠳᠤ  ᠪᠠᠨ ᠭᠡᠷ ᠪᠠᠷᠢᠯᠭ᠎ᠠ ᠵᠡᠷᠭᠡ ᠪᠦᠲᠦᠭᠡᠨ ᠪᠠᠶᠢᠭᠤᠯᠤᠯᠲᠠ  ᠶᠢᠨ ᠲᠠᠯ᠎ᠠ  ᠪᠠᠷ ᠬᠤᠴᠤᠷᠤᠩᠭᠤᠢ ᠪᠠᠶᠢᠭᠰᠠᠨ ᠨᠢᠭᠡᠨ ᠠᠵᠢ ᠃ᠤᠷᠴᠢᠮ  ᠤᠨ ᠬᠡᠳᠦᠨ ᠵᠢᠯ  ᠡᠴᠡ ᠳᠡᠭᠡᠳᠦ ᠱᠠᠲᠦᠨ  ᠠᠴᠠ ᠬᠡᠥᠬᠡᠳ  ᠦᠨ ᠴᠡᠴᠡᠷᠯᠢᠭ ᠂ᠵᠢᠭᠠᠨ ᠰᠤᠷᠭᠠᠬᠤ ᠠᠰᠠᠷ ᠂ᠲᠤᠭᠤᠭᠠᠨ ᠭᠡᠷ ᠂ᠭᠦᠸᠸᠯᠦ ᠰᠢᠲᠠᠭᠠᠬᠤ ᠭᠡᠷ ᠂ᠪᠡᠶ᠎ᠡ ᠤᠬᠢᠶᠠᠬᠤ ᠭᠡᠷ ᠬᠡᠬᠦᠴᠢᠯᠡᠨ ᠠᠰᠠᠷ ᠪᠠᠷᠢᠯᠭ᠎ᠠ ᠪᠤᠰᠬᠠᠵᠤ ᠦᠭᠭᠦᠨ ᠂ᠵᠢᠭᠠᠨ ᠰᠤᠷᠭᠠᠬᠤ ᠲᠤᠨᠤᠭ ᠲᠦᠬᠦᠭᠡᠷᠦᠮᠵᠢ ᠰᠢᠨ᠎ᠡ  ᠪᠡᠷ ᠤᠷᠤᠭᠤᠯᠵᠤ ᠦᠭᠴᠦ ᠪᠤᠢ ᠂ᠪᠠᠰᠠ ᠰᠤᠷᠭᠠᠭᠤᠯᠢ  ᠶᠢᠨ ᠬᠦᠷᠢᠶ᠎ᠡ  ᠶᠢ ᠬᠠᠲᠠᠭᠤᠷᠠᠭᠤᠯᠬᠤ ᠠᠵᠢᠯ  ᠢ ᠠᠯᠬᠤᠮ ᠳᠠᠷᠠᠭ᠎ᠠ ᠲᠠᠢ ᠬᠢᠵᠦ ᠦᠭᠴᠦ ᠪᠤᠢ ᠃ᠮᠦᠨ ᠴᠦ ᠰᠤᠷᠤᠭᠴᠢᠳ  ᠤᠨ ᠪᠠᠶᠢᠷᠢ  ᠶᠢᠨ ᠠᠰᠠᠷ ᠂ᠪᠠᠭᠰᠢ ᠨᠠᠷ  ᠤᠨ ᠪᠠᠶᠢᠷᠢᠯᠠᠬᠤ ᠠᠰᠠᠷ ᠬᠡᠬᠦᠴᠢᠯᠡᠨ ᠪᠠᠷᠢᠵᠤ ᠦᠭᠬᠦ  ᠪᠡᠷ ᠵᠦᠪᠰᠢᠶᠡᠷᠡᠵᠦ ᠠᠵᠢᠯ  ᠢᠶᠠᠨ ᠡᠬᠢᠯᠡᠬᠦᠯᠵᠤ ᠪᠤᠢ ᠃    
  ᠡᠳᠡᠭᠡᠷ ᠨᠢ ᠴᠢᠨᠳᠠᠮᠤᠨᠢ ᠰᠤᠷᠭᠠᠭᠤᠯᠢ ᠂ᠴᠢᠨᠳᠠᠮᠤᠨᠢ ᠨᠤᠲᠤᠭ  ᠤᠨ ᠠᠷᠠᠳ ᠲᠦᠮᠡᠨ  ᠳᠦ ᠦᠵᠡᠭᠦᠯᠦᠭᠰᠡᠨ ᠨᠠᠮ ᠵᠠᠰᠠᠭ  ᠤᠨ ᠬᠠᠶᠢᠷ᠎ᠠ ᠬᠠᠯᠠᠮᠵᠢ ᠂ᠴᠢᠨᠳᠠᠮᠤᠨᠢ ᠰᠤᠮᠤᠨ  ᠤ ᠦᠷ᠎ᠡ ᠬᠤᠶᠢᠴᠢᠰ  ᠲᠤ ᠬᠦᠷᠲᠡᠬᠡᠭᠰᠡᠨ ᠪᠤᠶᠠᠨᠲᠤ ᠦᠢᠯᠡᠰ ᠪᠤᠶᠤ ᠃    
  ︽ᠪᠠᠶᠠᠷ ᠳᠡᠭᠡᠷ᠎ᠡ ᠪᠠᠶᠠᠷ ᠂ᠪᠠᠭᠪᠤᠷ ᠳᠡᠭᠡᠷ᠎ᠠ ᠰᠢᠬᠢᠷ ︾ᠬᠡᠬᠦᠴᠢᠯᠡᠨ ᠵᠠᠷᠢᠮ ᠪᠠᠶᠢᠭᠤᠯᠭ᠎ᠠ ᠨᠢᠭᠡᠴᠢ ᠪᠤᠶᠤ ᠬᠤᠪᠢ ᠬᠦᠮᠦᠨ ᠴᠤ ᠬᠠᠯᠠᠭᠤᠨ ᠭᠠᠷ  ᠢᠶᠠᠨ ᠰᠤᠩᠭᠠᠵᠤ ᠂ᠬᠠᠨᠳᠢᠪ ᠵᠢᠳᠭᠦᠯ  ᠢᠶᠡᠨ ᠦᠵᠡᠬᠦᠯᠦᠭᠰᠡᠨ  ᠢ ᠶᠠᠭᠠᠬᠢᠨ ᠳᠤᠷᠠᠳᠬᠤ ᠦᠭᠡᠢ ᠪᠠᠶᠢᠵᠤ ᠴᠢᠳᠠᠬᠤ ᠪᠤᠢ ︖ᠬᠡᠷᠬᠢᠨ ᠰᠤᠷᠲᠠᠯᠴᠢᠯᠠᠬᠤ ᠦᠭᠡᠢ ᠪᠠᠶᠢᠵᠤ ᠪᠤᠯᠬᠤ ᠪᠤᠢ ︖    
         ᠨᠢᠭᠡ    
   ᠴᠢᠨᠳᠠᠮᠤᠨᠢ ᠰᠤᠷᠭᠠᠭᠤᠯᠢ  ᠶᠢᠨ ᠨᠤᠮ  ᠤᠨ ᠰᠠᠩ ᠭᠡᠵᠦ ᠬᠠᠭᠤᠴᠢᠷᠠᠮᠠᠯ ᠬᠢᠲᠠᠳ ᠨᠤᠮ ᠯᠠ ᠢᠯᠡᠬᠦᠦ ᠰᠢᠭ ᠪᠠᠶᠢᠵᠤ ᠂ᠬᠡᠥᠬᠡᠳ  ᠦᠨ ᠭᠠᠷ ᠠᠪᠤᠯᠭ᠎ᠠ  ᠶᠢᠨ ᠮᠤᠩᠭᠤᠯ ᠨᠤᠮ ᠲᠤᠩ ᠴᠦᠭᠡᠨ ᠪᠠᠶᠢᠭᠰᠠᠨ ᠶᠤᠮ ᠃ᠡᠨᠡ ᠦᠶᠡᠰ 2015ᠤᠨ  ᠤ 6ᠰᠠᠷ᠎ᠠ  ᠶᠢᠨ 12    ᠦᠨ ᠡᠳᠦᠷ ᠂︽ᠦᠪᠦᠷ ᠮᠤᠩᠭᠤᠯ  ᠤᠨ ᠪᠠᠭᠠᠴᠤᠳ ᠬᠡᠦᠬᠡᠳ  ᠦᠨ ᠬᠡᠪᠯᠡᠯ  ᠦᠨ ᠬᠤᠷᠢᠶ᠎ᠠ ︾ ᠶᠢᠨ ᠳᠠᠷᠤᠭ᠎ᠠ ᠰᠠᠶᠢᠨ᠋ᠥ᠌ᠯᠵᠡᠢ ᠨᠦᠬᠦᠷ  ᠦᠨ ᠳᠠᠭᠠᠭᠤᠯᠭ᠎ᠠ  ᠪᠠᠷ ᠂ᠴᠢᠨᠳᠠᠮᠤᠨᠢ ᠰᠤᠷᠭᠠᠭᠤᠯᠢ  ᠳᠤ ᠂ᠳᠦᠷᠪᠡᠨ ᠲᠦᠮᠡ ᠭᠠᠷᠤᠢ ᠲᠦᠬᠦᠷᠢᠭ  ᠦᠨ ᠨᠤᠮ ᠪᠡᠯᠡᠭᠯᠡᠵᠦ ᠂ᠪᠦᠭᠡᠮ ᠪᠠᠶᠠᠷ ᠠᠪᠴᠢᠷᠠᠭᠰᠠᠨ ᠶᠤᠮ ᠃    
   ᠰᠠᠶᠢᠨ᠋ᠥ᠌ᠯᠵᠡᠢ ᠨᠦᠬᠦᠷ ᠭᠡᠵᠦ ᠴᠢᠨᠳᠠᠮᠤᠨᠢ ᠰᠤᠮᠤᠨ  ᠤ ᠰᠢᠷᠠᠲᠠᠯ᠎ᠠ ᠭᠠᠴᠠᠭ᠎ᠠ  ᠳᠤ ᠨᠤᠲᠤᠭᠲᠠᠢ ᠂ᠲᠡᠷᠡ ᠬᠠᠷᠠᠬᠠᠨ ᠪᠠᠭ᠎ᠠ  ᠠᠴᠠ  ᠪᠠᠨ ᠡᠨᠡ ᠨᠤᠲᠤᠭ  ᠤᠨ  ᠢᠶᠠᠨ ᠡᠭᠡᠯᠢᠳᠦ ᠬᠦᠷᠦᠰᠦᠨ  ᠳᠦ ᠲᠤᠭᠯᠠᠵᠤ ᠂ᠪᠠᠭ᠎ᠠ ᠰᠤᠷᠭᠠᠭᠤᠯᠢ ᠂ᠠᠩᠬ᠎ᠠ ᠳᠤᠮᠳᠠᠳᠤ  ᠪᠠᠨ ᠡᠨᠡ ᠨᠤᠲᠤᠭ  ᠤᠨ  ᠢᠶᠠᠨ ᠰᠤᠷᠭᠠᠭᠤᠯᠢ  ᠳᠤ ᠰᠤᠷᠤᠯᠴᠠᠵᠤ ᠂ᠬᠦᠰᠡᠯ  ᠦᠨ ᠵᠢᠭᠦᠷ  ᠢᠶᠡᠨ ᠳᠡᠯᠭᠡᠭᠰᠡᠨ ᠶᠤᠮᠰᠠᠨ ᠂ᠲᠡᠷᠡ  ᠪᠡᠷ ᠬᠤᠯᠠ ᠶᠠᠪᠤᠵᠤ ᠡᠷᠳᠡᠮ ᠰᠤᠷᠤᠭᠠᠳ ᠂ᠦᠨᠳᠦᠷ  ᠲᠦ ᠳᠡᠬᠦᠯᠢᠵᠤ ᠂ᠠᠯᠤᠰ  ᠢ ᠪᠠᠷᠠᠯᠠᠭᠠᠳ ᠦᠯᠦᠭᠡᠢ ᠨᠤᠲᠤᠭ ᠂ᠡᠬᠡ ᠰᠤᠷᠭᠠᠭᠤᠯᠢ  ᠪᠠᠨ ᠤᠮᠠᠷᠲᠠᠭ᠎ᠠ ᠦᠭᠡᠢ᠂ ᠬᠤᠴᠤᠷᠤᠩᠭᠤᠢ ᠪᠠᠶᠢᠭ᠎ᠠ ᠴᠢᠨᠳᠠᠮᠤᠨᠢ ᠰᠤᠷᠭᠠᠭᠤᠯᠢ  ᠪᠠᠨ ᠮᠠᠷᠲᠠᠭ᠎ᠠ ᠦᠭᠡᠢ ᠃ᠲᠡᠷᠡ ᠭᠠᠵᠠᠷ ᠮᠢᠨᠦ ᠬᠦᠯ  ᠳᠦ ᠤᠷᠤᠵᠤ ᠂ᠬᠦᠮᠦᠨ ᠪᠤᠯᠤᠭᠰᠠᠨ ᠮᠦᠷ ᠰᠡᠬᠦᠳᠡᠷ ᠪᠤᠢ ᠂ᠲᠡᠷᠡ ᠨᠤᠲᠤᠭ  ᠲᠤ ᠂ᠮᠢᠨᠦ ᠰᠤᠷᠤᠯᠴᠠᠵᠤ ᠨᠢᠳᠦᠯᠡᠭᠰᠡᠨ ᠡᠷᠬᠢᠴᠡᠬᠦᠯᠦᠯ ᠳᠤᠷᠠᠳᠬᠠᠯ ᠪᠤᠢ ᠂ᠲᠡᠷᠡ ᠨᠤᠲᠤᠭ  ᠲᠤ ᠮᠢᠨᠦ ᠡᠯᠢᠭᠡᠨ ᠰᠠᠲᠤᠨ ᠂ᠲᠠᠨᠢᠯ ᠳᠠᠰᠤᠯ ᠬᠦᠮᠦᠰ ᠪᠤᠢ ᠭᠡᠵᠦ ᠨᠤᠲᠤᠭ ᠤᠰᠤᠨ  ᠤ  ᠪᠠᠨ ᠰᠤᠶᠤᠯ ᠰᠤᠷᠭᠠᠨ ᠬᠦᠮᠦᠵᠢᠯ  ᠳᠦ ᠂ᠭᠡᠭᠡᠷᠡᠯ ᠪᠤᠯᠪᠠᠰᠤᠷᠠᠯ  ᠤᠨ ᠦᠢᠯᠡᠰ  ᠲᠦ ᠵᠢᠳᠬᠦᠯ ᠬᠠᠨᠳᠢᠪ  ᠢᠶᠠᠨ ᠡᠷᠬᠦᠵᠦ ᠪᠤᠢ ᠃ᠬᠡᠦᠬᠡᠳ  ᠦᠨ ᠨᠢᠳᠦ  ᠶᠢ ᠨᠡᠭᠡᠭᠡᠯᠭᠡᠬᠦ  ᠪᠡᠷ ᠂ᠤᠶᠤᠨ ᠤᠬᠠᠭᠠᠨ  ᠢ ᠨᠢ ᠰᠢᠮᠡᠵᠢᠬᠦᠯᠬᠦ  ᠪᠡᠷ ᠦᠨ᠎ᠡ ᠴᠡᠨ᠎ᠡ ᠲᠠᠢ ᠨᠤᠮ  ᠤᠳ  ᠢᠶᠠᠨ ᠲᠡᠭᠡᠭᠡᠵᠦ ᠢᠷᠡᠪᠡ ᠂ᠡᠨᠡ ᠨᠢ ᠨᠤᠲᠤᠭᠴᠢ ᠬᠠᠶᠢᠷ᠎ᠠ ᠲᠠᠢ ᠨᠢᠭᠡᠨ ᠬᠦᠦ  ᠶᠢᠨ ᠳᠡᠮᠵᠢᠯᠭᠡ ᠲᠤᠰᠠᠯᠠᠮᠵᠢ ᠂ᠮᠦᠨ ᠴᠤ ︽ᠦᠪᠦᠷ ᠮᠤᠩᠭᠤᠯ  ᠤᠨ ᠪᠠᠭᠠᠴᠤᠳ ᠬᠡᠦᠬᠡᠳ  ᠦᠨ ᠬᠤᠷᠢᠶ᠎ᠠ ︾  ᠶᠢᠨ  ᠬᠢᠨ  ᠦ ᠢᠪᠡᠭᠡᠯ ᠰᠤᠶᠤᠷᠬᠠᠯ ᠶᠤᠮ ᠃ᠶᠤᠰᠤᠲᠠᠢ ᠂ᠠᠩᠭᠠᠭᠰᠠᠨ ᠬᠦᠮᠦᠨ  ᠳᠦ ᠤᠮᠳᠠ ᠬᠦᠷᠭᠡᠵᠦ ᠂ᠴᠠᠩᠭᠠᠭᠰᠠᠨ ᠬᠦᠷᠦᠰᠦᠨ  ᠳᠦ ᠷᠠᠰᠢᠶᠠᠨ ᠲᠦᠰᠦᠷᠭᠡᠭᠰᠡᠨ ᠪᠤᠶᠠᠨᠲᠤ ᠴᠠᠭᠠᠨ ᠦᠢᠯᠡᠰ ᠪᠠᠶᠢᠭ᠎ᠠ ᠃   
   ᠡᠳᠡᠭᠡᠷ ᠨᠢ ᠨᠠᠮ ᠵᠠᠰᠠᠭ  ᠤᠨ ᠬᠠᠶᠢᠷ᠎ᠠ ᠬᠠᠯᠠᠮᠵᠢ ᠂ᠡᠨᠡ ᠬᠦ ᠬᠠᠶᠢᠷ᠎ᠠ ᠬᠠᠯᠠᠮᠵᠢ  ᠶᠢ ᠬᠦᠳᠡᠭᠡ ᠨᠤᠲᠤᠭ  ᠤᠨ ᠠᠷᠠᠳ ᠲᠦᠮᠡᠨ ᠴᠢᠨᠢ ᠠᠯᠠᠭᠠᠨ  ᠳᠤ  ᠪᠠᠨ ᠲᠤᠰᠴᠤ ᠂ᠠᠶᠤᠤᠯᠢᠬᠠᠢ  ᠳᠤ  ᠪᠠᠨ ᠰᠠᠶᠢᠯᠵᠤ ᠪᠤᠢ ᠂ᠡᠨᠡ ᠬᠦ ᠬᠠᠪᠰᠤᠷᠤᠮᠵᠢ ᠲᠤᠰᠠᠯᠠᠮᠵᠢ  ᠶᠢ ᠨᠤᠲᠤᠭ  ᠤᠨ ᠴᠢᠨᠢ ᠦᠷ᠎ᠡ ᠬᠤᠶᠢᠴᠢᠰ ᠡᠯᠢᠭᠡᠨ  ᠳᠦ  ᠪᠡᠨ ᠨᠠᠭᠠᠵᠤ ᠂ᠵᠢᠷᠦᠬᠡᠨ  ᠳᠦ  ᠪᠡᠨ ᠰᠢᠩᠭᠡᠭᠡᠵᠦ ᠪᠤᠢ ᠃   
   ᠡᠷᠬᠢᠮ ᠲᠠᠨᠤᠰ  ᠤᠨ ᠠᠵᠢᠯ ᠦᠢᠯᠡᠰ ᠦᠭᠡᠳᠡᠷᠭᠡᠭ ᠪᠠᠶᠢᠭᠠᠰᠠᠢ ︕ᠬᠡᠪᠯᠡᠯ  ᠦᠨ ᠬᠤᠷᠢᠶᠠᠨ  ᠤ ᠢᠷᠡᠭᠡᠳᠦᠢ ᠨᠡᠩ ᠭᠡᠭᠡᠨ ᠰᠠᠷᠠᠭᠤᠯᠬᠠᠨ ᠪᠠᠶᠢᠭᠠᠰᠠᠢ ︕   
        ᠬᠤᠶᠠᠷ    
  ︽ᠶᠢᠷᠳᠢᠨᠴᠦ  ᠶᠢᠨ ᠬᠠᠮᠤᠭ  ᠤᠨ ᠭᠤᠸ᠎ᠠ ᠰᠠᠶᠢᠬᠠᠨ ᠪᠤᠯ ᠰᠡᠳᠭᠢᠯ  ᠦᠨ ᠰᠠᠶᠢᠬᠠᠨ ︾ᠭᠡᠳᠡᠭ ᠂ᠰᠡᠳᠭᠢᠯ  ᠦᠨ ᠰᠠᠶᠢᠬᠠᠨ  ᠠᠴᠠ ᠯᠠ ᠦᠢᠯᠡ ᠠᠵᠢᠯᠯᠠᠭ᠎ᠠ  ᠶᠢᠨ ᠰᠠᠶᠢᠬᠠᠨ ᠳᠡᠯᠭᠡᠷᠡᠳᠡᠭ ᠪᠠᠶᠢᠬᠤ ᠦᠭᠡᠢ ᠦᠦ ︖   
   2015ᠤᠨ  ᠤ 6ᠰᠠᠷ᠎ᠠ  ᠶᠢᠨ 27    ᠦ ᠡᠳᠦᠷ ᠂ᠴᠢᠨᠳᠠᠮᠤᠨᠢ ᠰᠤᠮᠤ  ᠶᠢᠨ ᠨᠤᠭᠤᠭᠠᠨᠴᠢᠯᠠᠭᠤ ᠭᠠᠴᠠᠭ᠎ᠠ  ᠳᠤ ᠨᠤᠲᠤᠭᠲᠠᠢ ᠂ᠦᠭᠡᠳᠡ ᠨᠦᠬᠦᠷ ᠂ᠨᠤᠲᠤᠭ  ᠤᠨ  ᠢᠶᠠᠨ ᠤᠪᠤᠭ᠎ᠠ ᠂ᠱᠨᠩᠰᠢ  ᠶᠢ ᠲᠠᠬᠢᠵᠤ ᠂ᠡᠪᠦᠭᠡᠳ ᠨᠠᠰᠤᠳᠠᠳ  ᠲᠤ  ᠪᠠᠨ ᠲᠡᠳᠬᠦᠮᠵᠢ ᠬᠦᠷᠲᠡᠭᠡᠵᠦ ᠂ᠦᠪᠡᠳᠡᠭᠰᠢ ᠨᠠᠶᠢᠷ ᠡᠷᠬᠢᠯᠡᠵᠦ ᠂ᠦᠷᠭᠡᠨ ᠪᠤᠶᠠᠨ ᠳᠡᠯᠭᠡᠷᠡᠬᠦᠯᠦᠭᠰᠡᠨ ᠶᠤᠮ ᠃   
   ᠦᠭᠡᠳᠡ ᠨᠦᠬᠦᠷ ᠦᠨᠦ ᠂ᠤᠷᠤᠨ  ᠤ ᠲᠦᠪ ᠬᠦᠭᠡᠬᠤᠲᠠ  ᠳᠤ ᠂︽ᠦᠭᠡᠳᠡ ᠮᠤᠩᠭᠤᠯ ᠡᠬᠦᠳᠡᠨ ᠡᠮᠨᠡᠯᠭᠡ ︾ᠡᠷᠬᠢᠯᠡᠵᠦ ᠂ᠬᠤᠯᠠ ᠤᠶᠢᠷ᠎ᠠ  ᠳᠤ ᠠᠯᠳᠠᠷᠰᠢᠭᠰᠠᠨ ᠂ᠨᠡᠷ᠎ᠠ ᠲᠦᠷᠦ ᠲᠠᠢ ᠡᠮᠴᠢ ᠪᠤᠯᠵᠤ ᠭᠢᠯᠠᠷᠠᠵᠤ ᠶᠠᠪᠤᠭ᠎ᠠ ᠃   
   ᠤᠲᠠᠴᠢ  ᠶᠢᠨ ᠠᠯᠳᠠᠷ  ᠢ ᠳᠠᠭᠤᠷᠢᠰᠬᠠᠵᠤ ᠂ᠤᠷᠤᠨ  ᠤ ᠳᠤᠲᠤᠨ᠎ᠠ ᠭᠠᠳᠠᠨ᠎ᠠ ᠤᠷᠢᠭᠳᠠᠵᠤ ᠶᠠᠪᠤᠭ᠎ᠠ ᠴᠤ ᠤᠰᠤ ᠨᠤᠲᠤᠭ  ᠢᠶᠠᠨ ᠮᠠᠷᠲᠠᠭ᠎ᠠ ᠦᠭᠡᠢ ᠂ᠤᠯᠤᠭᠰᠠᠨ ᠵᠤᠭᠤᠰ ᠂ᠴᠤᠭᠯᠠᠭᠤᠯᠤᠭᠰᠠᠨ ᠮᠦᠩᠭᠦ  ᠪᠡᠷ  ᠢᠶᠡᠨ ᠨᠤᠲᠤᠭ ᠤᠰᠤᠨ  ᠤ ᠬᠢᠨ  ᠳᠦ  ᠪᠡᠨ ᠲᠤᠰᠠᠲᠠᠢ ᠠᠵᠢᠯ ᠬᠢᠵᠦ ᠂ᠨᠠᠪᠳᠠᠭ ᠰᠠᠪᠳᠠᠭ  ᠢᠶᠠᠨ ᠪᠠᠶᠠᠰᠬᠠᠵᠤ ᠪᠤᠢ ᠂ᠨᠡᠩ ᠴᠤ ᠡᠷᠳᠡᠮ  ᠦᠨ ᠤᠭᠤᠷᠠᠭ  ᠢ ᠰᠢᠮᠡᠬᠦᠯᠵᠦ ᠂ᠤᠬᠠᠭᠠᠨ  ᠤ ᠲᠡᠵᠢᠭᠡᠯ ᠬᠦᠷᠲᠡᠭᠡᠭᠰᠡᠨ ᠡᠬᠡ ᠰᠤᠷᠭᠠᠭᠤᠯᠢ  ᠪᠠᠨ ᠰᠠᠨᠠᠵᠤ ᠤᠯᠤᠨ ᠂ᠦᠪᠡᠷ  ᠦᠨ ᠬᠡᠴᠢᠨᠡᠭᠡᠨ ᠵᠢᠯ  ᠦᠨ ᠠᠷᠢᠭᠤᠨ ᠴᠠᠭᠠᠨ ᠬᠦᠳᠡᠯᠮᠦᠷᠢ  ᠪᠡᠷ  ᠢᠶᠡᠨ ᠬᠤᠷᠠᠮᠳᠤᠭᠤᠯᠤᠭᠰᠠᠨ ᠡᠳᠦᠢ ᠲᠡᠳᠦᠢ  ᠪᠡᠨ ᠭᠠᠷ ᠲᠠᠲᠠᠯ ᠦᠭᠡᠢ ᠭᠠᠷᠭᠠᠵᠤ᠂ ᠨᠤᠭᠤᠭᠠᠨᠴᠢᠯᠠᠭᠤ ᠭᠠᠴᠠᠭ᠎ᠠ  ᠶᠢᠨ  ᠢᠶᠡᠨ ᠪᠠᠭ᠎ᠠ ᠰᠤᠷᠭᠠᠭᠤᠯᠢ ᠪᠠ ᠴᠢᠨᠳᠠᠮᠤᠨᠢ ᠰᠤᠷᠭᠠᠭᠤᠯᠢ  ᠳᠤ  ᠪᠠᠨ ᠨᠡᠮᠡᠷᠢ ᠪᠤᠯᠭᠠᠨ ᠬᠠᠨᠳᠢᠪᠯᠠᠵᠤ ᠪᠤᠢ ᠃   
  ᠴᠢᠨᠳᠠᠮᠤᠨᠢ ᠰᠤᠷᠭᠠᠭᠤᠯᠢ  ᠳᠤ ᠂ᠳᠠᠭᠤᠤ ᠬᠦᠭᠵᠢᠮ  ᠦᠨ ᠪᠠᠭᠠᠵᠢ ᠬᠡᠷᠡᠭᠰᠡᠯ ᠪᠠ ᠨᠤᠮ ᠳᠡᠪᠲᠡᠷ ᠲᠠᠢ ᠬᠤᠶᠠᠷ ᠲᠦᠮᠡᠨ ᠲᠦᠬᠦᠷᠢᠭ  ᠦᠨ ᠦᠷᠲᠡᠭ ᠪᠦᠬᠦᠢ ᠪᠤᠳᠠᠰ ᠬᠦᠷᠭᠡᠵᠦ ᠢᠷᠡᠪᠡ ᠃ᠡᠨᠡ ᠰᠡᠳᠬᠢᠯ  ᠡᠴᠡ ᠰᠦ  ᠳᠤᠰᠤᠯᠤᠨᠠᠮ ᠂ᠡᠬᠡ  ᠶᠢᠨ ᠴᠠᠭᠠᠨ ᠰᠦ  ᠳᠤᠰᠤᠯᠤᠨᠠᠮ ︕ᠡᠨᠡ ᠠᠷᠢᠭᠤᠨ ᠴᠠᠭᠠᠨ  ᠰᠦ ᠂ᠴᠢᠨᠳᠠᠮᠤᠨᠢ ᠨᠤᠲᠤᠭ  ᠤᠨ ᠦᠶ᠎ᠡ ᠦᠶ᠎ᠡ  ᠶᠢᠨ ᠦᠷ᠎ᠡ ᠬᠡᠦᠬᠡᠳ  ᠢ ᠡᠷᠳᠡᠮ ᠮᠡᠳᠡᠯᠭᠡ  ᠪᠡᠷ ᠤᠭᠵᠢᠨᠠᠮ ᠂ᠤᠬᠠᠭᠠᠨ ᠪᠢᠯᠢᠭ  ᠢᠶᠡᠷ ᠤᠮᠳᠠᠯᠠᠨᠠᠮ ︕  
  ᠦᠪᠡᠷ  ᠦᠨ ᠭᠡᠰᠡᠨ ᠤᠷᠤᠯᠭ᠎ᠠ  ᠪᠠᠷ  ᠢᠶᠠᠨ ᠬᠦᠮᠦᠨ ᠶᠠᠭᠤ ᠬᠢᠭᠰᠡᠨ ᠴᠤ ᠪᠤᠯᠤᠨ᠎ᠠ ᠂ᠶᠢᠷᠲᠢᠨᠴᠦ ᠳ᠋ᠠᠬᠢᠨ  ᠢᠶᠠᠷ ᠵᠤᠭᠠᠴᠠᠵᠤ ᠂ᠡᠯᠳᠡᠪ  ᠢ ᠦᠵᠡᠨ ᠨᠢᠳᠦ ᠰᠡᠳᠬᠢᠯ  ᠢᠶᠡᠨ ᠪᠠᠶᠠᠰᠬᠠᠵᠤ ᠪᠤᠯᠤᠨ᠎ᠠ ᠂ᠠᠮᠲᠠᠲᠠᠨ  ᠢ ᠵᠤᠭᠤᠭᠯᠠᠨ ᠂ᠠᠯᠲᠠᠲᠠᠨ  ᠢ ᠡᠳ᠋ᠯᠡᠵᠦ ᠵᠢᠷᠭᠠᠨ ᠴᠡᠩᠬᠡᠵᠦ ᠴᠤ ᠪᠤᠯᠤᠨ᠎ᠠ ᠂ᠬᠡᠶ᠎ᠡ ᠂ᠦᠭᠡᠳᠡ ᠨᠦᠬᠦᠷ ᠲᠡᠭᠡᠭᠡ ᠦᠭᠡᠢ ᠂ᠨᠤᠲᠤᠭ  ᠢᠶᠠᠨ ᠭᠡᠰᠡᠨ ᠵᠢᠷᠦᠬᠡ ᠨᠢ ᠬᠠᠯᠠᠭᠤᠬᠠᠨ ᠯᠤᠭᠰᠢᠵᠤ ᠪᠤᠢ ᠂ᠰᠤᠶᠤᠯ  ᠢᠶᠠᠨ ᠭᠡᠰᠡᠨ ᠪᠤᠳᠤᠯ ᠨᠢ ᠴᠠᠭᠠᠨ᠎ᠠ  ᠠᠴᠠ  ᠪᠠᠨ ᠲᠦᠯᠬᠢᠯᠡᠵᠦ ᠪᠤᠢ ᠃  
  ᠲᠡᠷᠡ  ᠪᠡᠷ ᠂ᠳᠠᠭᠤᠳᠠᠬᠤ ᠨᠡᠷ᠎ᠡ  ᠳᠦ  ᠪᠡᠨ ᠠᠳᠠᠯᠢ ᠦᠭᠡᠳᠡ ᠲᠠᠢ ᠵᠦᠢᠯ  ᠢ ᠰᠡᠳᠬᠢᠵᠦ ᠂ᠳᠠᠭᠤᠷᠢᠰᠬᠤ ᠠᠯᠳᠠᠷ  ᠲᠤ  ᠪᠠᠨ ᠠᠳᠠᠯᠢ ᠪᠤᠶᠠᠨᠰᠠᠭ ᠦᠢᠯᠡ  ᠶᠢ ᠰᠡᠲᠦᠵᠦ ᠪᠤᠢ ᠂ᠤᠯᠤᠭᠰᠠᠨ ᠴᠠᠯᠢᠩ ᠂ᠬᠦᠷᠲᠡᠭᠰᠡᠨ ᠤᠯᠭᠤᠮᠵᠢ  ᠪᠠᠨ ᠨᠤᠲᠤᠭ ᠵᠦᠭ  ᠢᠶᠡᠨ ᠡᠷᠭᠦᠵᠦ ᠪᠤᠢ ᠂ᠨᠤᠲᠤᠭ  ᠤᠨ  ᠢᠶᠠᠨ ᠬᠦᠭᠵᠢᠯ ᠴᠡᠴᠡᠭᠯᠡᠯ  ᠦᠨ ᠦᠢᠯᠡᠰ  ᠲᠦ ᠳᠡᠭᠡᠳᠦᠯᠡᠵᠦ ᠪᠤᠢ ᠃  
  ᠶᠠᠭᠤ ᠬᠦᠨᠳᠦ ᠪᠤᠢ ︖ᠰᠡᠳᠭᠢᠯ ᠯᠠ ᠬᠦᠨᠳᠦ ᠃ᠡᠨᠡ ᠰᠡᠳᠬᠢᠯ ᠬᠡᠰᠡᠭᠲᠡᠢ ᠠᠯᠲᠠ ᠂ᠬᠡᠯᠬᠢᠶ᠎ᠠ ᠲᠠᠢ ᠰᠤᠪᠤᠳ  ᠡᠴᠡ ᠬᠦᠨᠲᠦᠬᠡᠨ ᠪᠠᠶᠢᠭ᠎ᠠ ᠃  
  ᠡᠷᠬᠢᠮ ᠲᠠᠨ  ᠤ ᠠᠯᠳᠠᠷ ᠵᠢᠳᠬᠦᠯ  ᠢ ᠨᠤᠲᠤᠭ  ᠤᠨ ᠲᠦᠮᠡᠨ ᠴᠢᠨᠢ ᠬᠡᠴᠢᠶᠡᠲᠡ ᠮᠠᠷᠲᠠᠬᠤ ᠦᠭᠡᠢ ᠶᠤᠮ ᠂ᠲᠠᠨ  ᠤ ᠠᠯᠳᠠᠷ ᠵᠢᠳᠬᠦᠯ ᠴᠢᠨᠢ ᠴᠢᠨᠳᠠᠮᠤᠨᠢ ᠰᠤᠷᠭᠠᠭᠤᠯᠢ  ᠶᠢᠨ ᠲᠡᠦᠬᠡ  ᠶᠢᠨ ᠠᠯᠲᠠᠨ ᠬᠠᠭᠤᠳᠠᠰᠤᠨ  ᠳᠤ ᠮᠦᠩᠬᠡᠳᠠ ᠰᠡᠶᠢᠯᠦᠭᠳᠡᠬᠦ ᠶᠤᠮ ᠃  
  ᠠᠯᠳᠠᠷ  ᠲᠤ  ᠪᠠᠨ ᠠᠳᠠᠯᠢ ᠂ᠠᠮᠢᠳᠤᠷᠠᠯ ᠦᠢᠯᠡᠰ ᠴᠢᠨᠢ ᠦᠭᠡᠳᠡ ᠡᠰᠡᠷᠡᠭ ᠪᠠᠶᠢᠭᠠᠰᠠᠢ ︕ᠦᠭᠡᠳᠡ ᠮᠢᠨᠦ ᠃  
       ᠭᠤᠷᠪᠠ   
  ︽ᠬᠦᠮᠦᠨ  ᠳᠦ ᠴᠡᠴᠡᠭ ᠰᠢᠭ ᠬᠠᠨᠳᠤ ᠂ᠦᠨᠦᠷ ᠨᠢ ᠴᠢᠮ᠎ᠠ  ᠳᠤ ᠦᠯᠡᠳᠡᠨ᠎ᠡ ︾ᠭᠡᠵᠦ ᠶᠠᠫᠤᠨ  ᠤ ᠡᠮᠴᠢ ᠂ᠵᠤᠬᠢᠶᠠᠯᠴᠢ ᠰᠠᠶ᠋ᠢᠲ᠋ᠤ᠋ ᠂ᠰᠢᠭᠠᠶᠢᠲ᠋ᠠ ᠶᠠᠷᠢᠭᠰᠠᠨ ᠶᠤᠮ ᠃  
   ᠵᠠᠷᠤᠳ ᠬᠤᠰᠢᠭᠤᠨ  ᠤ ᠰᠤᠷᠭᠠᠨ ᠬᠦᠮᠦᠵᠢᠯ ᠪᠡᠶ᠎ᠡ ᠲᠠᠮᠢᠷ  ᠤᠨ ᠲᠤᠪᠴᠢᠶᠠᠨ  ᠤ ᠵᠢᠭᠠᠬᠤ  ᠶᠢ ᠰᠤᠳᠤᠯᠬᠤ ᠭᠡᠷ  ᠦᠨ ᠡᠷᠬᠢᠯᠡᠭᠴᠢ ᠰᠡᠷᠭᠦᠨ ᠨᠦᠬᠦᠷ ᠬᠡᠵᠢᠶᠡᠳᠡ ᠦᠷᠦᠭᠡᠯ ᠪᠤᠰᠤᠳ  ᠲᠤ ᠦᠭᠬᠢᠶᠡᠮᠦᠷᠴᠢ ᠂ᠲᠤᠰᠠᠴᠢ ᠬᠠᠨᠳᠤᠳᠠᠭ ᠨᠢᠭᠡᠨ ᠶᠤᠮ ᠃ᠮᠦᠨ ᠴᠤ ᠴᠢᠨᠳᠠᠮᠤᠨᠢ ᠰᠤᠷᠭᠠᠭᠤᠯᠢ  ᠶᠢᠨ ᠬᠠᠮᠢᠶᠠᠷᠤᠯᠲᠠ ᠂ᠵᠢᠭᠠᠨ ᠰᠤᠷᠭᠠᠬᠤ ᠠᠵᠢᠯ  ᠳᠤ ᠬᠠᠪᠰᠤᠷᠤᠯᠭ᠎ᠠ ᠳᠡᠮᠵᠢᠯᠭᠡ ᠦᠵᠡᠬᠦᠯᠦᠭᠰᠡᠭᠡᠷ ᠢᠷᠡᠭᠰᠡᠨ ᠨᠢ ᠦᠨᠡᠨᠲᠡᠢ ᠃  
   ᠲᠡᠷᠡ  ᠪᠡᠷ ᠂ᠴᠢᠨᠳᠠᠮᠤᠨᠢ ᠰᠤᠷᠭᠠᠭᠤᠯᠢ  ᠳᠤ ᠬᠢᠴᠢᠶᠡᠯ ᠰᠤᠨᠤᠰᠴᠤ ᠂ᠠᠵᠢᠯ ᠪᠠᠶᠢᠴᠠᠭᠠᠬᠤ  ᠪᠠᠷ ᠢᠷᠡᠬᠦ  ᠳᠦ  ᠪᠡᠨ ᠂ᠪᠠᠭᠰᠢ ᠨᠠᠷ  ᠤᠨ ᠠᠯᠪᠠᠨ ᠭᠡᠷ  ᠲᠦ  ᠪᠡᠨ ᠬᠡᠷᠡᠭᠯᠡᠵᠦ ᠪᠠᠶᠢᠭ᠎ᠠ ᠺᠤᠮᠫᠢᠦᠲ᠋ᠧᠷ  ᠤᠨ ᠬᠠᠭᠤᠴᠢᠷᠠᠮᠠᠯ ᠪᠦᠭᠡᠳ ᠲᠤᠭᠠᠲᠠᠢ ᠬᠡᠳᠦᠬᠡᠨ ᠪᠠᠶᠢᠭ᠎ᠠ  ᠳᠤ ᠵᠢᠷᠦᠬᠡ ᠨᠢ ᠰᠢᠮᠰᠢᠷᠡᠵᠦ ᠂ᠪᠤᠳᠤᠯ ᠨᠢ ᠵᠠᠩᠬᠢᠷᠠᠭᠰᠠᠨ ᠪᠠᠶᠢᠭ᠎ᠠ ᠶᠤᠮ ᠃ᠡᠶᠢᠮᠦᠷᠬᠦ ᠵᠢᠭᠠᠨ ᠰᠤᠷᠭᠠᠬᠤ ᠪᠠᠭᠠᠵᠢ ᠬᠡᠷᠡᠭᠰᠡᠯ ᠬᠤᠴᠤᠷᠤᠩᠭᠤᠢ ᠪᠠᠶᠢᠳᠠᠯ  ᠢᠶᠠᠷ ᠶᠠᠭᠠᠬᠢᠨ ᠴᠠᠭ ᠦᠶ᠎ᠡ ᠲᠠᠢ ᠵᠡᠷᠭᠡᠴᠡᠨ ᠤᠷᠤᠰᠢᠵᠤ ᠂ᠵᠢᠭᠠᠨ ᠰᠤᠷᠭᠠᠬᠤ ᠰᠢᠨᠡᠴᠢᠯᠡᠯᠲᠡ ᠠᠬᠢᠴᠠ  ᠶᠢ ᠳᠠᠭᠠᠵᠤ ᠠᠮᠵᠢᠬᠤ ᠪᠤᠢ ︖ᠵᠢᠭᠠᠨ ᠰᠤᠷᠭᠠᠬᠤ ᠠᠵᠢᠯ  ᠤᠨ ᠠᠮᠵᠢᠯᠲᠠ  ᠳᠤ ᠵᠢᠭᠠᠬᠤ ᠪᠠᠭᠠᠵᠢ ᠬᠡᠷᠡᠭᠯᠡᠬᠦᠷ ᠂ᠵᠠᠭᠤᠴᠢᠯᠠᠭᠤᠷ ᠨᠢ ᠲᠤᠩ ᠴᠢᠬᠤᠯᠠ ᠦᠢᠯᠡᠳᠦᠯ ᠦᠵᠡᠬᠦᠯᠳᠡᠭ ᠂ᠪᠠᠭᠰᠢ ᠨᠠᠷ ᠺᠤᠮᠫᠢᠦᠲ᠋ᠧᠷ ᠢ ᠠᠰᠢᠭᠯᠠᠵᠤ ᠂ᠬᠡᠷᠡᠭᠯᠡᠵᠦ ᠂ᠴᠢᠮᠡᠭᠡ ᠵᠠᠩᠬᠢ ᠡᠵᠡᠮᠳᠡᠵᠦ ᠂ᠦᠪᠡᠷ  ᠦᠨ ᠮᠡᠳᠡᠯᠭᠡ ᠴᠢᠳᠠᠪᠤᠷᠢ  ᠪᠠᠨ ᠳᠡᠭᠡᠭᠰᠢᠯᠡᠬᠦᠯᠵᠦ ᠂ᠵᠢᠭᠠᠨ ᠰᠤᠷᠭᠠᠯᠲᠠ  ᠳᠤ  ᠪᠠᠨ ᠬᠡᠷᠡᠭᠯᠡᠳᠡᠭ ᠂ᠭᠡᠶ᠎ᠡ ᠨᠠᠶᠠ ᠭᠠᠷᠤᠢ ᠪᠠᠭᠰᠢ ᠲᠠᠢ ᠨᠢᠭᠡᠨ ᠰᠤᠷᠭᠠᠭᠤᠯᠢ  ᠳᠤ ᠬᠡᠷᠡᠭᠯᠡᠵᠦ ᠪᠤᠯᠬᠤᠶᠢᠴᠠ ᠬᠡᠳᠦᠬᠡᠨ ᠺᠤᠮᠫᠢᠦᠲ᠋ᠧᠷ  ᠢᠶᠠᠷ ᠠᠯᠢ  ᠳᠤ ᠨᠢ ᠠᠮᠵᠢᠭᠤᠯᠬᠤ ᠪᠤᠢ ︖︕ ᠡᠨᠡ ᠬᠦ ᠵᠢᠭᠠᠨ ᠰᠤᠷᠭᠠᠬᠤ ᠨᠦᠬᠦᠴᠡᠯ ᠪᠠᠷᠤᠭᠲᠠᠢ ᠪᠠᠶᠢᠳᠠᠯ  ᠳᠤ ᠰᠡᠷᠬᠦᠨ ᠪᠠᠭᠰᠢ ᠵᠢᠷᠦᠬᠡ ᠨᠢ ᠡᠪᠡᠳᠦᠭᠰᠡᠨ ᠨᠢ ᠦᠨᠡᠨ ᠃ 
   ᠲᠡᠭᠡᠭᠡᠳ ᠯᠠ ᠲᠡᠷᠡ ᠬᠠᠷᠮᠠᠨ  ᠢᠶᠠᠨ ᠠᠭᠤᠳᠠᠯᠵᠤ ᠂ᠬᠠᠳᠠᠭᠠᠯᠠᠮᠵᠢ  ᠪᠠᠨ ᠴᠦᠯᠪᠡᠵᠦ ᠂ᠬᠤᠪᠢᠨ  ᠤ ᠵᠤᠭᠤᠰ  ᠢᠶᠠᠷ  ᠢᠶᠠᠨ ᠲᠠᠪᠤᠨ ᠰᠠᠥᠷᠢ ᠰᠢᠨ᠎ᠡ ᠺᠤᠮᠫᠢᠦᠲ᠋ᠧᠷ ᠬᠤᠳᠠᠯᠳᠤᠨ ᠠᠪᠴᠤ ᠂ᠴᠢᠨᠳᠠᠮᠤᠨᠢ ᠰᠤᠷᠭᠠᠭᠤᠯᠢ  ᠳᠤ ᠬᠦᠷᠭᠡᠵᠦ ᠢᠷᠡᠪᠡ ᠃ 
   ᠡᠨᠡ ᠵᠤᠭᠤᠰ  ᠢ  ᠪᠡᠨ ᠲᠡᠷᠡ ᠦᠪᠡᠷ  ᠦᠨ ᠦᠷ᠎ᠡ ᠬᠡᠦᠬᠡᠳ  ᠲᠦ  ᠪᠡᠨ ᠵᠠᠷᠤᠴᠠᠭᠤᠯᠵᠤ ᠪᠤᠯᠤᠨ᠎ᠠ ᠂ᠠᠮᠢᠳᠤᠷᠠᠯ  ᠤᠨ  ᠢᠶᠠᠨ ᠠᠯᠢ ᠵᠦᠢᠯ  ᠳᠦ ᠨᠢ ᠴᠤ ᠬᠡᠷᠡᠭᠯᠡᠵᠦ ᠪᠤᠯᠤᠨ᠎ᠠ ᠃ᠡᠮᠡᠭᠲᠡᠢ ᠬᠦᠮᠦᠨ ᠪᠤᠯᠤᠭᠰᠠᠨ  ᠤ ᠬᠤᠪᠢ  ᠳᠤ ᠵᠠᠰᠠᠯ ᠵᠢᠮᠰᠡᠭ ᠠᠪᠴᠤ ᠂ᠭᠢᠯᠪᠠᠶᠢᠲᠠᠯ᠎ᠠ ᠵᠠᠰᠠᠵᠤ ᠂ᠳᠤᠯᠠᠶᠢᠲᠠᠯ᠎ᠠ ᠴᠢᠮᠡᠭᠯᠡᠵᠦ ᠪᠤᠯᠤᠨ᠎ᠠ ᠰᠢᠦ ᠳ᠋ᠠ ︕ᠬᠡᠶ᠎ᠡ ᠂ᠲᠡᠷᠡ ᠶᠠᠳᠠᠭᠤ ᠬᠤᠴᠤᠷᠤᠩᠭᠤᠢ ᠪᠠᠶᠢᠭᠰᠠᠨ ᠴᠢᠨᠳᠠᠮᠤᠨᠢ ᠰᠤᠷᠭᠠᠭᠤᠯᠢ  ᠳᠤ ᠨᠡᠮᠡᠷᠢ ᠪᠤᠯᠭᠠᠨ ᠬᠦᠷᠭᠡᠵᠦ ᠪᠤᠢ ᠃ 
   ᠲᠡᠷᠡ ᠂ᠡᠨᠡ ᠰᠤᠮᠤᠨ  ᠳᠤ ᠦᠰᠴᠦ ᠲᠦᠷᠦᠭᠡ ᠦᠭᠡᠢ ᠂ᠡᠨᠡ ᠰᠤᠷᠭᠠᠭᠤᠯᠢ  ᠳᠤ ᠪᠢᠴᠢᠭ ᠨᠤᠮ ᠬᠦᠭᠡᠭᠡ ᠦᠭᠡᠢ ᠂ᠭᠡᠪᠡᠴᠦ ᠲᠡᠬᠦᠨ  ᠳᠦ ᠦᠷᠦᠭᠡᠯ ᠪᠤᠰᠤᠳ  ᠢ ᠪᠤᠳᠤᠬᠤ ᠦᠷᠦᠪᠴᠢ ᠵᠦᠭᠡᠯᠡᠨ ᠰᠡᠳᠬᠢᠯ ᠪᠤᠢ ᠂ᠦᠭᠡᠳᠡᠷᠭᠡᠭ ᠴᠠᠭᠠᠨ ᠵᠦᠪ ᠡᠨᠧᠷᠬᠢ ᠲᠠᠢ ᠲᠤᠰᠠᠴᠢ ᠰᠠᠨᠠᠭ᠎ᠠ ᠪᠤᠢ ᠂ᠪᠤᠰᠤᠳ  ᠲᠤ ᠴᠡᠴᠡᠭ ᠰᠢᠭ ᠬᠠᠨᠳᠤᠬᠤ ᠴᠢᠭᠡᠴᠢ ᠪᠤᠳᠤᠯ ᠂ᠴᠡᠪᠡᠷ ᠰᠢᠯᠤᠭᠤᠨ ᠰᠡᠳᠬᠢᠯ ᠪᠤᠢ ᠃ 
   ᠰᠡᠷ᠎ᠠ  ᠶᠢᠨ ᠴᠠᠯᠢᠩ  ᠢᠶᠠᠨ ᠯᠠ ᠬᠦᠯᠢᠶᠡᠵᠦ ᠰᠠᠭᠤᠳᠠᠭ ᠪᠠᠭᠰᠢ ᠬᠦᠮᠦᠨ  ᠳᠦ ᠬᠡᠳᠦᠢ ᠯᠠ ᠮᠦᠩᠬᠦ ᠪᠠᠶᠢᠳᠠᠭ ᠪᠤᠢ ︖ᠲᠡᠷᠡ ᠪᠤᠰᠤᠳ  ᠤᠨ ᠰᠢᠭ᠋ ᠠᠵᠤ ᠠᠬᠤᠢ ᠡᠷᠬᠢᠯᠡᠵᠦ ᠠᠰᠤᠷᠤ ᠬᠦᠷᠦᠩᠭᠡ ᠴᠤᠭᠯᠠᠭᠤᠯᠤᠭ᠎ᠠ ᠦᠭᠡᠢ ᠂ᠠᠵᠠ ᠪᠤᠶᠠᠨ ᠢᠪᠡᠭᠡᠵᠦ ᠪᠠᠶᠠᠨ ᠰᠡᠷᠲᠡᠸᠡᠬᠢ ᠪᠤᠯᠤᠭ᠎ᠠ ᠦᠭᠡᠢ ᠃ᠠᠮᠢᠳᠤᠷᠠᠯ  ᠠᠴᠠ ᠠᠷᠪᠢᠯᠠᠭᠰᠠᠨ ᠵᠢᠭᠠᠯ ᠵᠤᠭᠤᠯ  ᠢᠶᠠᠨ ᠭᠡᠭᠡᠷᠡᠯ  ᠦᠨ ᠦᠢᠯᠡᠰ  ᠲᠦ ᠵᠤᠷᠢᠭᠤᠯᠵᠤ ᠪᠤᠢ ᠂ᠪᠤᠶᠠᠨ  ᠤ ᠦᠢᠯᠡ  ᠳᠦ ᠡᠷᠬᠦᠵᠦ ᠪᠤᠢ ᠃ᠬᠦᠮᠦᠨ ᠶᠠᠭᠠᠬᠢᠵᠦ ᠪᠠᠶᠢᠨ᠎ᠠ ︖ᠪᠢᠳᠡ ᠬᠡᠷᠬᠢᠵᠦ ᠪᠠᠶᠢᠬᠤ ᠪᠤᠢ ︖ᠠᠳᠠᠯᠢᠳᠬᠠᠭᠠᠳ ᠦᠵᠡᠪᠡᠯ ᠲᠤᠳᠤᠷᠠᠴᠢᠬᠠᠨ᠎ᠠ ᠂ᠬᠠᠷᠢᠴᠠᠭᠤᠯᠤᠭᠠᠳ ᠦᠵᠡᠪᠡᠯ ᠢᠯᠭᠠᠷᠠᠴᠢᠬᠠᠨ᠎ᠠ ᠃ᠡᠨᠡ ᠦᠢᠯᠡ ᠠᠭᠤᠤ ᠦᠢᠯᠡ ᠂ᠳᠦᠷᠢᠮᠯᠡᠵᠦ ᠰᠤᠷᠲᠠᠯᠴᠢᠯᠠᠬᠤ ᠠᠥᠭ᠎ᠠ ᠦᠢᠯᠡ᠂ᠬᠡᠦᠬᠡᠳ ᠬᠤᠶᠢᠴᠢᠰ  ᠲᠤ ᠤᠯᠠᠮᠵᠢᠯᠠᠭᠤᠰᠢᠲᠠᠢ ᠶᠠᠪᠤᠳᠠᠯ ᠂ᠬᠦᠮᠦᠨ ᠪᠦᠬᠦᠨ  ᠦ ᠰᠤᠷᠤᠯᠴᠠᠭᠤᠰᠢᠲᠠᠢ ᠠᠵᠢᠯᠯᠠᠭ᠎ᠠ ᠃ 
   ᠨᠢᠭᠡᠨ ᠬᠤᠪᠢ ᠬᠦᠮᠦᠨ ᠢᠩᠬᠢᠵᠦ ᠨᠢᠭᠡᠨ ᠬᠠᠮᠲᠦ ᠨᠡᠶᠢᠲᠡ  ᠶᠢ ᠡᠳ᠋ ᠪᠤᠳᠠᠰ  ᠢᠶᠠᠷ ᠲᠤᠰᠠᠯᠠᠨ᠎ᠠ ᠭᠡᠳᠡᠭ ᠶᠡᠷᠦ ᠪᠤᠰᠤ ᠤᠴᠢᠷ ᠶᠤᠮ ᠂ᠨᠡᠩ ᠴᠢᠬᠤᠯᠠ ᠨᠢ ᠪᠠᠭᠰᠢ ᠰᠤᠷᠤᠭᠴᠢᠳ  ᠤᠨ ᠤᠶᠤᠨ ᠰᠠᠨᠠᠭᠠᠨ  ᠳᠤ ᠴᠢᠬᠤᠯᠠ ᠨᠦᠯᠦᠭᠡ ᠲᠤᠰᠬᠠᠯ ᠦᠵᠡᠭᠦᠯᠵᠦ ᠂ᠠᠵᠢᠯᠯᠠᠵᠤ ᠰᠤᠷᠤᠯᠴᠠᠬᠣ ᠢᠳᠡᠪᠬᠢᠵᠢᠯ  ᠢ ᠨᠢ ᠳᠠᠶᠢᠴᠢᠯᠠᠵᠤ ᠂ᠨᠡᠶᠢᠲᠡᠴᠢ ᠦᠵᠡᠯ  ᠦᠨ ᠬᠦᠮᠦᠵᠢᠯ ᠬᠢᠭᠰᠡᠨ ᠪᠤᠳᠠᠲᠤ ᠬᠢᠴᠢᠶᠡᠯᠯᠡᠭᠡ ᠪᠤᠯᠵᠤ ᠴᠢᠳᠠᠭᠰᠠᠨ ᠨᠢ ᠦᠨᠡᠯᠡᠬᠦᠰᠢᠲᠡᠢ ᠃ 
  ᠡᠷᠬᠢᠯᠡᠭᠴᠢ ᠰᠡᠷᠬᠦᠨ ᠪᠠᠭᠰᠢ  ᠶᠢᠨ ᠡᠷᠬᠢᠮ ᠦᠢᠯᠡᠰ ᠮᠠᠷᠲᠠᠭᠳᠠᠰᠢ ᠦᠭᠡᠢ ︕ᠰᠡᠲᠦᠭᠰᠡᠨ ᠦᠢᠯᠡ ᠴᠢᠨᠢ ᠰᠡᠷᠬᠦᠨ ᠮᠠᠨᠳᠤᠵᠤ ᠂ᠪᠠᠶᠠᠷ ᠪᠠᠬᠠᠳᠥᠯ ᠪᠢᠯᠬᠠᠬᠤ ᠪᠤᠯᠲᠤᠭᠠᠢ ︕ 
       ᠳᠦᠷᠪᠡ  
  ︽ᠬᠦᠮᠦᠨ  ᠳᠦ ᠬᠠᠮᠤᠭ  ᠤᠨ ᠴᠢᠬᠤᠯᠠ ᠨᠢ ᠰᠡᠳᠬᠢᠯ ᠰᠠᠶᠢᠬᠠᠨ ᠪᠠᠶᠢᠬᠤ ᠂ᠰᠡᠳᠬᠢᠯ ᠰᠠᠶᠢᠬᠠᠨ ᠬᠦᠮᠦᠨ  ᠡᠴᠡ ᠰᠠᠶᠢᠬᠠᠨ ᠦᠭᠡ ᠭᠠᠷᠳᠠᠭ ᠂ᠰᠡᠳᠭᠢᠯ ᠰᠠᠶᠢᠬᠠᠨ ᠬᠦᠮᠦᠨ  ᠡᠴᠡ ᠰᠠᠶᠢᠨ ᠦᠢᠯᠡ ᠭᠠᠷᠳᠠᠭ ︾ᠭᠡᠵᠦ ᠮᠤᠩᠭᠤᠯ ᠤᠯᠤᠰ  ᠤᠨ ᠶᠡᠷᠦᠩᠬᠡᠶᠢᠯᠡᠭᠴᠢ ᠴ᠃ᠡᠯᠪᠡᠭᠳᠤᠷᠵᠢ ᠴᠡᠴᠡᠯᠡᠪᠡ ᠃ᠡᠶᠢᠮᠦᠷᠬᠦ ᠰᠡᠳᠬᠢᠯ ᠰᠠᠶᠢᠬᠠᠨ ᠬᠦᠮᠦᠰ ᠂ᠰᠠᠶᠢᠨ ᠦᠢᠯᠡ ᠬᠦᠭᠡᠭᠡᠴᠡᠯᠳᠦᠳᠡᠭ᠋ ᠬᠦᠮᠦᠰ ᠬᠠᠰᠢᠯᠠ ᠤᠯᠠᠨ ᠪᠠᠶᠢᠳᠠᠭ ᠃ 
   ᠦᠨᠦ ᠵᠢᠯ ᠂︽ᠦᠪᠦᠷ ᠮᠤᠩᠭᠤᠯ  ᠤᠨ ᠪᠠᠭᠰᠢ  ᠶᠢᠨ ᠶᠡᠬᠡ ᠰᠤᠷᠭᠠᠭᠤᠯᠢ ︾  ᠶᠢᠨ ᠬᠠᠷᠢᠶᠠᠲᠤ ᠳᠤᠮᠳᠠᠳᠤ ᠰᠤᠷᠭᠠᠭᠤᠯᠢ  ᠶᠢᠨ 1997ᠤᠨ  ᠳᠤ ᠲᠡᠬᠦᠰᠦᠭᠰᠡᠨ ᠰᠤᠷᠤᠭᠴᠢᠳ ︽ᠬᠦᠰᠡᠯ  ᠦᠨ ᠵᠢᠯᠤᠭᠤ ︾ᠨᠤᠮ  ᠤᠨ ᠬᠠᠨᠳᠢᠪ ᠡᠷᠬᠦᠵᠦ ᠂ᠴᠢᠨᠳᠠᠮᠤᠨᠢ ᠰᠤᠷᠭᠠᠭᠤᠯᠢ  ᠳᠤ ᠭᠤᠷᠪᠠᠨ ᠮᠢᠩᠭᠠᠨ ᠲᠦᠭᠦᠷᠢᠭ  ᠦᠨ ᠰᠤᠷᠤᠭᠴᠢ  ᠶᠢᠨ ᠤᠩᠰᠢᠬᠤ ᠨᠤᠮ ᠂ᠪᠠᠷᠢᠮᠵᠢᠶ᠎ᠠ ᠤᠩᠰᠢᠯᠭ᠎ᠠ  ᠶᠢᠨ ᠰᠢᠩᠭᠡᠭᠡᠯᠲᠡ ᠵᠡᠷᠭᠡ  ᠶᠢ ᠬᠦᠷᠭᠡᠵᠦ ᠢᠷᠡᠪᠡ ᠃ᠢᠩᠬᠢᠵᠦ ᠵᠦᠭ ᠵᠦᠭ  ᠦᠨ ᠮᠤᠩᠭᠤᠯᠴᠤᠳ ᠬᠠᠯᠠᠭᠤᠨ ᠭᠠᠷ  ᠢᠶᠠᠨ ᠰᠤᠩᠭᠠᠵᠤ ᠪᠤᠢ ᠂ᠬᠠᠪᠰᠤᠷᠤᠯᠭ᠎ᠠ ᠳᠡᠮᠵᠢᠯᠭᠡ ᠦᠵᠡᠬᠦᠯᠵᠦ ᠪᠤᠢ ᠃ᠡᠶᠢᠮᠦᠷᠬᠦ ᠮᠤᠩᠭᠤᠯ ᠰᠤᠶᠤᠯ  ᠢᠶᠠᠨ ᠬᠡᠰᠡᠨ ᠭᠠᠭᠴᠠᠬᠠᠨ ᠵᠤᠷᠢᠯᠭ᠎ᠠ ᠂ᠲᠠᠨᠢᠵᠦ ᠮᠡᠳᠡᠬᠦ ᠦᠭᠡᠢ ᠬᠦᠮᠦᠰ  ᠢ ᠬᠠᠯᠠᠭᠤᠨ ᠭᠠᠷ  ᠢ ᠨᠢ ᠠᠳᠬᠤᠭᠤᠯᠵᠤ ᠂ᠬᠠᠮᠢᠭ᠎ᠠ ᠬᠤᠯᠠ  ᠠᠴᠠ ᠠᠭᠤᠯᠵᠠᠭᠤᠯᠵᠤ ᠂ᠬᠠᠶᠢᠷ᠎ᠠ ᠰᠡᠳᠬᠢᠯᠭᠡ  ᠶᠢ ᠨᠢ ᠤᠷᠬᠢᠯᠤᠭᠤᠯᠵᠤ ᠪᠤᠢ ᠃

  ︽ᠬᠦᠰᠡᠯ  ᠦᠨ ᠵᠢᠯᠤᠭᠤ ︾ᠨᠤᠮ  ᠤᠨ ᠬᠠᠨᠳᠢᠪ  ᠤᠨ ᠬᠢᠨ ᠭᠠᠭᠴᠠᠬᠠᠨ ᠴᠢᠨᠳᠠᠮᠤᠨᠢ ᠰᠤᠷᠭᠠᠭᠤᠯᠢ  ᠳᠤ ᠪᠢᠰᠢ ᠂ᠤᠯᠠᠨ ᠤᠯᠠᠨ ᠮᠤᠩᠭᠤᠯ ᠰᠤᠷᠭᠠᠭᠤᠯᠢ ᠨᠤᠭᠤᠳ  ᠢᠶᠠᠷ ᠨᠤᠮ ᠬᠦᠷᠭᠡᠵᠦ ᠶᠠᠪᠤᠭ᠎ᠠ ᠪᠦᠭᠡᠳ ᠴᠢᠨᠳᠠᠮᠤᠨᠢ ᠰᠤᠷᠭᠠᠭᠤᠯᠢ  ᠶᠢ ᠦᠷᠬᠦᠯᠵᠢᠯᠡᠨ ᠲᠤᠰᠠᠯᠠᠨ᠎ᠠ ᠭᠡᠵᠦ ᠦᠭᠬᠢᠶᠡᠮᠦᠷᠴᠢ ᠪᠤᠳᠤᠯ  ᠢᠶᠠᠨ ᠳᠡᠯᠭᠡᠵᠦ ᠪᠠᠶᠢᠭᠰᠠᠨ ᠃ 
   ︽ᠡᠷᠳᠡᠮ ᠨᠤᠮ ᠭᠡᠭᠴᠢ ᠡᠨᠡ ᠪᠡᠶ᠎ᠡ  ᠶᠢᠨ ᠬᠦᠨᠡᠰᠦ ︾ᠭᠡᠳᠡᠭ ᠶᠤᠮ ᠃ᠲᠠᠨᠤᠰ  ᠤᠨ ᠬᠦᠷᠭᠡᠭᠰᠡᠨ ᠡᠷᠳᠡᠨᠢ ᠨᠤᠮ ᠂ᠦᠨᠡᠲᠦ ᠪᠤᠳᠠᠰ  ᠠᠴᠠ ᠦᠰᠴᠦ ᠦᠨᠳᠡᠶᠢᠬᠦ  ᠶᠢᠨ ᠤᠬᠠᠭᠠᠨ  ᠢ ᠬᠦᠷᠲᠡᠵᠦ ᠂ᠬᠡᠦᠬᠡᠳ ᠮᠢᠨᠢ ᠬᠦᠰᠡᠯ  ᠦᠨ ᠵᠢᠬᠦᠷ  ᠢᠶᠡᠨ ᠳᠡᠯᠭᠡᠵᠦ ᠂ᠠᠯᠤᠰ  ᠢ ᠵᠤᠷᠢᠬᠤ ᠶᠤᠮ ᠂ᠶᠡᠬᠡ  ᠶᠢ ᠪᠦᠲᠦᠭᠡᠬᠦ ᠶᠤᠮ ᠃ 
  ︽ᠤᠯᠠᠨ  ᠤ ᠬᠦᠴᠦᠨ  ᠳᠦ ᠤᠪᠤᠭ᠎ᠠ ᠪᠤᠰᠬᠠᠭᠳᠠᠨ᠎ᠠ ︾ᠭᠡᠳᠡᠭᠴᠢᠯᠡᠨ ᠲᠠᠯ᠎ᠠ ᠲᠠᠯ᠎ᠠ  ᠶᠢᠨ ᠬᠦᠮᠦᠰ  ᠦᠨ ᠬᠠᠪᠰᠤᠷᠤᠮᠵᠢ  ᠶᠢ ᠬᠦᠷᠲᠡᠭᠰᠡᠨ ᠴᠢᠨᠳᠠᠮᠤᠨᠢ ᠰᠤᠷᠭᠠᠭᠤᠯᠢ ᠦᠨᠦ ᠂ᠠᠰᠠᠷ ᠲᠠᠭᠲᠤ ᠰᠦᠨᠳᠡᠷᠯᠡᠵᠦ ᠂ᠰᠤᠷᠭᠠᠭᠤᠯᠢ  ᠶᠢᠨ ᠬᠦᠷᠢᠶᠡᠨ  ᠳᠦ ᠬᠡᠦᠬᠡᠳ  ᠦᠨ ᠨᠠᠭᠠᠳᠤᠮ ᠲᠤᠭᠯᠠᠭᠠᠮ  ᠤᠨ ᠪᠠᠭᠠᠵᠢ ᠦᠩᠭᠡ ᠢᠯᠭᠠᠷᠠᠨ ᠪᠠᠶᠢᠷᠢᠰᠢᠵᠦ ᠂ᠰᠤᠷᠤᠭᠴᠢᠳ  ᠤᠨ ᠪᠡᠶ᠎ᠡ ᠪᠤᠯᠪᠠᠰᠤᠷᠠᠬᠤ ᠲᠠᠮᠢᠷ  ᠤᠨ ᠬᠡᠷᠡᠭᠰᠡᠯ  ᠦᠳ ᠂ᠲᠠᠮᠢᠷ  ᠤᠨ ᠲᠡᠯᠠᠪᠤᠷ  ᠤᠨ ᠬᠠᠵᠠᠭᠤ ᠬᠠᠪᠢ  ᠪᠠᠷ ᠰᠢᠨᠡᠬᠡᠨ ᠳᠡᠪᠢᠰᠦᠭᠳᠡᠭᠰᠡᠨ ᠱᠦᠢᠨᠢ  ᠶᠢᠨ ᠵᠠᠮ  ᠢ ᠳᠠᠭᠠᠨ ᠵᠢᠭᠰᠠᠭᠠᠭᠳᠠᠵᠤ ᠂ᠰᠢᠨ᠎ᠡ ᠰᠠᠶᠢᠬᠠᠨ ᠤᠷᠴᠢᠨ ᠪᠤᠯᠵᠤ ᠬᠠᠷᠠᠭ᠎ᠠ ᠰᠡᠳᠬᠢᠯ  ᠢ ᠪᠦᠯᠢᠶᠡᠰᠭᠡᠨ᠎ᠡ ᠪᠢᠯᠡ ᠃ᠨᠡᠩ ᠴᠤ ᠵᠠᠯᠠᠭᠤ ᠵᠠᠬᠢᠷᠤᠯ ᠬᠠᠰᠪᠠᠷᠰ ᠂ᠡᠷᠬᠢᠯᠡᠭᠴᠢ ᠳᠤᠭᠳᠠᠨᠢᠪᠠᠶᠠᠷ ᠨᠠᠷ  ᠤᠨ ᠳᠠᠭᠠᠭᠤᠯᠭ᠎ᠠ  ᠪᠠᠷ ᠪᠠᠭᠰᠢ ᠪᠤᠯᠭᠠᠨ  ᠤ ᠠᠵᠢᠯ  ᠤᠨ ᠢᠳᠡᠪᠬᠢᠵᠡᠯ ᠳᠠᠶᠢᠴᠢᠯᠠᠭᠳᠠᠵᠤ ᠂ᠰᠤᠷᠤᠭᠴᠢ ᠨᠢᠭᠡᠪᠦᠷᠢ  ᠶᠢᠨ ᠰᠤᠷᠤᠯᠴᠠᠬᠤ ᠤᠷᠮᠠᠰ ᠬᠦᠭᠵᠢᠵᠦ ᠂ᠠᠵᠢᠯ ᠰᠤᠷᠤᠯᠭ᠎ᠠ  ᠶᠢᠨ ᠬᠢᠷᠢ ᠬᠡᠮ  ᠢᠶᠡᠨ ᠳᠡᠭᠡᠭᠰᠢᠯᠡᠬᠦᠯᠬᠦ  ᠪᠡᠷ ᠪᠦᠯᠬᠦᠮᠳᠡᠨ ᠲᠡᠮᠡᠴᠡᠵᠡᠭᠡᠵᠦ ᠪᠤᠢ ᠂ᠰᠤᠷᠤᠯᠭ᠎ᠠ ᠮᠤᠷᠠᠯ  ᠤᠨ ᠲᠠᠯ᠎ᠠ  ᠪᠠᠷ ᠰᠢᠨ᠎ᠡ ᠰᠡᠪᠡᠬᠦᠨ ᠬᠦᠳᠡᠯᠭᠡᠭᠡᠨ ᠤᠯᠠᠨᠲᠠ ᠦᠷᠨᠢᠬᠦᠯᠵᠦ ᠂ᠡᠩᠨᠡᠭᠡᠨ  ᠦ ᠲᠡᠷᠢᠬᠦᠨ  ᠳᠦ ᠬᠤᠰᠢᠭᠤᠴᠢᠯᠠᠬᠤ  ᠪᠠᠷ ᠴᠢᠷᠮᠠᠶᠢᠯᠴᠠᠵᠤ ᠪᠤᠢ ᠃ 
   ᠰᠠᠶᠢᠨ ᠬᠦᠮᠦᠨ  ᠳᠦ ᠬᠤᠪᠢ ᠪᠤᠢ ᠂ᠰᠠᠶᠢᠬᠠᠨ ᠰᠠᠨᠠᠭᠠᠨ  ᠳᠤ ᠬᠠᠷᠢᠭᠤ ᠪᠤᠢ ᠃ᠲᠠ ᠨᠠᠷ  ᠤᠨ ᠠᠷᠢᠭᠤᠨ ᠰᠠᠨᠠᠭ᠎ᠠ ᠦᠭᠬᠢᠶᠡᠮᠦᠷᠴᠢ ᠰᠡᠳᠬᠢᠯ  ᠡᠴᠡ ᠤᠷᠭᠤᠭᠰᠠᠨ ᠬᠠᠶᠢᠷ᠎ᠠ ᠬᠠᠯᠠᠮᠵᠢ ᠲᠠᠨᠢ ᠴᠢᠨᠳᠠᠮᠤᠨᠢ ᠨᠤᠲᠤᠭ  ᠤᠨ ᠠᠷᠠᠳ ᠤᠯᠠᠨ  ᠤ ᠰᠡᠳᠬᠢᠯ  ᠳᠦ ᠠᠰᠢᠳᠠ ᠮᠦᠩᠭᠡᠷᠡᠬᠦ ᠶᠤᠮ ᠂ᠬᠡᠵᠢᠶᠡᠲᠡ ᠳᠤᠷᠠᠰᠤᠭᠳᠠᠬᠤ ᠶᠤᠮ ᠃  
   ︽ᠨᠤᠮ ᠭᠡᠵᠦ ᠤᠶᠤᠨ  ᠤ ᠨᠠᠷᠠ ︾᠂ᠲᠠᠨᠤᠰ  ᠤᠨ ᠪᠡᠯᠡᠭᠯᠡᠭᠰᠡᠨ ᠤᠶᠤᠨ  ᠤ ᠨᠠᠷᠠ ᠂ᠮᠠᠨ  ᠤ ᠬᠡᠦᠬᠡᠳ  ᠢ ᠳᠤᠲᠤᠷ᠎ᠠ  ᠠᠴᠠ ᠨᠢ ᠭᠡᠷᠡᠯᠲᠦᠭᠦᠯᠵᠦ ᠂ᠭᠡᠭᠡᠷᠡᠭᠦᠯᠵᠦ ᠂ᠬᠦᠮᠦᠨ ᠰᠢᠭ ᠬᠦᠮᠦᠨ ᠪᠤᠯᠭᠠᠵᠤ ᠂ᠨᠡᠶᠢᠭᠡᠮ ᠨᠡᠶᠢᠲᠡ  ᠳᠦ ᠲᠠ ᠨᠠᠷ ᠰᠢᠭ᠋ ᠬᠠᠯᠠᠭᠤᠮᠰᠤᠭ ᠲᠤᠰᠠᠴᠢ ᠬᠦᠮᠦᠨ ᠪᠤᠯᠭᠠᠬᠤ ᠨᠢ ᠯᠠᠪᠲᠠᠢ ᠶᠤᠮ ᠃ 
   ᠬᠦᠮᠦᠨ  ᠦ ᠰᠠᠶᠢᠬᠠᠨ ᠰᠡᠳᠬᠢᠯ ᠭᠠᠵᠠᠷᠳᠠᠳᠠᠭ ᠦᠭᠡᠢ ᠂ᠲᠦᠭᠡᠮᠡᠯ ᠢᠪᠡᠭᠡᠯᠲᠦ ᠨᠠᠷᠠ ᠰᠢᠭ᠋  ᠢᠶᠡᠨ ᠢᠯᠴᠢ ᠭᠡᠷᠡᠯ ᠰᠠᠴᠤᠷᠠᠳᠠᠭ ᠶᠤᠮ ᠃ᠲᠡᠷᠡ ᠢᠯᠴᠢ ᠭᠡᠷᠡᠯ  ᠢ ᠬᠦᠷᠲᠡᠭᠰᠡᠨ ᠴᠢᠨᠳᠠᠮᠤᠨᠢ ᠰᠤᠷᠭᠠᠭᠤᠯᠢ  ᠶᠢᠨ ᠦᠶ᠎ᠡ ᠦᠶ᠎ᠡ  ᠶᠢᠨ ᠬᠡᠦᠬᠡᠳ ᠂ᠭᠡᠭᠡᠷᠡᠯ ᠰᠤᠶᠤᠯ  ᠢᠶᠠᠨ ᠭᠡᠰᠡᠨ ᠲᠠ ᠨᠠᠷ  ᠤᠨ ᠠᠤᠭ᠎ᠠ ᠬᠦᠰᠡᠯ  ᠢ ᠬᠦᠰᠡᠷᠳᠡᠬᠦᠯᠬᠦ ᠦᠭᠡᠢ ᠶᠤᠮ ᠃ 
   ᠡᠷᠬᠢᠮ ᠲᠠᠨᠤᠰ  ᠤᠨ ᠬᠠᠶᠢᠷ᠎ᠠ ᠬᠠᠯᠠᠮᠵᠢ ᠦᠨᠢ ᠬᠡᠶᠢᠬᠡᠬᠦ ᠪᠤᠯᠲᠤᠭᠠᠢ ︕ᠨᠤᠮ  ᠤᠨ ᠴᠠᠭᠠᠨ ᠪᠤᠶᠠᠨ ᠮᠦᠩᠬᠡ ᠳᠡᠯᠭᠡᠷᠡᠬᠦ ᠪᠤᠯᠲᠤᠭᠠᠢ ︕ 
                             2016᠂10᠂5



  
     
     