 

ᠯᠢᠶᠤᠤ ᠤᠯᠤᠰ ᠤᠨ ᠲᠤᠮᠲᠠᠲᠤ ᠨᠠᠶᠢᠰᠯᠡᠯ ᠤᠨ ᠪᠠᠭᠤᠷᠢ

2019-05-15 16:16
  509
  0

ᠯᠢᠶᠤᠤ ᠤᠯᠤᠰ ᠤᠨ ᠲᠤᠮᠲᠠᠲᠤ ᠨᠠᠶᠢᠰᠯᠡᠯ ᠤᠨ ᠪᠠᠭᠤᠷᠢ
 



 
    ᠯᠢᠶᠤᠤ ᠤᠯᠤᠰ ᠤᠨ ᠲᠤᠮᠲᠠᠲᠤ ᠨᠡᠶᠢᠰᠯᠡᠯ ᠤᠨ ᠪᠠᠭᠤᠷᠢ ᠨᠢ ᠨᠢᠩᠴᠧᠩ ᠰᠢᠶᠠᠨ ᠤ ᠠᠷᠠᠳ ᠤᠨ ᠵᠠᠰᠠᠭ ᠤᠨ ᠤᠷᠲᠤᠨ ᠤ ᠰᠠᠭᠤᠭ᠎ᠠ ᠭᠠᠵᠠᠷ —— ᠲᠢᠶᠠᠨ ᠢ ᠪᠠᠯᠭᠠᠰᠤ ᠠᠴᠠ ᠪᠠᠷᠠᠭᠤᠨᠰᠢ ᠬᠤᠷᠢᠨ ᠺᠢᠯᠤᠮᠧᠲᠷ ᠵᠠᠶᠢᠲᠠᠢ ᠳ᠋ᠠ ᠮᠢᠩ ᠪᠠᠯᠭᠠᠰᠣᠨ ᠳᠤ ᠪᠠᠶᠢᠷᠢᠰᠢᠵᠤ ᠪᠠᠶᠢᠭ᠎ᠠ ᠶᠤᠮ ᠃  
ᠯᠢᠶᠤᠤ ᠤᠯᠤᠰ ᠤᠨ《 ᠲᠡᠤᠬᠡ ᠭᠠᠵᠡᠷ ᠵᠦᠢ ᠶᠢᠨ ᠲᠠᠮᠳᠡᠭᠯᠡᠯ 》᠎ ᠢ ᠦᠨᠲᠤᠰᠦᠯᠡᠪᠡᠯ᠄《 ᠯᠢᠶᠤᠤ ᠎ ᠶᠢᠨ ᠱᠧᠩ ᠽᠦᠩ ᠬᠠᠭᠠᠨ ᠪᠤᠯᠤᠨ ᠲᠡᠬᠦᠨ ᠤ ᠡᠭᠡ ᠰᠢᠶᠤᠤ ᠲᠡᠶᠢᠬᠡᠤ ᠴᠡᠷᠢᠭ ᠢᠶᠠᠨ ᠳᠠᠭᠠᠭᠤᠯᠵᠦ ᠪᠤᠴᠠᠬᠤ ᠵᠠᠮ ᠎ ᠳᠠᠭᠠᠨ ᠴᠢ ᠶᠢᠨ ᠱᠠᠨ ︵ᠤᠲᠤ ᠶᠢᠨ ᠵᠢᠤ ᠲᠸᠤ ᠱᠠᠨ︶᠎ ᠶᠢ ᠦᠩᠭᠡᠷᠠᠵᠦ᠂ ᠡᠮᠤᠨᠡᠰᠢ ᠪᠠᠨ ᠪᠠᠷᠠᠯᠠᠬᠤ ᠳᠤ ᠬᠦᠪᠦᠮᠡᠯ ᠡᠬᠦᠯᠡᠨ ᠎ ᠳᠤ ᠦᠷᠭᠡᠨ ᠠᠭᠤᠳᠠᠮ ᠭᠠᠳᠠᠷ ᠬᠤᠲᠠ ᠶᠢᠨ ᠬᠡᠷᠡᠮ᠂ ᠠᠰᠠᠷ ᠲᠠᠬᠲᠤ ᠰᠡᠭᠦᠶᠢᠵᠦ ᠪᠠᠶᠢᠭ᠎ᠠ ᠰᠢᠭ᠋ ᠬᠠᠷᠠᠬᠳᠠᠬᠰᠠᠨ ᠤᠴᠢᠷ ᠠᠴᠠ ᠠᠳᠡ ᠨᠡᠶᠢᠰᠯᠡᠯ ᠪᠠᠶᠢᠭᠤᠯᠪᠠ 》ᠭᠡᠵᠣ ᠲᠡᠮᠳᠡᠭᠯᠡᠵᠡᠢ᠃ ᠮᠦᠨ ᠵᠢᠯ ᠳᠤ ᠶᠠᠨ᠂ ᠵᠢᠢ ᠬᠤᠶᠠᠷ ᠭᠠᠵᠠᠷ ᠎ ᠠᠴᠠ ᠨᠢᠭᠡ ᠪᠦᠯᠦᠭ ᠮᠡᠷᠭᠡᠵᠢᠯ ᠰᠠᠶᠢᠲᠠᠢ ᠬᠢᠳᠠᠳ ᠳᠠᠷᠬᠠᠴᠤᠳ ᠢ ᠠᠪᠴᠢᠷᠠᠵᠦ᠂ ᠰᠦᠩ ᠤᠯᠤᠰ ᠤᠨ ᠨᠠᠶᠢᠰᠡᠯᠡᠯ ᠺᠡᠢ ᠹᠧᠩ ᠬᠤᠲᠠ ᠶᠢ ᠳᠠᠭᠤᠷᠢᠶᠠᠵᠦ ᠲᠤᠮᠲᠠᠲᠤ ᠨᠠᠶᠢᠰᠯᠡᠯ ᠢ ᠪᠠᠶᠢᠭᠤᠯᠤᠬᠰᠠᠨ ᠪᠠᠶᠢᠵᠠᠢ᠃《 ᠴᠧᠩᠲᠧ ᠹᠦ᠋ ᠶᠢᠨ ᠲᠠᠮᠳᠡᠭᠯᠡᠯ 》᠎ ᠳᠤ ᠲᠡᠮᠳᠡᠭᠯᠡᠵᠦ ᠪᠠᠶᠢᠬᠤ ᠪᠠᠷ᠄ 《 ᠯᠢᠶᠤᠤ ᠶᠢᠨ ᠲᠣᠮᠳᠠᠳᠣ ᠨᠡᠶᠢᠰᠯᠠᠯ ᠨᠢ ᠳᠡᠭᠡᠳᠦ᠂ ᠵᠡᠭᠦᠨ᠂ ᠶᠠᠨ ᠭᠤᠷᠪᠠᠨ ᠨᠠᠶᠢᠰᠯᠡᠯ ᠤᠨ ᠲᠤᠮᠳᠠ ᠤᠷᠤᠰᠢᠵᠤ᠂ ᠭᠠᠵᠠᠷ ᠳᠠᠷᠢᠶ᠎ᠠ ᠰᠢᠮ᠎ᠡ ᠰᠠᠶᠢᠲᠠᠢ᠂ ᠬᠦᠮᠦᠨ ᠠᠮᠠ ᠤᠯᠠᠨ᠂ ᠪᠡᠷᠠᠭᠤᠨ ᠎ ᠠᠴᠠ ᠪᠠᠨ ᠮᠠ ᠢᠤᠢ ᠱᠠᠨ ᠠᠭᠤᠯᠠ ᠠᠴᠠ ᠵᠢᠷᠠᠨ ᠭᠠᠵᠠᠷ ᠤᠶᠢᠷᠠᠳᠤᠬᠰᠠᠨ ᠡᠶᠢᠮᠤᠷᠬᠦᠦ ᠭᠠᠵᠡᠷ ᠬᠤᠳᠠ ᠪᠠᠶᠢᠭᠤᠯᠵᠤ᠂ ᠲᠡᠬᠦᠨ ᠢᠶᠠᠨ ᠲᠤᠮᠳᠠᠳᠤ ᠨᠠᠶᠢᠰᠯᠡᠯ ᠭᠡᠵᠤ ᠨᠡᠷᠡᠶᠢᠳᠪᠡ 》ᠬᠡᠵᠡᠢ᠃ ᠡᠬᠦᠨ ᠠᠴᠠ ᠠᠪᠤᠭᠠᠳ ᠲᠤᠮᠳᠠᠳᠤ ᠨᠠᠶᠢᠰᠯᠡᠯ ᠨᠢ ᠲᠡᠭᠡᠳᠤ ᠨᠠᠶᠢᠰᠯᠡᠯ ᠢ ᠤᠷᠤᠯᠠᠭᠠᠳ ᠯᠢᠶᠤᠤ ᠶᠢᠨ ᠨᠤᠶᠠᠷᠬᠠᠯ ᠤᠨ ᠭᠤᠤᠯ ᠲᠦᠪ ᠪᠤᠯᠵᠠᠢ᠃     ︿︿ᠲᠤᠮᠳᠠᠳᠤ ᠤᠯᠤᠰ ᠤᠨ ᠠᠯᠳᠡᠷᠲᠤ ᠦᠵᠡᠮᠵᠢ ᠶᠢᠨ ᠲᠤᠯᠢ ᠪᠢᠴᠢᠭ ᠤᠨ ᠲᠡᠮᠳᠡᠭᠯᠡᠯ﹀﹀ ᠬᠢᠭᠡᠳ ᠬᠠᠭᠤᠴᠢ ᠰᠣᠳᠣᠯᠭᠠᠳᠠᠨ ᠤ ᠬᠠᠶᠢᠨ ᠰᠢᠨᠵᠢᠯᠡᠭᠰᠡᠨ ᠢ ᠦᠨᠳᠤᠰᠤᠯᠡᠪᠡᠯ᠂ ᠯᠢᠶᠤᠤ ᠶᠢᠨ ᠲᠤᠮᠳᠠᠳᠤ ᠨᠠᠶᠢᠰᠯᠡᠯ ᠳᠤ ᠭᠤᠷᠪᠠᠨ ᠲᠠᠪᠬᠤᠷ ᠬᠤᠲᠠ ᠪᠠᠶᠢᠳᠠᠭ᠃ ᠲᠡᠷᠡ ᠨᠢ ᠲᠠᠷᠤᠢ ᠭᠠᠳᠡᠷ ᠬᠤᠳᠠ᠂ ᠲᠤᠲᠤᠷ ᠬᠤᠳᠠ ᠬᠢᠭᠡᠳ ᠬᠠᠭᠠᠨ ᠤ ᠬᠤᠳᠠ ᠪᠤᠯᠤᠨ᠎ᠠ᠃ ᠭᠠᠳᠡᠷ ᠬᠤᠳᠠ ᠶᠢᠨ ᠬᠡᠪᠴᠢᠶ᠎ᠡ ᠨᠢ ᠬᠠᠮᠤᠭ ᠤᠨ ᠶᠡᠭᠡ ᠪᠠᠶᠢᠵᠤ᠂ ᠵᠡᠬᠦᠨ ᠠᠴᠠ ᠪᠠᠷᠠᠭᠤᠰᠢ ᠪᠠᠷᠤᠭ 400 ᠮᠧᠲᠷ᠂ ᠡᠮᠤᠨ᠎ᠡ ᠠᠴᠠ ᠬᠤᠶᠢᠰᠢ ᠪᠠᠨ 3500 ᠮᠧᠲᠷ ᠪᠠᠶᠢᠳᠠᠭ᠃ ᠲᠤᠲᠤᠷ ᠬᠤᠳᠡ ᠶᠢᠨ ᠪᠠᠶᠢᠷᠢᠯᠠᠭᠤᠯᠤᠯ ᠨᠢ ᠴᠢᠩᠭ᠎ᠠ ᠲᠦᠪᠯᠡᠭᠦᠨ ᠪᠠᠶᠢᠵᠤ᠂ ᠭᠠᠳᠠᠷ ᠬᠤᠳᠠ ᠶᠢᠨ ᠲᠤᠮᠳᠠ ᠨᠢ ᠬᠢᠳᠠᠳ ᠤᠨ《 回 》ᠦᠰᠦᠭ ᠤᠨ ᠬᠡᠯᠪᠡᠷᠢ ᠲᠠᠢ ᠂ ᠲᠤᠳᠤᠷ ᠬᠤᠳᠠ ᠶᠢᠨ ᠬᠡᠷᠡᠮ ᠨᠢ ᠵᠡᠬᠦᠨ ᠠᠴᠠ ᠪᠠᠷᠠᠭᠤᠨᠰᠢ 2000 ᠮᠧᠲᠷ᠂ ᠡᠮᠤᠨ᠎ᠡ ᠬᠤᠶᠢᠰᠢ ᠪᠠᠨ1500 ᠮᠧᠲᠷ᠃ ᠬᠠᠭᠠᠨ ᠤ ᠬᠤᠳᠠ ᠨᠢ ᠬᠢᠳᠠᠳ ᠎ ᠤᠨ《正》ᠦᠰᠦᠭ ᠤᠨ ᠬᠡᠯᠪᠡᠷᠢ ᠎ ᠲᠠᠢ᠂ ᠲᠤᠳᠤᠷ ᠬᠤᠳᠠ ᠶᠢᠨ ᠬᠤᠶᠢᠳᠤ ᠪᠡᠶ᠎ᠡ ᠳᠤ ᠪᠠᠶᠢᠳᠠᠭ ᠪᠦᠭᠡᠳ ᠬᠡᠷᠡᠮ ᠪᠦᠷᠢ ᠨᠢ 500 ᠮᠧᠲᠷ ᠤᠷᠳᠤ ᠪᠠᠶᠢᠳᠠᠭ᠃    ᠲᠤᠮᠳᠠᠳᠤ ᠨᠡᠶᠢᠰᠯᠡᠯ ᠤᠨ ᠲᠤᠳᠤᠷ ᠬᠤᠳᠠ ᠳᠤ ᠣᠣᠯ ᠲᠠᠭᠠᠨ ᠲᠦᠷᠪᠡᠨ ᠰᠤᠪᠤᠷᠭ᠎ᠠ ᠲᠠᠢ ᠪᠠᠶᠢᠪᠡ᠃ ᠪᠠᠷᠠᠭᠤᠨ ᠡᠮᠤᠨᠡᠬᠢ ᠠᠭᠤᠯᠠ ᠶᠢᠨ ᠬᠢᠷ᠎ᠠ ᠳᠡᠭᠡᠷ᠎ᠡ ᠨᠢᠭᠡᠨ ᠲᠡᠮᠤᠷ ᠰᠤᠪᠤᠷᠭ᠎ᠠ ᠪᠠᠶᠢᠬᠰᠠᠨ ᠪᠤᠯᠪᠠᠴᠤ ᠤᠲᠤ ᠤᠯᠠ ᠮᠦᠷ ᠎ ᠨᠢ ᠬᠠᠷᠠᠬᠳᠠᠬᠤ ᠦᠭᠡᠢ ᠪᠤᠯᠴᠢᠬᠠᠬᠰᠠᠨ ᠪᠠᠶᠢᠨ᠎ᠠ᠃ ᠡᠬᠦᠨ ᠠᠴᠠ ᠭᠠᠳᠠᠨ᠎ᠠ ᠶᠡᠭᠡ ᠰᠤᠪᠤᠷᠭ᠎ᠠ ᠂ ᠪᠠᠭ᠎ᠠ ᠰᠤᠪᠤᠷᠭ᠎ᠠ᠂ ᠮᠤᠬᠤᠷ ᠰᠤᠪᠤᠷᠭ᠎ᠠ ᠨᠢ ᠡᠳᠤᠭᠡ ᠪᠤᠯᠲᠠᠯ᠎ᠠ ᠦᠯᠡᠳᠡᠭᠰᠡᠭᠡᠷ ᠪᠠᠶᠢᠨ᠎ᠠ᠃    ᠯᠢᠶᠤᠤ᠂ ᠶᠢᠨ᠂ ᠶᠤᠸᠠᠨ᠂ ᠮᠢᠩ ᠤᠨ ᠲᠦᠷᠪᠡᠨ ᠲᠦᠷᠦ ᠶᠢ ᠦᠩᠭᠡᠷᠡᠭᠡᠭᠡᠳ ᠴᠢᠩ ᠤᠯᠤᠰ ᠤᠨ ᠨᠠᠶᠢᠷᠠᠯᠲᠤ ᠲᠦᠪ ᠤᠨ ᠦᠶ᠎ᠡ ᠪᠣᠯᠬᠤ ᠳᠤ ᠯᠢᠶᠤᠤ ᠶᠢᠨ ᠲᠤᠮᠳᠠᠳᠤ ᠨᠡᠶᠢᠰᠯᠡᠯ ᠤᠨ ᠤᠷᠤᠨ ᠨᠢ ᠠᠯᠭᠤᠷ ᠠᠭᠠᠵᠢᠮ ᠎ ᠢᠶᠠᠷ ᠲᠠᠷᠢᠶᠠᠨ ᠭᠠᠵᠠᠷ ᠪᠤᠯᠤᠬᠰᠠᠨ ᠪᠠᠶᠢᠪᠠ᠃ ᠯᠢᠶᠤᠤ ᠶᠢᠨ ᠲᠤᠮᠳᠠᠳᠤ ᠨᠠᠶᠢᠰᠯᠡᠯ ᠤᠨ ᠪᠠᠭᠤᠷᠢ ᠭᠡᠪᠡᠯ ᠤᠲᠤ ᠵᠦᠪᠬᠡᠨ ᠭᠤᠷᠪᠠᠨ ᠰᠠᠭᠤᠷᠢ ᠲᠤᠭᠤᠰᠬ᠎ᠠ ᠶᠢᠨ ᠰᠤᠪᠤᠷᠭ᠎ᠠ ᠪᠤᠯᠤᠨ ᠬᠤᠳᠠ ᠶᠢᠨ ᠪᠡᠷᠠᠭᠤᠨ ᠡᠮᠤᠨ᠎ᠡ ᠪᠤᠯᠤᠩ ᠎ ᠳᠠᠬᠢ ᠨᠢᠭᠡ ᠰᠠᠭᠤᠷᠢ ᠰᠦᠮ᠎ᠡ ᠶᠢᠨ ᠬᠤᠷᠢᠶ᠎ᠠ ᠶᠢᠨ ᠪᠠᠭᠤᠷᠢ ᠲᠡᠳᠤᠢ ᠪᠤᠯᠵᠡᠢ᠃ ᠲᠡᠮᠳᠡᠭᠯᠡᠯ ᠢ ᠦᠨᠳᠤᠰᠤᠯᠡᠪᠡᠯ ᠲᠤᠰ ᠰᠦᠮ᠎ᠡ ᠶᠢᠨ ᠨᠡᠷ᠎ᠡ ᠨᠢ ᠯᠢᠩ ᠭᠠᠨ ᠰᠧ ᠭᠡᠳᠡᠭ᠃ ᠰᠦᠮ᠎ᠡ ᠶᠢᠨ ᠲᠦᠪ ᠲᠤᠮᠳᠡ ᠳᠠᠬᠢ ᠨᠢᠭᠡ ᠲᠠᠯ᠎ᠠ ᠶᠢ ᠎ ᠨᠢ ᠲᠠᠪᠤᠨ ᠲᠠᠰᠤᠯᠭ᠎ᠠ ᠬᠤᠪᠢᠶᠠᠬᠰᠠᠨ ᠪᠠᠶᠢᠳᠠᠭ᠂ ᠲᠤᠳᠤᠬᠠᠰᠢ ᠤᠷᠤᠪᠠᠯ ᠪᠠᠰᠠ ᠲᠠᠪᠤᠨ ᠶᠡᠭᠡ ᠲᠠᠰᠤᠯᠭ᠎ᠠ ᠪᠦᠬᠦᠢ ᠲᠤᠮᠤ ᠲᠤᠭᠠᠩ ᠲᠠᠢ ᠶᠤᠮ ᠃ ᠬᠡᠷᠡᠮ ᠤᠨ ᠰᠠᠭᠤᠷᠢ᠂ ᠲᠤᠯᠭᠠᠭᠤᠷᠢ ᠶᠢᠨ ᠰᠠᠭᠤᠷᠢ᠂ ᠭᠠᠵᠡᠷ ᠲᠤ ᠲᠡᠪᠢᠰᠦᠭᠰᠠᠨ ᠲᠤᠭᠤᠰᠬ᠎ᠠ ᠨᠢ ᠤᠳᠤ ᠪᠤᠯᠳᠡᠯ᠎ᠠ ᠮᠥᠨ ᠬᠡᠪ ᠢᠶᠠᠷ ᠢᠶᠠᠨ ᠪᠠᠶᠢᠬᠰᠠᠭᠠᠷ᠃ ᠡᠬᠦᠨ ᠠᠴᠠ ᠭᠠᠳᠠᠨ᠎ᠠ ᠪᠠᠰᠠ ᠮᠠᠰᠢ ᠤᠯᠠᠨ ᠡᠪᠳᠡᠭᠳᠡᠭᠰᠡᠨ ᠪᠤᠷᠬᠠᠨ ᠤ ᠬᠦᠷᠦᠭ ᠎ ᠤᠨ ᠰᠡᠶᠢᠯᠤᠮᠠᠯ ᠤᠳ ᠪᠤᠢ᠃    ᠯᠢᠶᠤᠤ ᠶᠢᠨ ᠲᠤᠮᠳᠠᠳᠤ ᠨᠠᠶᠢᠰᠯᠡᠯ ᠤᠨ ᠪᠠᠭᠤᠷᠢ ᠪᠤᠯ ᠤᠯᠤᠰ ᠤᠨ ᠲᠡᠰ ᠤᠨ ᠲᠡᠤᠭᠡ ᠶᠢᠨ ᠲᠤᠷᠠᠰᠬᠠᠯᠲᠤ ᠵᠤᠶᠢᠯ ᠢ ᠬᠠᠮᠠᠭᠠᠯᠠᠬᠤ ᠨᠢᠭᠡᠴᠡ ᠶᠢᠨ ᠨᠢᠭᠡ ᠨᠢ ᠪᠤᠯᠬᠤ ᠶᠤᠮ᠃ 1992 ᠤᠨ ᠳᠤ᠂ ᠤᠯᠤᠰ ᠎ ᠠᠴᠠ ᠰᠡᠯᠪᠢᠨ ᠵᠠᠰᠠᠬᠤ ᠲᠤᠰᠬᠠᠢ ᠮᠦᠩᠭᠦ ᠭᠠᠷᠭᠠᠨ᠂ ᠭᠤᠷᠪᠠᠨ ᠰᠠᠭᠤᠷᠢ ᠲᠤᠭᠤᠰᠬ᠎ᠠ ᠶᠢᠨ ᠰᠤᠪᠤᠷᠭ᠎ᠠ ᠶᠢ ᠰᠢᠨᠡᠳᠭᠡᠨ ᠰᠡᠯᠪᠢᠵᠦ ᠵᠠᠰᠠᠬᠰᠠᠨ ᠪᠠᠶᠢᠵᠠᠢ᠃ 1984 ᠤᠨ ᠠᠴᠠ ᠡᠬᠢᠯᠡᠭᠡᠳ ᠠᠳᠡ ᠵᠢᠯ ᠪᠦᠷᠢ ᠨᠢᠭᠡ ᠣᠳᠠᠭᠠᠨ ᠤ ᠰᠦᠮ᠎ᠡ ᠶᠢᠨ ᠬᠤᠷᠠᠯ ᠬᠢᠬᠦ ᠪᠤᠯᠵᠠᠢ᠃ ᠢᠩᠬᠢᠭᠰᠡᠨ ᠢᠶᠠᠷ ᠣᠶᠢᠷ᠎ᠠ ᠤᠷᠴᠢᠨ ᠤ ᠠᠷᠠᠳ ᠢᠷᠭᠡᠳ ᠵᠢᠯ ᠪᠦᠷᠢ ᠠᠳᠡ ᠴᠤᠬᠯᠠᠷᠠᠵᠠᠭᠠᠨ᠂ ᠰᠦᠮ᠎ᠡ ᠶᠢᠨ ᠬᠤᠷᠠᠯ ᠳᠤ ᠤᠷᠤᠯᠴᠠᠳᠠᠭ᠃ 



  
     
     