ᠤᠯᠠᠭᠠᠨᠴᠠᠪ ᠬᠤᠲᠠ ᠶᠢᠨ ᠵᠢᠨᠢᠩ ᠲᠤᠭᠤᠷᠢᠭ ᠲᠤ ᠠᠮᠲᠠᠲᠠᠢ ᠬᠤᠭᠤᠯᠠ ᠢᠳᠡᠶ᠎ᠠ ᠭᠡᠪᠡᠯ ᠤᠷᠲᠤ ᠠᠴᠠ ᠤᠷᠲᠤ ᠮᠦᠷᠤᠯᠡᠵᠤ ᠪᠠᠶᠢᠵᠤ ᠰᠠᠶ᠋ᠢ ᠬᠤᠭᠤᠯᠠ ᠵᠠᠬᠢᠶᠠᠯᠠᠵᠤ ᠲᠠᠶᠢᠯᠳᠡᠭ ᠨᠢᠭᠡᠨ ᠮᠤᠩᠭᠤᠯ ᠬᠤᠭᠤᠯᠠᠨ ᠤ ᠭᠠᠵᠠᠷ ᠪᠠᠶᠢᠳᠠᠭ᠃ ᠡᠨᠡ ᠬᠤᠭᠤᠯᠠᠨ ᠤ ᠭᠠᠵᠠᠷ ᠢ ᠮᠸᠡᠭ ᠾᠸᠡᠭ — ᠠᠮᠲᠠ ᠰᠠᠶᠢᠨ ᠮᠤᠩᠭᠤᠯ ᠬᠤᠭᠤᠯᠠᠨ ᠤ ᠭᠠᠵᠡᠷ ᠬᠡᠵᠤ᠂ ᠡᠭᠦᠰᠭᠡᠨ ᠪᠠᠶᠢᠭᠤᠯᠤᠭᠴᠢ ᠨᠢ ᠪᠤᠤ ᠮᠸᠢ ᠬᠤᠸᠠ ᠪᠤᠯᠤᠨ᠎ᠠ᠃
ᠰᠤᠷᠭᠠᠯ ᠰᠠᠶᠢᠲᠠᠢ ᠭᠡᠷ ᠪᠦᠯᠢ ᠳᠤ ᠲᠦᠷᠦᠵᠤ ᠦᠰᠦᠭᠰᠡᠨ ᠪᠤᠤ ᠮᠸᠢ ᠬᠤᠸᠠ ᠬᠠᠷᠠᠬᠠᠨ ᠪᠠᠭ᠎ᠠ ᠠᠴᠠ ᠪᠠᠨ ᠰᠤᠷᠤᠯᠭ᠎ᠠ ᠳᠠᠭᠠᠨ ᠰᠠᠶᠢᠨ ᠪᠠᠶᠢᠯ᠎ᠠ᠃ ᠬᠡᠪᠡᠴᠦ ᠡᠯᠳᠡᠪ ᠵᠦᠢᠯ ᠤᠨ ᠰᠢᠯᠲᠠᠭᠠᠨ ᠠᠴᠠ ᠪᠤᠯᠵᠤ ᠶᠡᠭᠡ ᠰᠤᠷᠭᠠᠭᠤᠯᠢ ᠳᠤ ᠰᠢᠯᠭᠠᠵᠤ ᠤᠷᠤᠵᠤ ᠲᠡᠶᠢᠯᠦᠭᠰᠡᠨ ᠦᠭᠡᠢ ᠪᠤᠯᠬᠤᠷ ᠡᠳᠦᠷᠵᠢᠨ ᠨᠦᠢᠷ ᠬᠤᠭᠤᠯᠠ ᠴᠦ ᠦᠭᠡᠢ ᠤᠬᠢᠯᠠᠨ ᠰᠠᠭᠤᠳᠠᠭ ᠪᠤᠯᠪᠠ᠃ ᠬᠡᠤᠬᠡᠨ ᠤ ᠪᠠᠨ ᠵᠤᠪᠠᠵᠤ ᠪᠠᠶᠢᠭ᠎ᠠ ᠶᠢ ᠤᠯᠵᠤ ᠬᠠᠷᠠᠭᠰᠠᠨ ᠪᠤᠤ ᠮᠸᠢ ᠬᠤᠸᠠ ᠶᠢᠨ ᠡᠵᠢ ᠨᠢ ᠲᠡᠭᠦᠨ ᠢ ᠲᠠᠬᠢᠨ ᠲᠠᠪᠳᠠᠨ ᠢᠳᠬᠠᠨ ᠪᠠᠶᠢᠵᠤ᠂ ᠰᠡᠳᠬᠢᠯ ᠢ ᠨᠢ ᠲᠠᠶᠢᠳᠬᠤᠷᠠᠭᠤᠯᠤᠨ᠂ ︽ᠤᠬᠢᠯᠠᠭᠠᠳ ᠶᠠᠭᠠᠬᠢᠬᠤ ᠶᠤᠮ ᠪᠤᠢ ᠴᠢᠷᠮᠠᠶᠢᠳᠠᠭ ᠯᠡ ᠶᠤᠮ ᠪᠤᠯ ᠶᠠᠭᠤ ᠬᠢᠭᠰᠡᠨ ᠴᠤ ᠰᠠᠶᠢᠬᠠᠨ ᠠᠮᠢᠳᠤᠷᠠᠵᠤ ᠲᠠᠶᠢᠯᠤᠨ᠎ᠠ︾ ᠬᠡᠵᠤ ᠵᠤᠷᠢᠭᠵᠢᠭᠤᠯᠤᠭᠰᠠᠨ ᠪᠠᠶᠢᠨ᠎ᠠ᠃ ᠡᠵᠢ ᠶᠢᠨ ᠬᠢᠨᠢ ᠵᠤᠷᠢᠭᠵᠢᠭᠤᠯᠤᠯ ᠪᠤᠤ ᠮᠸᠢ ᠬᠤᠸᠠ ᠳᠤ ᠮᠠᠰᠢ ᠶᠡᠭᠡ ᠵᠤᠷᠢᠬ ᠬᠦᠴᠦᠨ ᠪᠤᠯᠵᠤ᠂ ᠲᠡᠷᠡ ᠦᠪᠡᠷ ᠢᠶᠠᠨ ᠤᠢᠢᠯᠡᠰ ᠡᠷᠬᠢᠯᠡᠨ ᠠᠳᠠᠯ ᠠᠮᠢᠳᠤᠷᠠᠯ ᠢᠶᠠᠨ ᠪᠤᠰᠬᠠᠬᠤ ᠪᠠᠷ ᠵᠤᠷᠢᠭ ᠰᠢᠭᠤᠳᠪᠠ᠃ ︽1988 ᠤᠨ ᠳᠤ᠂ ᠪᠢ ᠰᠢᠯᠢ ᠶᠢᠨ ᠭᠤᠤᠯ ᠠᠶᠢᠮᠠᠭ ᠤᠨ ᠰᠦᠨᠢᠳ ᠪᠠᠷᠠᠭᠤᠨ ᠬᠤᠰᠢᠭᠤᠨ ᠤ ᠰᠠᠶᠢᠬᠠᠨᠲᠠᠯ᠎ᠠ ᠳᠤ ᠮᠦᠬᠦ ᠲᠠᠷᠢᠬᠤ ᠮᠠᠷᠭᠡᠵᠢᠯ ᠰᠤᠷᠴᠤ᠂ ᠰᠡᠭᠦᠯ ᠳᠤᠨᠢ 3 ᠵᠢᠯ ᠮᠦᠬᠦ ᠲᠠᠷᠢᠵᠤ ᠪᠤᠷᠤᠯᠠᠭᠤᠯᠬᠤ ᠠᠵᠢᠯ ᠬᠢᠭᠰᠡᠨ᠃ ᠮᠦᠬᠦ ᠠᠩᠬ᠎ᠠ ᠡᠬᠢᠨ ᠳᠡᠭᠡᠨ ᠬᠤᠳᠠᠯᠳᠤᠵᠤ ᠭᠠᠷᠬᠤ ᠦᠭᠡᠢ ᠪᠠᠶᠢᠭᠰᠠᠨ ᠠᠴᠠ ᠪᠠᠨ ᠠᠭᠠᠵᠢᠮ ᠢᠶᠠᠷ ᠪᠤᠷᠤᠯᠠᠭᠤᠯᠭ᠎ᠠ ᠰᠠᠶᠢᠲᠠᠢ ᠪᠤᠯᠵᠤ᠂ ᠲᠤᠬᠠᠢ ᠶᠢᠨ ᠦᠶ᠎ᠠ ᠳᠤ ᠵᠢᠯ ᠳᠤ 7 — 8 ᠮᠢᠩᠭᠠᠨ ᠲᠦᠭᠦᠷᠢᠭ ᠤᠨ ᠤᠷᠤᠯᠭ᠎ᠠ ᠲᠠᠢ ᠪᠠᠶᠢᠪᠠ︾ ᠬᠡᠵᠤ ᠪᠤᠤ ᠮᠸᠢ ᠬᠤᠸᠠ ᠶᠠᠷᠢᠨ᠎ᠠ᠃ ᠰᠡᠬᠦᠯ ᠳᠤᠨᠢ ᠪᠤᠤ ᠮᠸᠢ ᠬᠤᠸᠠ ᠵᠢᠨᠢᠩ ᠳᠤ ᠪᠠᠶᠢᠭ᠎ᠠ ᠪᠠᠭᠰᠢ ᠪᠠᠨ ᠪᠤᠯᠭᠤᠭᠠᠨ ᠦᠵᠡᠬᠦ ᠪᠠᠷ ᠭᠡᠷ ᠲᠤᠨᠢ ᠬᠦᠷᠦᠬᠡᠳ ᠪᠠᠭᠰᠢ ᠶᠢᠨ ᠬᠢᠨᠢ ᠪᠦᠰᠡᠬᠦᠢ ᠨᠢ ᠬᠤᠭᠤᠯᠠᠨ ᠭᠡᠷ ᠡᠷᠬᠢᠯᠠᠵᠤ ᠪᠠᠶᠢᠭ᠎ᠠ ᠶᠢ ᠮᠡᠳᠡᠭᠡᠳ ᠦᠪᠡᠷ ᠢᠶᠠᠨ ᠬᠤᠭᠤᠯᠠᠨ ᠭᠡᠷ ᠨᠡᠬᠡᠭᠡᠬᠦ ᠪᠤᠳᠤᠯ ᠤᠷᠤᠭᠰᠠᠨ ᠪᠠᠶᠢᠨ᠎ᠠ᠃ ᠲᠡᠭᠡᠭᠡᠳ ᠲᠡᠷᠡ ᠬᠤᠭᠤᠯᠠᠨ ᠬᠡᠷ ᠡᠷᠬᠢᠯᠡᠬᠦ ᠪᠠᠷ 21 ᠲᠡᠭᠰᠢ ᠲᠦᠷᠪᠡᠯᠵᠢᠨ ᠮᠧᠲᠷ ᠲᠠᠯᠠᠪᠠᠢ ᠲᠠᠢ ᠨᠢᠭᠡ ᠪᠠᠶᠢᠰᠢᠩ ᠢ ᠲᠦᠷᠢᠶᠠᠰᠤᠯᠠᠨ ᠠᠪᠴᠤ᠂ ᠡᠵᠢ ᠶᠢᠨ ᠢᠶᠠᠨ ᠰᠠᠳᠤᠨ ᠲᠦᠷᠤᠯ ᠠᠴᠠ ᠪᠠᠨ ᠵᠢᠭᠡᠯᠡᠨ ᠪᠠᠯᠠᠳᠭᠡᠵᠤ ᠦᠭᠭᠦᠭᠰᠡᠨ 8000 ᠲᠦᠭᠦᠷᠢᠭ ᠢᠶᠠᠷ ᠡᠭᠡ ᠪᠠᠯᠠ ᠪᠤᠯᠭᠠᠨ᠂ 1991 ᠤᠨ ᠳᠤ ︽ᠪᠠᠷᠠᠭᠤᠨ ᠰᠦᠨᠢᠳ ᠤᠨ ᠬᠤᠨᠢᠨ ᠮᠢᠬᠠᠨ ᠬᠤᠭᠤᠯᠠᠨ ᠭᠡᠷ︾ ᠢᠶᠠᠨ ᠨᠡᠭᠡᠭᠡᠪᠡ᠃ ᠬᠤᠭᠤᠯᠠᠨ ᠭᠡᠷ ᠨᠢ ᠠᠩᠬ᠎ᠠ ᠡᠬᠢᠨ ᠳᠡᠭᠡᠨ ᠶᠠᠰᠤ ᠲᠠᠢ ᠮᠢᠬ᠎ᠠ᠂ 3 ᠵᠦᠢᠯ ᠤᠨ ᠬᠦᠢᠲᠡᠨ ᠵᠠᠭᠤᠰᠢ ᠪᠠ 2 ᠵᠦᠢᠯ ᠤᠨ ᠭᠤᠤᠯ ᠢᠳᠡᠭᠡᠨ ᠢ ᠯᠡ ᠬᠢᠵᠤ᠂ 2 ᠠᠵᠢᠯᠲᠡᠨ ᠲᠠᠢ ᠪᠠᠶᠢᠯ᠎ᠠ᠃ ︽ᠦᠨᠡᠨᠴᠢ ᠢᠳᠡᠬᠡᠮᠵᠢ ᠪᠤᠯ ᠠᠯᠢᠪᠡ ᠦᠢᠯᠡᠰ ᠤᠨ ᠦᠨᠳᠤᠰᠤ ᠰᠠᠭᠤᠷᠢ ᠪᠤᠯᠤᠨ᠎ᠠ᠃ ᠵᠤᠴᠢᠨ ᠳᠠᠭᠠᠨ ᠵᠠᠪᠠᠯ ᠴᠢᠨᠠᠷ ᠰᠠᠶᠢᠳᠠᠢ ᠬᠤᠭᠤᠯᠠ ᠪᠤᠳᠠᠭ᠎ᠠ ᠬᠠᠨᠭ᠍ᠭᠠᠬᠤ ᠬᠡᠷᠡᠭᠲᠠᠢ︾ ᠡᠨᠡ ᠪᠤᠯ ᠡᠵᠢ ᠶᠢᠨ ᠬᠢᠨᠢ ᠦᠷᠬᠦᠯᠵᠢ ᠵᠠᠬᠢᠳᠠᠬ ᠰᠤᠷᠭᠠᠯ ᠪᠤᠯᠤᠨ᠎ᠠ᠃ ᠪᠤᠤ ᠮᠸᠢ ᠬᠤᠸ᠋ᠨ ᠰᠡᠳᠬᠢᠯ ᠳᠡᠭᠡᠨ ᠬᠦᠨ ᠬᠠᠳᠠᠩᠰᠢᠭᠤᠯᠵᠤ᠂ ᠬᠤᠭᠤᠯᠠᠨ ᠭᠡᠷ ᠲᠡᠭᠡᠨ ᠬᠡᠷᠡᠭᠯᠡᠬᠦ ᠬᠤᠨᠢᠨ ᠮᠢᠬ᠎ᠠ᠂ ᠴᠠᠭᠠᠨ ᠢᠳᠡᠭᠡ ᠵᠡᠷᠭᠡ ᠢᠳᠡᠭᠡᠨ ᠤᠮᠳᠠᠭᠠᠨ ᠤ ᠵᠦᠢᠯ ᠤᠨ ᠴᠢᠨᠠᠷ ᠢ ᠪᠠᠲᠤᠯᠠᠬᠤ ᠶᠢ ᠲᠠᠷᠢᠭᠦᠨ ᠳᠤ ᠲᠠᠯᠪᠢᠳᠠᠭ ᠲᠤᠯᠠ᠂ ᠲᠡᠳᠡᠨ ᠤ ᠬᠤᠭᠤᠯᠠᠨ ᠭᠡᠷ ᠤᠨ ᠬᠤᠭᠤᠯᠠ ᠪᠤᠳᠠᠭ᠎ᠠ ᠶᠢᠨ ᠦᠨᠦᠷ ᠠᠮᠳᠠ ᠤᠨᠴᠠ ᠰᠠᠶᠢᠨ ᠪᠠᠶᠢᠵᠤ᠂ ᠤᠳᠠᠯ ᠦᠭᠡᠢ ᠵᠤᠴᠢᠨ ᠤᠯᠠᠰᠢᠷᠠᠵᠤ᠂ ᠤᠷᠤᠯᠭ᠎ᠠ ᠨᠢ ᠵᠦᠭᠡᠷ ᠪᠤᠯᠵᠠᠢ᠃ ᠡᠨᠡ ᠮᠡᠲᠤ ᠪᠠᠷ ᠭᠤᠷᠪᠠ᠂ ᠲᠦᠷᠪᠡᠨ ᠵᠢᠯ ᠪᠤᠯᠤᠮᠠᠬᠴᠠ ᠪᠡᠯᠡ ᠮᠦᠡᠭᠬᠦ ᠪᠠᠨ ᠡᠷᠬᠢᠭᠦᠯᠦᠨ ᠠᠪᠴᠢᠷᠠᠬᠰᠠᠨ ᠪᠦᠭᠡᠳ ᠠᠮᠢᠳᠤᠷᠠᠯ ᠠᠬᠤᠢ ᠨᠢ ᠴᠤ ᠠᠭᠠᠵᠢᠮ ᠢᠶᠠᠷ ᠰᠠᠶᠢᠵᠢᠷᠠᠵᠦ ᠡᠬᠢᠯᠡᠪᠡ᠃ ᠤᠢᠢᠯᠡᠰ ᠪᠤᠰᠬᠠᠬᠤ ᠡᠬᠢᠨ ᠤ ᠦᠶ᠎ᠠ ᠳᠤ ᠪᠤᠤ ᠮᠸᠢ ᠬᠤᠸᠠ ᠳᠤ ᠪᠠᠭ᠎ᠠ ᠪᠤᠰᠤ ᠬᠦᠴᠢᠷ ᠲᠦᠪᠡᠭ ᠲᠤᠯᠭᠠᠷᠠᠪᠠ᠃ ︽ ᠲᠤᠬᠠᠢ ᠶᠢᠨ ᠦᠶ᠎ᠠ ᠳᠤ᠂ ᠬᠤᠭᠤᠯᠠᠨ ᠬᠡᠷ ᠲᠤ ᠵᠠᠷᠤᠳᠠᠬ ᠬᠤᠨᠢᠨ ᠮᠢᠬ᠎ᠠ ᠪᠠᠨ ᠪᠢᠳᠡ ᠪᠠᠷᠠᠭᠤᠨ ᠰᠦᠨᠢᠳ ᠠᠴᠠ ᠵᠢᠨᠢᠩ ᠵᠦᠭ ᠳ᠋ᠦᠡᠭᠹᠸᠡᠭ ᠮᠠᠰᠢᠨ ᠲᠠᠷᠭᠡ ᠪᠠᠷ ᠲᠠᠭᠡᠭᠡᠵᠤ ᠠᠪᠴᠢᠷᠠᠳᠠᠬ᠃ ᠡᠪᠤᠯ ᠤᠨ ᠴᠠᠭ ᠴᠠᠰᠤ ᠵᠤᠳ ᠪᠤᠯᠪᠠᠯ ᠲᠠᠭᠠᠷᠠᠵᠤ ᠪᠡᠭᠡᠷᠡᠵᠤ᠂ ᠵᠤᠪᠠᠵᠤ ᠵᠦᠳᠠᠵᠤ ᠪᠠᠶᠢᠭᠰᠠᠨ᠃ ᠵᠠᠷᠢᠮ ᠳᠠᠭᠠᠨ ᠲᠠᠷᠭᠡ ᠡᠪᠳᠠᠷᠡᠪᠠᠯ ᠪᠢ ᠵᠢᠯᠤᠭᠤᠴᠢ ᠳᠤ ᠬᠠᠮᠵᠢᠵᠤ ᠵᠠᠰᠠᠨ ᠰᠡᠯᠪᠢᠬᠦ ᠤᠳᠠᠭ᠎ᠠ ᠴᠦ ᠭᠠᠷᠳᠠᠬ᠃ ᠪᠢ 15 ᠮᠢᠨᠦ᠋ᠲ ᠲᠤ 60 ᠪᠠᠩᠰᠢ ᠪᠤᠭᠤᠵᠤ᠂ ᠭᠠᠷ ᠢᠶᠠᠨ ᠬᠦᠰᠢᠬᠡᠵᠤ᠂ ᠡᠷᠲᠡ ᠶᠢᠨ 4 ᠴᠠᠭ ᠲᠤ ᠪᠤᠰᠴᠤ ᠠᠵᠢᠯ ᠳᠤ ᠭᠠᠷᠤᠨ᠂ ᠤᠷᠤᠢ ᠰᠠᠨᠳᠠᠯᠢ ᠲᠡᠭᠡᠷ᠎ᠡ ᠤᠨᠳᠠᠳᠠᠭ ᠪᠠᠶᠢᠭᠰᠠᠨ︾ ᠬᠡᠵᠦ ᠪᠤᠤ ᠮᠸᠢ ᠬᠤᠸᠠ ᠶᠠᠷᠢᠨ᠎ᠠ᠃
ᠬᠡᠳᠤᠨ ᠵᠢᠯ ᠤᠨ ᠴᠢᠷᠮᠠᠶᠢᠯᠭ᠎ᠠ ᠪᠠᠷ ᠪᠤᠤ ᠮᠸᠢ ᠬᠤᠸ᠋ᠨ ᠶᠢᠨ ᠵᠢᠵᠢᠭ ᠬᠤᠭᠤᠯᠠᠨ ᠭᠡᠷ ᠨᠢ ᠲᠤᠮᠤ ᠬᠤᠭᠤᠯᠠᠨ ᠤ ᠭᠠᠵᠠᠷ ᠪᠤᠯᠵᠤ ᠲᠡᠰ ᠲᠠᠪᠰᠢᠨ᠂ 2 ᠠᠵᠢᠯᠲᠡᠨ ᠲᠠᠢ ᠪᠠᠶᠢᠭᠰᠠᠨ ᠠᠴᠠ 15 ᠠᠵᠢᠯᠲᠡᠨ ᠲᠠᠢ ᠪᠤᠯᠵᠤ ᠬᠡᠪᠴᠢᠶᠠᠵᠢᠭᠰᠡᠨ ᠪᠠᠶᠢᠨ᠎ᠠ᠃ ᠡᠨᠡ ᠦᠶ᠎ᠠ ᠳᠤ ᠪᠤᠤ ᠮᠸᠢ ᠬᠤᠸᠠ ︽ᠦᠨᠳᠤᠰᠤᠲᠠᠨ ᠤ ᠪᠠᠨ ᠢᠳᠡᠭᠡᠨ ᠤᠮᠳᠠᠭᠠᠨ ᠤ ᠰᠤᠶᠤᠯ ᠢ ᠪᠠᠳᠠᠷᠠᠭᠤᠯᠤᠨ᠂ ᠮᠤᠩᠭᠤᠯ ᠬᠤᠭᠤᠯᠠᠨ ᠤ ᠲᠦᠷᠤᠯ ᠲᠡᠮᠳᠡᠭ ᠢ ᠱᠤᠭᠤᠬᠤ︾ ᠪᠠᠷ ᠵᠤᠷᠢᠬ ᠰᠢᠭᠤᠳᠴᠠᠢ᠃ ᠬᠡᠬᠦ ᠳᠡᠭᠡᠨ ᠮᠤᠩᠭᠤᠯ ᠬᠤᠭᠤᠯᠠᠨ ᠤ ᠲᠦᠷᠤᠯ ᠲᠡᠮᠳᠡᠭ ᠢ ᠱᠤᠭᠤᠬᠤ ᠳᠤ ᠭᠠᠭᠴᠠ ᠵᠢᠨᠢᠩ ᠳᠤ ᠮᠤᠩᠭᠤᠯ ᠬᠤᠭᠤᠯᠠᠨ ᠤ ᠭᠠᠵᠠᠷ ᠭᠠᠷᠭᠠᠭᠠᠳ ᠯᠡ ᠪᠤᠯᠴᠢᠬᠠᠬᠤ ᠪᠢᠰᠢ᠂ ᠵᠠᠪᠠᠯ ᠮᠤᠩᠭᠤᠯ ᠬᠤᠭᠤᠯᠠ ᠶᠢ ᠬᠡᠯᠬᠢᠶᠠᠵᠢᠬᠦᠯᠦᠨ ᠡᠵᠡᠩᠨᠡᠵᠤ᠂ ᠵᠠᠬ᠎ᠠ ᠲᠡᠯᠭᠡᠬᠦᠷ ᠢᠶᠠᠨ ᠤᠷᠤᠨ ᠤ ᠭᠠᠳᠠᠨ᠎ᠠ ᠬᠠᠨᠲᠤᠭᠤᠯᠬᠤ ᠬᠡᠷᠡᠭᠲᠠᠢ ᠪᠠᠶᠢᠪᠠ᠃ ᠲᠡᠭᠡᠭᠡᠳ ᠲᠠᠷᠡ ᠤᠳᠠᠯ ᠦᠭᠡᠢ ᠤᠷᠤᠨ ᠠᠯᠤᠰᠯᠠᠭᠰᠠᠨ ᠴᠢᠨᠠᠷᠲᠠᠢ ᠲᠢᠶᠠᠨᠵᠢᠨ ᠮᠸᠡᠭ ᠾᠸᠡᠭ ᠮᠤᠩᠭᠤᠯ ᠬᠤᠭᠤᠯᠠᠨ ᠤ ᠠᠰᠠᠷ ᠢᠶᠠᠨ ᠲᠢᠶᠠᠨᠵᠢᠨ ᠬᠤᠳᠠ ᠳᠤ ᠨᠡᠭᠡᠭᠡᠵᠤ᠂ ᠬᠡᠯᠬᠢᠶᠡᠵᠢᠭᠰᠡᠨ ᠡᠵᠡᠩᠨᠡᠯᠳᠡ ᠶᠢᠨ ᠠᠩᠬᠠᠨ ᠤ ᠠᠯᠬᠤᠮ ᠢᠶᠠᠨ ᠠᠯᠬᠤᠭᠰᠠᠨ ᠪᠠᠶᠢᠨ᠎ᠠ᠃ ᠮᠤᠩᠭᠤᠯ ᠢᠳᠡᠬᠡᠨ ᠤᠮᠳᠠᠭᠠᠨ ᠤ ᠰᠤᠶᠤᠯ ᠢᠶᠠᠨ ᠨᠠᠩ ᠤᠯᠠᠨ ᠬᠦᠮᠦᠨ ᠳᠤ ᠮᠡᠳᠡᠭᠦᠯᠵᠤ ᠤᠢᠢᠯᠠᠭᠠᠭᠤᠯᠵᠤ᠂ ᠮᠤᠩᠭᠤᠯ ᠬᠤᠭᠤᠯᠠᠨ ᠤ ᠲᠦᠷᠤᠯ ᠲᠡᠮᠳᠡᠭ ᠢ ᠱᠤᠭᠤᠬᠤ ᠪᠠᠷ ᠪᠤᠤ ᠮᠸᠢ ᠬᠤᠸᠠ ᠨᠠᠩ ᠶᠡᠭᠡ᠂ ᠨᠠᠩ ᠬᠤᠯᠠ ᠶᠢ ᠪᠤᠳᠤᠯᠬᠢᠯᠠᠵᠤ ᠲᠠᠯᠠᠬᠡᠢ ᠶᠢᠨ ᠡᠯ ᠠ ᠭᠠᠵᠠᠷ ᠤᠨ ᠬᠦᠮᠦᠰ ᠬᠤᠷᠠᠨ ᠴᠤᠭᠯᠠᠷᠠᠭᠰᠠᠨ ᠱᠠᠩᠬᠠᠢ ᠬᠤᠲᠠ ᠶᠢ ᠲᠠᠷᠠᠭᠠᠴᠢ ᠶᠢᠨ ᠬᠠᠷᠠᠯᠲᠠ ᠪᠠᠨ ᠪᠤᠯᠭᠠᠪᠠ᠃ 2012 ᠤᠨ ᠤ 8 ᠰᠠᠷ᠎ᠠ᠂ ᠪᠤᠤ ᠮᠸᠢ ᠬᠤᠸᠠ ᠱᠠᠩᠬᠠᠢ ᠶᠢᠨ ᠮᠸᠡᠭ ᠾᠸᠡᠭ ᠢᠳᠡᠭᠡᠨ ᠤᠮᠳᠠᠭᠠᠨ ᠤ ᠬᠠᠮᠢᠶᠠᠷᠤᠯᠲᠠ ᠶᠢᠨ ᠬᠢᠵᠠᠭᠠᠷᠲᠤ ᠺᠤᠮᠫᠠᠨᠢ ᠪᠠᠨ ᠪᠠᠶᠢᠭᠤᠯᠵᠤ᠂ ᠦᠪᠦᠷ ᠮᠤᠩᠭᠤᠯ ᠤᠨ ᠮᠸᠡᠭ ᠾᠸᠡᠭ ᠢᠳᠡᠭᠡᠨ ᠤᠮᠳᠠᠭᠠᠨ ᠤ ᠬᠠᠮᠢᠶᠠᠷᠤᠯᠲᠠ ᠶᠢᠨ ᠪᠠᠶᠢᠭᠤᠯᠤᠮᠵᠢ ᠤᠯᠠᠨ ᠤᠯᠤᠰ ᠤᠨ ᠴᠢᠨᠠᠷᠲᠠᠢ ᠶᠡᠭᠡ ᠬᠤᠲᠠ ᠳᠤ ᠤᠷᠤᠵᠤ ᠰᠠᠭᠤᠵᠠᠢ᠃ ᠢᠢᠨᠬᠦ ︽ᠮᠸᠡᠭ ᠾᠸᠡᠭ︾ ᠮᠤᠩᠭᠤᠯ ᠬᠤᠭᠤᠯᠠᠨ ᠤ ᠲᠦᠷᠤᠯ ᠲᠠᠮᠳᠡᠭ ᠨᠢ ᠲᠠᠯᠡᠬᠡᠢ ᠶᠢᠨ ᠡᠯ᠎ᠠ ᠭᠠᠵᠠᠷ ᠤᠨ ᠬᠦᠮᠦᠰ ᠲᠤ ᠲᠠᠨᠢᠭᠳᠠᠵᠤ ᠡᠬᠢᠯᠡᠪᠡ᠃ ︽ᠱᠠᠩᠬᠠᠢ ᠳᠤ ᠡᠬᠢᠯᠡᠵᠤ ᠬᠢᠬᠦ ᠦᠶ᠎ᠠ ᠳᠤ᠂ ᠲᠡᠨᠳᠡᠬᠢ ᠬᠦᠮᠦᠰ ᠤᠨ ᠢᠳᠡᠭᠡᠨ ᠤᠮᠳᠠᠭᠠᠨ ᠤ ᠵᠠᠩᠰᠢᠯ᠂ ᠤᠷᠴᠢᠨ ᠠᠬᠤᠢ ᠵᠡᠷᠭᠡ ᠰᠢᠯᠲᠠᠭᠠᠨ ᠠᠴᠠ ᠪᠤᠯᠵᠤ ᠤᠷᠤᠭᠤᠯᠤᠬᠰᠠᠨ 500 ᠲᠦᠮᠡᠨ ᠲᠦᠭᠦᠷᠢᠭ ᠵᠤᠭᠤᠰ ᠢᠶᠠᠨ ᠲᠠᠯᠠᠭᠠᠷ ᠬᠠᠶᠠᠭᠰᠠᠨ ᠮᠠᠶᠢᠮᠠᠢ ᠪᠤᠯᠵᠠᠢ᠃ ᠬᠡᠪᠡᠴᠤ ᠪᠢ ᠵᠠᠮ ᠲᠤᠮᠳᠠ ᠠᠴᠠ ᠪᠠᠨ ᠪᠤᠴᠠᠵᠤ ᠬᠠᠷᠢᠬᠰᠠᠨ ᠦᠬᠡᠢ ᠪᠠᠷ ᠵᠠᠯᠭᠠᠵᠤ ᠴᠢᠷᠮᠠᠶᠢᠵᠤ ᠡᠵᠡᠩᠨᠡᠭᠰᠡᠨ ᠢᠶᠠᠷ ᠤᠳᠤ ᠱᠠᠩᠬᠠᠢ ᠶᠢᠨ ᠲᠡᠯᠭᠡᠬᠦᠷ ᠨᠡᠯᠢᠶᠠᠳ ᠵᠦᠭᠡᠷ ᠪᠤᠯᠤᠭᠰᠠᠨ ᠪᠠᠶᠢᠨ᠎ᠠ︾ ᠬᠡᠵᠤ ᠪᠤᠤ ᠮᠸᠢ ᠬᠤᠸᠠ ᠶᠠᠷᠢᠨ᠎ᠠ᠃ ᠡᠨᠡ ᠮᠡᠳᠦ ᠪᠠᠷ ᠰᠢᠨᠳᠠᠷᠠᠰᠢ ᠦᠭᠡᠢ ᠴᠢᠷᠮᠠᠶᠢᠭᠰᠠᠨ ᠤ ᠠᠴᠢ ᠪᠠᠷ ᠤᠳᠤ ᠪᠤᠤ ᠮᠸᠢ ᠬᠤᠸᠠ ᠶᠢᠨ ᠬᠤᠭᠤᠯᠠᠨ ᠭᠡᠷ ᠨᠢ ᠬᠦᠭᠵᠢᠨ ᠪᠤᠵᠠᠭᠠᠢᠢᠷᠠᠵᠤ ᠵᠢᠨᠢᠩ ᠠᠴᠠ ᠭᠠᠳᠠᠨ᠎ᠠ ᠱᠠᠩᠬᠠᠢ᠂ ᠲᠢᠶᠠᠨᠵᠢᠨ᠂ ᠬᠦᠬᠡᠬᠤᠲᠠ ᠳᠤ ᠴᠦᠮ ᠬᠤᠪᠢᠶᠠᠷᠢ ᠲᠡᠯᠭᠡᠭᠦᠷ ᠲᠠᠢ ᠮᠸᠡᠭ ᠾᠧᠡᠭ ᠢᠳᠡᠭᠡᠨ ᠤᠮᠳᠠᠭᠠᠨ ᠤ ᠬᠡᠯᠬᠢᠶᠡᠳᠦ ᠺᠤᠮᠫᠠᠨᠢ ᠪᠤᠯᠵᠦ ᠬᠦᠭᠵᠢᠵᠡᠢ᠃ ︽ᠬᠡᠴᠢᠨᠠᠨ ᠬᠦᠴᠢᠷ ᠲᠦᠪᠡᠭ ᠲᠤᠯᠭᠠᠷᠠᠬᠰᠠᠨ ᠴᠤ ᠪᠢᠳᠡ ᠮᠤᠩᠭᠤᠯ ᠢᠳᠡᠬᠡᠨ ᠤᠮᠳᠠᠭᠠᠨ ᠢᠶᠠᠨ ᠵᠢᠩᠬᠢᠨᠢ ᠬᠡᠯᠬᠢᠶᠡᠳᠦ ᠲᠡᠯᠭᠡᠭᠦᠷ ᠪᠤᠯᠭᠠᠨ ᠡᠵᠡᠩᠨᠡᠵᠤ᠂ ᠮᠤᠩᠭᠤᠯ ᠬᠤᠭᠤᠯᠠᠨ ᠤ ᠨᠠᠷᠡᠲᠤ ᠲᠦᠷᠤᠯ ᠲᠡᠮᠳᠡᠭ ᠢ ᠴᠤᠭᠴᠠᠯᠠᠶ᠎ᠠ ᠬᠡᠵᠤ ᠪᠤᠳᠤᠵᠤ ᠬᠢᠵᠤ ᠢᠷᠡᠭᠰᠡᠨ ᠶᠤᠮ᠃ ᠮᠦᠨ ᠮᠤᠩᠭᠤᠯ ᠬᠦᠮᠦᠨ ᠤ ᠴᠠᠭᠠᠪᠤᠷ ᠰᠠᠶᠢᠬᠠᠨ ᠵᠠᠩ ᠢᠶᠠᠷ ᠢᠶᠠᠨ ᠴᠢᠨᠡᠷ ᠰᠠᠶᠢᠲᠠᠢ ᠢᠳᠡᠭᠡᠨ ᠢᠶᠠᠨ ᠬᠡᠶᠢᠴᠢᠳ ᠵᠤᠴᠢᠤᠨ ᠲᠤ ᠬᠠᠨᠭ᠍ᠭᠠᠵᠤ ᠢᠷᠡᠭᠰᠡᠨ ᠢᠶᠠᠷ ︿ᠮᠸᠡᠭ ᠾᠧᠡᠭ﹀ ᠲᠦᠷᠦᠯ ᠲᠡᠮᠳᠡᠭ ᠮᠠᠨᠢ ᠬᠤᠷᠢᠭᠠᠳ ᠵᠢᠯ ᠤᠨ ᠲᠤᠷᠰᠢ ᠦᠷᠬᠡᠨ ᠤᠯᠠᠨ ᠬᠡᠷᠡᠭᠯᠡᠭᠴᠢᠳ ᠤᠨ ᠬᠦᠷᠢᠶᠠᠯᠠᠯ ᠢ ᠤᠯᠤᠬᠰᠠᠭᠠᠷ ᠢᠷᠡᠭᠰᠡᠨ ᠶᠤᠮ᠃ ᠲᠠᠷᠠᠭᠠᠴᠢ ᠪᠠᠷ ᠪᠢ ᠡᠨᠡ ᠬᠦ ᠲᠠᠯᠭᠡᠭᠦᠷ ᠤᠨ ᠭᠤᠷᠪᠠᠳᠤᠭᠠᠷ ᠲᠠᠪᠬᠤᠷᠭ᠎ᠠ ᠳᠤ ᠮᠤᠩᠭᠤᠯ ᠢᠳᠡᠬᠡᠨ ᠤᠮᠳᠠᠭᠠᠨ ᠤ ᠮᠦᠽᠸᠢ ᠭᠠᠷᠭᠠᠬᠤ ᠪᠠᠷ ᠲᠦᠯᠦᠪᠯᠠᠵᠤ ᠪᠠᠶᠢᠨ᠎ᠠ᠃ ᠤᠳᠤ ᠬᠤᠭᠤᠯᠠ ᠢᠳᠡᠬᠦ ᠪᠤᠯ ᠭᠤᠤᠯ ᠶᠠᠪᠤᠳᠠᠯ ᠪᠢᠰᠢ᠂ ᠬᠠᠷᠢᠨ ᠬᠤᠭᠤᠯᠠ ᠢᠳᠡᠬᠦ ᠶᠢᠨ ᠲᠠᠭᠠᠤ ᠰᠤᠶᠤᠯ ᠢ ᠤᠢᠢᠯᠠᠭᠠᠬᠤ ᠪᠤᠯ ᠬᠦᠮᠦᠰ ᠤᠨ ᠡᠳᠤᠷ ᠢᠷᠡᠬᠦᠶ᠎ᠠ ᠬᠦᠬᠡᠭᠡᠴᠡᠯᠳᠤᠬᠦ ᠴᠢᠬᠤᠯᠠ ᠵᠦᠢᠯ ᠪᠤᠯᠵᠤ ᠪᠤᠢ᠃ ᠢᠢᠮᠤ ᠠᠴᠠ ᠬᠤᠭᠤᠯᠠ ᠢᠳᠡᠬᠦ ᠪᠠᠷ ᠢᠷᠡᠭᠰᠡᠨ ᠵᠤᠴᠢᠳ ᠬᠤᠭᠤᠯᠠ ᠢᠳᠡᠬᠦ ᠶᠢᠨ ᠲᠠᠭᠠᠤ ᠮᠤᠩᠭᠤᠯ ᠦᠨᠳᠤᠰᠤᠲᠡᠨ ᠤ ᠢᠳᠡᠭᠡᠨ ᠤᠮᠳᠠᠭᠠᠨ ᠤ ᠰᠤᠶᠤᠯ ᠢ ᠰᠤᠨᠢᠷᠬᠠᠨ ᠤᠢᠢᠯᠠᠭᠠᠵᠤ ᠪᠤᠯᠤᠨ᠎ᠠ᠃ ᠪᠢ ᠮᠦᠽᠸᠢ ᠪᠠᠨ ᠲᠠᠯᠠᠭᠡᠢ ᠲᠠᠭᠡᠷᠡᠬᠢ 10 ᠲᠤᠮᠤ ᠮᠦᠽᠸᠢ ᠶᠢᠨ ᠪᠠᠷᠢᠮᠵᠢᠶ᠎ᠠ ᠪᠠᠷ ᠪᠠᠶᠢᠭᠤᠯᠬᠤ ᠰᠠᠨᠠᠭ᠎ᠠ ᠲᠠᠢ︾ ᠬᠡᠵᠦ ᠪᠤᠤ ᠮᠸᠢ ᠬᠤᠸᠠ ᠲᠠᠨᠢᠯᠴᠠᠭᠤᠯᠤᠨ᠎ᠠ᠃
︽ᠮᠸᠡᠭ ᠾᠸᠡᠭ︾ ᠢᠳᠡᠭᠡᠨ ᠤᠮᠳᠠᠭᠠᠨ ᠤ ᠬᠡᠯᠬᠢᠶᠡᠳᠦ ᠬᠢᠵᠠᠭᠠᠷᠲᠤ ᠺᠤᠮᠫᠠᠨᠢ ᠨᠢ ᠤᠷᠢᠳ ᠬᠤᠵᠢᠳ ︽ᠦᠪᠦᠷ ᠮᠤᠩᠭᠤᠯ ᠤᠨ ᠠᠷᠠᠳ ᠤᠨ ᠲᠤᠮᠳᠠ ᠢᠲᠡᠭᠡᠯ ᠲᠠᠢ ᠢᠳᠡᠭᠡᠨ ᠤᠮᠳᠠᠭᠠᠨ ᠤ ᠵᠢᠱᠢᠶ᠎ᠠ ᠦᠵᠡᠭᠦᠯᠬᠦ ᠠᠵᠤ ᠠᠬᠤᠢᠢᠯᠠᠯ︾᠂ ︽ᠲᠤᠮᠳᠠᠲᠤ ᠤᠯᠤᠰ ᠤᠨ ᠢᠳᠡᠭᠡᠨ ᠤᠮᠳᠠᠭᠠᠨ ᠤ 30 ᠵᠢᠯ ᠤᠨ ᠰᠢᠯᠢᠳᠡᠭ ᠠᠵᠤ ᠠᠬᠤᠢᠢᠯᠠᠯ︾᠂ ᠦᠪᠦᠷ ᠮᠤᠩᠭᠤᠯ ᠤᠨ ᠨᠠᠷᠠᠲᠤ ᠲᠠᠸᠠᠷ ᠤᠨ ᠲᠠᠮᠳᠡᠭ᠂ ᠤᠯᠠᠭᠠᠨᠴᠠᠪ ᠬᠤᠲᠠ ᠶᠢᠨ ︽ᠠᠷᠪᠠᠨ ᠶᠡᠭᠡ ᠲᠦᠷᠤᠯ ᠲᠠᠮᠳᠡᠭ︾ ᠵᠡᠷᠭᠡ ᠢᠷᠡᠭᠤ ᠠᠯᠳᠠᠷ ᠢ ᠬᠦᠷᠲᠡᠵᠤ ᠪᠤᠤ ᠮᠸᠢ ᠬᠤᠸᠠ ᠴᠤ ᠤᠷᠢᠳ ᠬᠤᠵᠢᠳ 6 ᠤᠳᠠᠭ᠎ᠠ ᠤᠯᠠᠭᠠᠨᠴᠠᠪ ᠬᠤᠲᠠ ᠶᠢᠨ ︽3 · 8 ᠶᠢᠨ ᠡᠮᠡᠭᠲᠠᠢ ᠭᠠᠪᠰᠢᠭᠠᠢᠢᠯᠠᠭᠴᠢ︾᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ︽3 · 8 ᠶᠢᠨ ᠤᠯᠠᠭᠠᠨ ᠲᠤᠭᠴᠢ︾᠂ ︽ᠦᠪᠦᠷ ᠮᠤᠩᠭᠤᠯ ᠤᠨ ᠢᠳᠡᠭᠡᠨ ᠤᠮᠳᠠᠭᠠᠨ ᠬᠢᠭᠡᠳ ᠬᠤᠭᠤᠯᠠᠨ ᠤ ᠭᠠᠵᠠᠷ ᠤᠨ ᠠᠯᠲᠠᠨ ᠬᠦᠯᠢᠰ ᠤᠨ ᠱᠠᠩᠨᠠᠯ︾᠂ ᠦᠪᠦᠷ ᠮᠤᠩᠭᠤᠯ ᠤᠨ ︽ᠠᠷᠪᠠᠨ ᠰᠢᠯᠢᠳᠡᠭ ᠰᠢᠯᠭᠠᠷᠠᠭᠰᠠᠨ ᠤᠷᠠᠨ ᠲᠠᠷᠬᠠᠨ︾᠂ ︽ᠲᠤᠮᠳᠠᠲᠤ ᠤᠯᠤᠰ ᠤᠨ ᠢᠳᠡᠭᠡᠨ ᠤᠮᠳᠠᠭᠠᠨ ᠤ 30 ᠵᠢᠯ ᠤᠨ ᠰᠢᠯᠭᠠᠷᠠᠭᠰᠠᠨ ᠬᠦᠮᠦᠨ ᠤ ᠱᠠᠩᠨᠠᠯ︾ ᠵᠡᠷᠭᠡ ᠢᠷᠠᠭᠤ ᠠᠯᠳᠠᠷ ᠢ ᠬᠦᠷᠲᠡᠵᠤ ᠦᠡᠭᠭᠡᠷᠡᠭᠰᠨᠨ ᠪᠠᠶᠢᠨ᠎ᠠ᠃ ᠢᠤᠢ ᠯᠠᠨ ᠬᠠᠢ ᠵᠢᠶᠦ᠋ᠨ ᠨᠠᠷᠠᠨᠲᠤᠩᠭᠠᠯᠠᠭ ᠤᠯᠠᠭᠠᠨᠳᠤᠶᠠᠭ᠎ᠠ