

《 ᠥᠨᠥᠳᠦᠷ ᠦᠨ ᠲᠣᠪᠴᠢ ᠲᠡᠦᠬᠡ 》᠃《今日简史》

2023-09-15 09:15
  22
  0
《 ᠥᠨᠥᠳᠦᠷ ᠦᠨ ᠲᠣᠪᠴᠢ ᠲᠡᠦᠬᠡ 》᠃《今日简史》
58 . ᠨᠢᠭᠡᠨ ᠰᠤᠷᠠᠭ ᠵᠠᠩᠭᠢ  ᠶᠢᠨ ᠳᠡᠯᠪᠡᠷᠡᠯᠲᠡ ᠶᠢᠨ ᠶᠡᠬᠡᠩᠬᠢ ᠨᠢ ᠬᠡᠷᠡᠭ ᠦᠭᠡᠢ ᠶᠢᠷᠲᠢᠨᠴᠦ ᠳᠦ ᠂ ᠰᠤᠷᠠᠭ ᠵᠠᠩᠭᠢ ᠶᠢᠨ ᠦᠨᠡᠨ ᠬᠤᠳᠠᠯ ᠢ ᠢᠯᠭᠠᠵᠤ ᠲᠠᠨᠢᠬᠤ ᠨᠢ ᠨᠢᠭᠡ ᠵᠦᠢᠯ ᠦᠨ ᠣᠶᠣᠨ ᠤᠬᠠᠭᠠᠨ ᠪᠣᠯᠵᠠᠢ᠃ ᠤᠨᠤᠯ ᠤᠨ ᠲᠠᠯ᠎ᠠ ᠠᠴᠠ ᠠᠪᠴᠤ ᠬᠡᠯᠡᠪᠡᠯ ᠂ ᠬᠥᠮᠦᠨ ᠪᠦᠬᠦᠨ ᠴᠥᠮ ᠡᠨᠡ ᠤᠳᠠᠭᠠᠨ  ᠤ 《 ᠬᠥᠮᠦᠨ ᠲᠥᠷᠥᠯᠬᠢᠲᠡᠨ  ᠤ ᠢᠷᠡᠭᠡᠳᠦᠢ 》  ᠪᠡᠷ ᠭᠣᠣᠯ ᠰᠡᠳᠦᠪ ᠪᠣᠯᠭᠠᠭᠰᠠᠨ ᠮᠠᠷᠭᠤᠯᠳᠤᠭᠠᠨ ᠳᠤ ᠣᠷᠣᠯᠴᠠᠬᠤ ᠶᠢᠨ ᠬᠠᠮᠲᠤ ᠥᠪᠡᠷ ᠦᠨ ᠦᠵᠡᠯᠲᠡ ᠪᠡᠨ ᠨᠡᠶᠢᠲᠡᠯᠡᠵᠦ ᠪᠣᠯᠤᠨ᠎ᠠ ᠂ ᠭᠡᠪᠡᠴᠦ ᠲᠣᠳᠣᠷᠬᠠᠢ ᠲᠠᠨᠢᠯᠲᠠ ᠲᠠᠶ ᠪᠠᠶᠢᠬᠤ ᠨᠢ ᠬᠢᠯᠪᠠᠷ ᠪᠢᠰᠢ ᠶᠠᠪᠤᠳᠠᠯ ᠶᠤᠮ᠃
59 . ᠬᠥᠮᠦᠨ ᠲᠥᠷᠥᠯᠬᠢᠲᠡᠨ ᠤ ᠪᠣᠳᠣᠯᠭᠠᠰᠢᠷᠠᠯ ᠨᠢ ᠦᠯᠢᠭᠡᠷ᠂ ᠲᠣᠭ᠎ᠠ ᠪᠠᠷᠢᠮᠲᠠ ᠪᠤᠶᠤ ᠲᠡᠭᠰᠢᠳᠬᠡᠯ᠂ ᠬᠠᠷᠢᠨ ᠪᠣᠳᠠᠲᠤ ᠬᠡᠷᠡᠭ ᠪᠢᠰᠢ ᠂  ᠦᠯᠢᠭᠡᠷ ᠢ ᠦᠯᠢᠭᠡᠷ ᠢᠶᠡᠷ ᠰᠡᠳᠬᠢᠨ ᠪᠣᠳᠣᠯᠬᠢᠯᠠᠳᠠᠭ ᠂ ᠦᠯᠢᠭᠡᠷ ᠬᠡᠳᠦᠶ ᠳᠥᠭᠥᠮ ᠪᠣᠯ ᠲᠡᠳᠦᠶ ᠰᠠᠶᠢᠨ᠃
60 . ᠶᠡᠬᠡ ᠲᠠᠷᠢᠬᠢ ᠣᠳᠣᠬᠢ ᠪᠠᠶᠢᠳᠠᠯ ᠢ ᠪᠠᠶᠢᠴᠠᠭᠠᠨ ᠬᠠᠷᠭᠤᠭᠤᠯᠬᠤ ᠶᠢᠨ ᠠᠷᠭ᠎ᠠ ᠦᠭᠡᠢ ᠪᠠᠶᠢᠳᠠᠯ ᠳᠣᠣᠷ᠎ᠠ ᠂ ᠬᠠᠮᠤᠭ ᠮᠠᠭᠤ ᠪᠠᠶᠢᠳᠠᠯ ᠢ ᠤᠷᠢᠳᠴᠢᠯᠠᠨ ᠪᠣᠳᠣᠳᠠᠭ᠃ ᠡᠨᠡ ᠨᠢ ᠶᠠᠭ ᠵᠠᠷᠢᠮ ᠬᠥᠮᠦᠨ ᠲᠣᠯᠣᠭᠠᠶ ᠡᠪᠡᠳᠪᠡᠯ ᠲᠠᠷᠢᠬᠢᠨ ᠬᠠᠪᠤᠳᠠᠷ ᠤᠨ ᠰᠡᠭᠦᠯᠴᠢ ᠶᠢᠨ ᠬᠤᠭᠤᠴᠠᠭ᠎ᠠ ᠮᠠᠭᠠᠳ ᠭᠡᠵᠦ ᠪᠣᠳᠣᠳᠠᠭ ᠲᠠᠶ ᠠᠳᠠᠯᠢ᠃
61 . ᠬᠡᠷᠪᠡ ᠬᠡᠦᠬᠡᠳ ᠨᠢ ᠪᠠᠰᠠ ᠥᠯᠥᠰᠴᠦ ᠪᠠᠶᠢᠪᠠᠯ ᠡᠷᠬᠡ ᠴᠢᠯᠥᠭᠡ ᠶᠢ ᠶᠠᠷᠢᠬᠤ ᠬᠡᠷᠡᠭ ᠦᠭᠡᠢ᠃
62 ᠡᠭᠦᠷᠢᠳᠡ ᠳᠠᠭᠤᠰᠤᠰᠢ ᠦᠭᠡᠢ ᠬᠢᠮᠤᠷᠠᠯ ᠭᠠᠷᠭᠠᠳᠠᠭ ᠯᠠ ᠶᠤᠮ ᠪᠣᠯ ᠢᠯᠵᠠᠷᠠᠮᠠᠯ ᠲᠤᠯᠤᠮᠴᠤᠳ ᠤᠨ ᠤᠯᠤᠰ ᠲᠦᠷᠦ ᠳᠠᠷᠤᠢ ᠡᠭᠦᠷᠢᠳᠡ ᠳᠠᠭᠤᠰᠤᠰᠢ ᠦᠭᠡᠢ ᠨᠣᠶᠠᠷᠬᠠᠯ ᠢ ᠡᠳ᠋ᠯᠡᠵᠦ ᠴᠢᠳᠠᠨ᠎ᠠ᠃
63 . ᠰᠢᠨᠵᠢᠯᠡᠬᠦ ᠤᠬᠠᠭᠠᠨ ᠮᠡᠷᠭᠡᠵᠢᠯ ᠦᠨ ᠬᠤᠪᠢᠰᠬᠠᠯ ᠨᠢ ᠮᠠᠰᠢ ᠲᠦᠷᠭᠡᠨ ᠢᠶᠡᠷ ᠬᠡᠳᠦᠨ ᠠᠷᠪᠠᠨ ᠳ᠋ᠦᠩᠰᠢᠭᠤᠷ ᠬᠥᠮᠦᠨ ᠢ ᠠᠵᠢᠯ ᠠᠯᠳᠠᠭᠤᠯᠵᠤ ᠮᠡᠳᠡᠬᠦ ᠪᠥᠭᠡᠳ ᠬᠥᠮᠦᠨ ᠦ ᠲᠣᠭ᠎ᠠ ᠪᠠᠷ ᠣᠯᠠᠨ ᠰᠢᠨ᠎ᠡ ᠬᠡᠷᠡᠭ ᠦᠭᠡᠢ ᠠᠩᠭᠢ ᠶᠢ ᠡᠭᠦᠳᠦᠨ ᠪᠦᠲᠦᠭᠡᠵᠦ ᠂ ᠣᠳᠣ ᠶᠢᠨ ᠦᠵᠡᠯ ᠤᠬᠠᠮᠰᠠᠷ ᠤᠨ ᠬᠡᠯᠪᠡᠷᠢ ᠶᠢᠨ ᠠᠷᠭᠠᠴᠠᠬᠤ ᠶᠢᠨ ᠠᠷᠭ᠎ᠠ ᠦᠭᠡᠢ ᠨᠡᠶᠢᠭᠡᠮ ᠪᠠ ᠤᠯᠤᠰ ᠲᠥᠷᠥ ᠶᠢᠨ ᠦᠢᠮᠡᠭᠡᠨ ᠢ ᠪᠣᠢ ᠪᠣᠯᠭᠠᠵᠤ ᠮᠡᠳᠡᠨ᠎ᠡ᠃
64 . ᠲᠣᠮᠣ ᠳ᠋ᠠᠶᠢᠲ᠋ᠠ ᠶᠢᠨ ᠪᠣᠳᠣᠬᠤ ᠠᠷᠭ᠎ᠠ ᠨᠢ ᠡᠷᠬᠡ ᠴᠢᠯᠥᠭᠡ ᠶᠢ ᠪᠠᠯᠠᠯᠵᠤ ᠮᠡᠳᠡᠬᠦ ᠶᠢᠨ ᠬᠠᠮᠲᠤ ᠪᠠᠰᠠ ᠲᠡᠦᠬᠡᠨ ᠳᠡᠭᠡᠷᠡᠬᠢ ᠬᠠᠮᠤᠭ ᠤᠨ ᠲᠡᠭᠰᠢ ᠪᠤᠰᠤ ᠨᠡᠶᠢᠭᠡᠮ ᠢ ᠡᠭᠦᠳᠦᠨ ᠪᠦᠲᠦᠭᠡᠵᠦ ᠂ ᠪᠣᠢ ᠪᠦᠬᠦᠢ ᠡᠳ᠋ ᠪᠠᠶᠠᠯᠢᠭ ᠪᠠ ᠡᠷᠬᠡ ᠶᠢ ᠨᠢᠭᠡ ᠪᠦᠯᠦᠭ ᠰᠤᠳᠤᠴᠤᠤᠯ ᠤᠨ ᠭᠠᠷ ᠲᠤ ᠲᠥᠪᠯᠡᠷᠡᠭᠦᠯᠵᠦ ᠮᠡᠳᠡᠨ᠎ᠡ᠃ ᠣᠯᠠᠩᠬᠢ ᠬᠥᠮᠦᠨ ᠲᠥᠷᠥᠯᠬᠢᠲᠡᠨ ᠦ ᠵᠣᠪᠠᠯᠠᠩ ᠮᠥᠯᠵᠢᠯ ᠳᠦ ᠤᠴᠠᠷᠠᠬᠤ ᠪᠢᠰᠢ ᠂ ᠬᠠᠷᠢᠨ ᠨᠡᠩ ᠮᠠᠭᠤ ᠪᠠᠶᠢᠳᠠᠯ ᠪᠣᠢ ᠪᠣᠯᠵᠤ ᠮᠠᠭᠠᠳ ᠃
65 . 1 % ᠪᠠᠶᠠᠨ ᠬᠥᠮᠦᠨ ᠨᠢᠭᠡᠨᠲᠡ ᠪᠦᠬᠦ ᠪᠥᠮᠪᠥᠷᠴᠡᠭ ᠦᠨ ᠬᠠᠭᠠᠰ ᠲᠣᠭᠠᠨ ᠤ ᠡᠳ᠋ ᠪᠠᠶᠠᠯᠢᠭ ᠢ ᠡᠵᠡᠮᠰᠢᠵᠦ ᠪᠠᠶᠢᠨ᠎ᠠ᠃ ᠨᠡᠩ ᠬᠥᠮᠦᠰ ᠢ ᠰᠡᠩᠬᠡᠷᠡᠭᠦᠯᠬᠦ ᠨᠢ ᠂ ᠬᠠᠮᠤᠭ ᠤᠨ ᠪᠠᠶᠠᠨ 100 ᠬᠥᠮᠦᠨ ᠦ ᠡᠳ᠋ ᠪᠠᠶᠠᠯᠢᠭ ᠨᠢ ᠨᠢᠭᠡᠨᠲᠡ ᠬᠠᠮᠤᠭ ᠤᠨ ᠶᠠᠳᠠᠭᠤ 40 ᠳ᠋ᠦᠩᠰᠢᠭᠤᠷ ᠬᠥᠮᠦᠨ ᠡᠴᠡ ᠳᠠᠪᠠᠭᠰᠠᠨ ᠪᠠᠶᠢᠨ᠎ᠠ᠃
66 . ᠠᠮᠢᠳᠤ ᠪᠣᠳᠠᠰ ᠤᠨ ᠢᠨᠵᠧᠨᠧᠷᠢᠩ ᠪᠠ ᠵᠣᠬᠢᠶᠠᠮᠠᠯ ᠣᠶᠤᠨ ᠴᠢᠳᠠᠪᠤᠷᠢ ᠬᠥᠭᠵᠢᠭᠰᠡᠨ ᠦ ᠳᠠᠷᠠᠭ᠎ᠠ ᠂ ᠬᠥᠮᠦᠨ ᠲᠥᠷᠥᠯᠬᠢᠲᠡᠨ ᠬᠣᠶᠠᠷ ᠪᠦᠯᠦᠭ ᠪᠣᠯᠤᠨ ᠬᠠᠭᠠᠴᠠᠵᠤ ᠮᠡᠳᠡᠨ᠎ᠡ ᠄ ᠨᠢᠭᠡ ᠪᠦᠯᠦᠭ ᠣᠶᠣᠨ ᠤᠬᠠᠭᠠᠨ ᠬᠥᠭᠵᠢᠭᠰᠡᠨ ᠬᠥᠮᠦᠨ ᠂ ᠣᠯᠠᠨ ᠲᠣᠭᠠᠨ ᠤ ᠳᠣᠣᠷ᠎ᠠ ᠳᠠᠪᠬᠤᠷᠭ᠎ᠠ ᠳᠤ ᠪᠠᠶᠢᠬᠤ ᠪᠥᠭᠡᠳ ᠶᠠᠮᠠᠷ ᠴᠤ ᠬᠡᠷᠡᠭᠴᠡᠭᠡ ᠦᠭᠡᠢ ᠤᠶᠤᠨᠲᠤ ᠬᠥᠮᠦᠨ ᠪᠣᠯᠵᠤ ᠬᠤᠪᠢᠶᠠᠭᠳᠠᠨ᠎ᠠ᠃
67 . ᠢᠯᠡᠭᠦᠴᠡ ᠬᠥᠮᠦᠨ ᠪᠣᠯᠤᠭᠰᠠᠨ ᠨᠢ ᠲᠤᠶᠢᠯ ᠤᠨ ᠠᠶᠤᠯᠲᠠᠶ ᠬᠡᠷᠡᠭ ᠶᠤᠮ᠃
68 . ᠥᠨᠥᠳᠦᠷ ᠂ ᠭᠣᠣᠯ ᠪᠣᠯᠬᠤ ᠠᠵᠤ ᠠᠬᠤᠶ ᠶᠢᠨ ᠬᠥᠷᠥᠩᠭᠡ ᠪᠣᠯ ᠰᠢᠨᠵᠢᠯᠡᠬᠦ ᠤᠬᠠᠭᠠᠨ ᠮᠡᠷᠭᠡᠵᠢᠯ ᠪᠠ ᠪᠠᠶᠢᠭᠤᠯᠤᠯ ᠤᠨ ᠮᠡᠳᠡᠯᠭᠡ ᠮᠥᠨ ᠂ ᠬᠠᠷᠢᠨ ᠪᠤᠭᠤᠳᠠᠶ ᠶᠢᠨ ᠲᠠᠷᠢᠶ᠎ᠠ ᠂ ᠠᠯᠲᠠᠨ ᠤ ᠠᠭᠤᠷᠬᠠᠶ ᠴᠢᠨᠠᠭᠰᠢᠯᠠᠪᠠᠯ ᠴᠢᠯᠠᠭᠤᠨ ᠲᠣᠰᠣᠨ ᠤ ᠠᠭᠤᠷᠬᠠᠶ ᠪᠢᠰᠢ ᠂ ᠬᠠᠷᠢᠨ ᠮᠡᠳᠡᠯᠭᠡ ᠶᠢ ᠳᠠᠶᠢᠨ ᠢᠶᠡᠷ ᠳᠠᠮᠵᠢᠨ ᠡᠵᠡᠮᠰᠢᠬᠦ ᠶᠢᠨ ᠠᠷᠭ᠎ᠠ ᠦᠭᠡᠶ ᠶᠤᠮ᠃
69 . ᠬᠥᠮᠦᠨ ᠪᠣᠯ ᠨᠡᠶᠢᠭᠡᠮ ᠦᠨ ᠬᠠᠷᠢᠯᠴᠠᠭᠠᠨ ᠤ ᠠᠮᠢᠲᠠᠨ ᠂ ᠥᠪᠡᠷ ᠦᠨ ᠵᠣᠯ ᠵᠢᠷᠭᠠᠯ ᠲᠠᠢ ᠪᠠ ᠡᠰᠡᠬᠦ ᠨᠢ ᠶᠡᠬᠡ ᠬᠡᠮᠵᠢᠶᠡᠨ ᠤ ᠪᠤᠰᠤᠳ ᠯᠤᠭ᠎ᠠ ᠶᠢᠨ ᠬᠠᠷᠢᠴᠠᠭ᠎ᠠ ᠪᠠᠷ ᠲᠣᠭᠳᠠᠭᠠᠭᠳᠠᠳᠠᠭ᠃ ᠬᠠᠶᠢᠷ᠎ᠠ ᠦᠭᠡᠢ ᠂ ᠨᠥᠬᠥᠷᠯᠡᠯ ᠦᠭᠡᠢ ᠂ ᠬᠠᠮᠲᠤᠯᠢᠭ ᠤᠨ ᠳᠡᠮᠵᠢᠯᠭᠡ ᠦᠭᠡᠢ ᠪᠣᠯ ᠬᠡᠨ ᠴᠤ ᠭᠡᠳ ᠪᠠᠶᠠᠷ ᠬᠥᠷ ᠲᠡᠶ ᠪᠠᠶᠢᠵᠤ ᠴᠢᠳᠠᠬᠤ ᠪᠤᠢ︖
70 . ᠶᠠᠭᠤᠨ ᠤ ᠲᠥᠯᠥᠭᠡ ᠵᠣᠪᠠᠯᠠᠩ ᠠᠮᠰᠠᠭᠰᠠᠨ ᠴᠤ ᠬᠠᠮᠢᠶ᠎ᠠ ᠦᠭᠡᠶ ᠵᠣᠪᠠᠯᠠᠩ ᠪᠣᠯ ᠳᠠᠷᠤᠶ ᠵᠣᠪᠠᠯᠠᠩ ᠮᠥᠨᠰᠢᠨ᠎ᠡ ᠶᠢ ᠢᠯᠡᠷᠡᠭᠦᠯᠦᠭᠰᠡᠨ ᠬᠥᠮᠦᠨ ᠦ ᠪᠡᠶ᠎ᠡ ᠶᠢᠨ ᠭᠠᠷᠤᠯ ᠶᠠᠮᠠᠷ ᠪᠠᠢᠭᠰᠠᠨ ᠴᠤ ᠬᠠᠮᠢᠶ᠎ᠠ ᠦᠭᠡᠢ ᠂ ᠮᠡᠳᠡᠯᠭᠡ ᠪᠣᠯ ᠳᠠᠷᠤᠶ ᠮᠡᠳᠡᠯᠭᠡ᠃
71 . ᠲᠡᠳᠡᠭᠡᠷ ᠥᠪᠡᠷ ᠤᠨ ᠦᠨᠡᠨ ᠪᠠᠶᠢᠳᠠᠯ ᠢᠶᠠᠨ ᠠᠯᠳᠠᠬᠤ ᠠᠴᠠ ᠠᠶᠤᠵᠤ ᠪᠠᠢᠭ᠎ᠠ ᠬᠥᠮᠦᠰ ᠂ ᠦᠷᠭᠦᠯᠵᠢ ᠣᠯᠠᠨ ᠠᠳᠠᠯᠢ ᠪᠤᠰᠤ ᠲᠠᠯ᠎ᠠ ᠠᠴᠠ ᠳᠡᠯᠡᠬᠡᠢ ᠳᠦ ᠬᠠᠨᠳᠤᠵᠤ ᠢᠯᠡᠭᠦᠦ ᠬᠦᠴᠦᠷᠬᠡᠭᠯᠡᠯ ᠢ ᠬᠡᠷᠡᠭᠯᠡᠳᠡᠭ᠃ ᠲᠡᠷᠡ ᠮᠥᠷᠲᠡᠭᠡᠨ 《 ᠬᠠᠷᠢᠭᠤᠯᠬᠤ ᠶᠢᠨ ᠠᠷᠭ᠎ᠠ ᠦᠭᠡᠢ ᠠᠰᠠᠭᠤᠳᠠᠯ 》 ᠨᠢ ᠶᠡᠷᠦ ᠳᠡᠭᠡᠨ 《 ᠰᠡᠵᠢᠭᠯᠡᠰᠢ ᠦᠭᠡᠢ ᠬᠠᠷᠢᠭᠤᠯᠲᠠ 》 ᠳᠤ ᠬᠦᠷᠦᠭᠦᠯᠳᠡᠭ᠂ ᠡᠨᠡ ᠨᠢ ᠬᠥᠮᠦᠨ ᠳᠦ ᠨᠡᠩ ᠠᠰᠢᠭᠲᠠᠢ ᠪᠠᠶᠢᠵᠤ ᠮᠠᠭᠠᠳ᠃
72 . ᠥᠪᠡᠷ ᠦᠨ ᠮᠡᠳᠡᠯᠭᠡ ᠦᠭᠡᠶ ᠪᠡᠨ ᠮᠡᠳᠡᠷᠡᠳᠡᠭ ᠲᠡᠳᠡᠭᠡᠷ ᠬᠥᠮᠦᠰ ᠢ ᠪᠢ ᠨᠡᠩ ᠢᠲᠡᠭᠡᠬᠦ ᠳᠤᠷᠠᠲᠠᠶ ᠠᠴᠠ ᠪᠢᠰᠢ ᠂ ᠬᠠᠷᠢᠨ ᠲᠡᠳᠡᠭᠡᠷ ᠥᠪᠡᠷ ᠢ ᠪᠡᠨ ᠪᠦᠷᠢᠨ ᠴᠢᠳᠠᠪᠤᠷᠢᠲᠠᠶ ᠭᠡᠵᠦ ᠬᠡᠯᠡᠳᠡᠭ ᠬᠥᠮᠦᠰ ᠢ ᠢᠲᠡᠭᠡᠬᠦ ᠦᠭᠡᠶ᠃
73 ᠬᠥᠮᠦᠨ ᠲᠥᠷᠥᠯᠬᠢᠲᠡᠨ ᠦ ᠣᠯᠠᠩᠬᠢ ᠦᠵᠡᠯᠲᠡ ᠶᠢ ᠪᠦᠲᠦᠭᠡᠬᠦ ᠳᠦ ᠴᠥᠮ ᠬᠠᠮᠲᠤᠯᠢᠭ ᠤᠨ ᠰᠡᠳᠬᠢᠬᠦᠢ ᠪᠡᠷ ᠳᠠᠮᠵᠢᠬᠤ ᠠᠴᠠ ᠪᠢᠰᠢ ᠬᠠᠷᠢᠨ ᠬᠤᠪᠢ ᠬᠥᠮᠦᠨ ᠦ ᠤᠶᠤᠨ ᠪᠢᠰᠢ ᠶᠤᠮ᠃ ᠪᠢᠳᠡ ᠡᠲᠡᠭᠡᠷ ᠦᠵᠡᠯᠲᠡ ᠪᠡᠨ ᠪᠠᠷᠢᠮᠲᠠᠯᠠᠵᠤ ᠪᠠᠶᠢᠬᠤ ᠨᠢ ᠬᠠᠮᠲᠤ ᠣᠯᠠᠨ ᠳᠠᠭᠠᠨ ᠦᠨᠡᠨᠴᠢ ᠰᠢᠳᠤᠷᠭᠤ ᠪᠠᠶᠢᠬᠤ ᠠᠴᠠ ᠪᠣᠯᠤᠭᠰᠠᠨ ᠶᠤᠮ᠃
74 . ᠴᠢ ᠲᠡᠳᠡᠭᠡᠷ ᠶᠠᠪᠤᠬᠤ ᠶᠢᠨ ᠠᠷᠭ᠎ᠠ ᠦᠭᠡᠢ ᠵᠠᠮ ᠢ ᠲᠤᠷᠰᠢᠵᠤ ᠦᠵᠡ ᠂ ᠲᠡᠳᠡᠭᠡᠷ ᠨᠡᠪᠲᠡᠷᠡᠬᠦ ᠦᠭᠡᠢ ᠵᠠᠮ ᠭᠤᠳᠤᠮᠵᠢ ᠪᠠᠷ ᠶᠠᠪᠤᠵᠤ ᠂ ᠰᠡᠵᠢᠭᠯᠡᠬᠦ ᠪᠠ ᠰᠣᠨᠢᠷᠬᠠᠯ ᠦᠭᠡᠢ ᠣᠷᠣᠨ ᠵᠠᠢ ᠦᠯᠡᠳᠡᠭᠡᠬᠦ ᠶᠢᠨ ᠲᠥᠯᠥᠭᠡ ᠂ ᠡᠯ᠎ᠡ ᠵᠦᠢᠯ ᠦᠨ ᠦᠵᠡᠯ ᠰᠠᠨᠠᠭᠠᠨ ᠤ ᠦᠷ᠎ᠡ ᠶᠢ ᠠᠭᠠᠵᠢᠮ ᠢᠶᠠᠷ ᠰᠣᠶᠣᠭᠠᠯᠠᠭᠤᠯᠵᠤ ᠂ ᠳᠡᠯᠭᠡᠷᠡᠭᠦᠯᠬᠦ ᠬᠡᠷᠡᠭᠲᠡᠢ᠃ ᠴᠢ ᠴᠠᠭ ᠢ ᠪᠦᠷᠢᠯᠭᠡᠬᠦ ᠦᠭᠡᠢ ᠪᠣᠯ ᠬᠡᠵᠢᠶᠡᠳᠡ ᠦᠨᠡᠨ ᠪᠠᠶᠢᠳᠠᠯ ᠢ ᠡᠷᠢᠵᠦ ᠣᠯᠬᠤ ᠦᠭᠡᠢ᠃
75 . ᠬᠦᠴᠦᠷᠬᠡᠭ ᠶᠡᠬᠡ ᠡᠷᠬᠡ ᠨᠢ ᠪᠣᠳᠠᠲᠤ ᠬᠡᠷᠡᠭ ᠦᠨ ᠦᠨᠡᠨ ᠪᠠᠶᠢᠳᠠᠯ ᠢ ᠭᠠᠵᠢᠭᠤᠳᠠᠭᠤᠯᠳᠠᠭ᠃ ᠡᠷᠬᠡ ᠭᠡᠳᠡᠭ ᠪᠣᠯ ᠪᠣᠳᠠᠲᠤ ᠠᠬᠤᠢ ᠶᠢ ᠬᠤᠪᠢᠷᠠᠭᠤᠯᠤᠨ᠎ᠠ ᠂ ᠬᠠᠷᠢᠨ ᠪᠣᠳᠠᠲᠤ ᠠᠬᠤᠢ ᠶᠢ ᠲᠣᠳᠣᠷᠬᠠᠢ ᠣᠯᠵᠤ ᠬᠠᠷᠠᠬᠤ ᠪᠢᠰᠢ᠃ ᠭᠠᠷ ᠲᠠᠭᠠᠨ ᠠᠯᠤᠬ᠎ᠠ ᠠᠳᠬᠤᠵᠤ ᠂ ᠠᠯᠢᠪᠠ ᠪᠦᠬᠦᠨ ᠦᠵᠡᠬᠦ ᠳᠦ ᠬᠠᠳᠠᠭᠠᠰᠤ ᠰᠢᠭ᠋ ᠭᠠᠷ ᠲᠠᠭᠠᠨ ᠬᠦᠴᠦᠷᠬᠡᠭ ᠶᠡᠬᠡ ᠡᠷᠬᠡ ᠲᠡᠶ ᠂ ᠠᠯᠢᠪᠠ ᠪᠦᠬᠦᠨ ᠪᠦᠷ ᠴᠢᠨᠦ ᠰᠢᠢᠳᠪᠦᠷᠢᠯᠡᠯᠲᠡ ᠶᠢ ᠬᠦᠯᠢᠶᠡᠵᠦ ᠪᠠᠢᠬᠤ ᠰᠢᠭ᠋᠃
76 . ᠯᠤᠲᠤ ᠶᠡᠬᠡ ᠡᠷᠬᠡ ᠨᠢ ᠶᠠᠭ ᠨᠢᠭᠡᠨ ᠬᠠᠷ᠎ᠠ ᠨᠦᠬᠡ ᠮᠡᠲᠦ ᠂ ᠣᠷᠴᠢᠨ ᠲᠣᠭᠣᠷᠢᠨ ᠤ ᠪᠠᠨ ᠣᠷᠣᠨ ᠵᠠᠶ ᠶᠢ ᠭᠠᠵᠢᠭᠤᠳᠠᠭᠤᠯᠳᠠᠭ ᠪᠥᠭᠡᠳ ᠬᠡᠳᠦᠶ ᠣᠶᠢᠷᠠᠳᠬᠤ ᠲᠤᠲᠤᠮ ᠲᠡᠳᠦᠢ ᠭᠠᠵᠢᠭᠤᠳᠠᠭᠤᠯᠳᠠᠭ᠃
77 . ᠣᠳᠣ ᠦᠶ᠎ᠡ ᠶᠢᠨ ᠳᠡᠯᠡᠬᠡᠶ ᠶᠢᠨ ᠣᠯᠠᠩᠬᠢ ᠲᠣᠭᠠᠨ ᠤ ᠭᠣᠣᠯᠴᠢ ᠪᠤᠰᠤ ᠪᠠᠶᠢᠳᠠᠯ ᠨᠢ ᠬᠤᠪᠢ ᠬᠥᠮᠦᠨ ᠦ ᠬᠡᠯᠪᠡᠶᠢᠭᠦᠦ ᠦᠵᠡᠯᠲᠡ ᠡᠴᠡ ᠢᠷᠡᠭᠰᠡᠨ ᠪᠢᠰᠢ ᠂ ᠬᠠᠷᠢᠨ ᠶᠡᠬᠡ ᠬᠡᠪᠴᠢᠶᠡᠨ ᠦ ᠪᠠᠶᠢᠭᠤᠯᠤᠮᠵᠢ ᠶᠢᠨ ᠪᠦᠲᠦᠴᠡ ᠶᠢᠨ ᠴᠢᠨᠠᠷᠲᠠᠶ ᠬᠡᠯᠪᠡᠶᠢᠭᠦᠦ ᠦᠵᠡᠯᠲᠡ ᠡᠴᠡ ᠢᠷᠡᠭᠰᠡᠨ ᠶᠤᠮ ᠂ ᠭᠡᠪᠡᠴᠦ ᠮᠠᠨ ᠤ ᠡᠶᠢᠮᠦᠷᠬᠦᠦ ᠠᠩ ᠠᠩᠨᠠᠭᠴᠢ ᠶᠢᠨ ᠶᠡᠬᠡ ᠲᠠᠷᠢᠬᠢ ᠨᠢ ᠬᠠᠷᠠᠬᠠᠨ ᠪᠦᠲᠦᠴᠡ ᠶᠢᠨ ᠴᠢᠨᠠᠷᠲᠠᠶ ᠬᠡᠯᠪᠡᠶᠢᠭᠦᠦ ᠦᠵᠡᠯᠲᠡ ᠶᠢ ᠰᠡᠷᠡᠵᠦ ᠮᠡᠳᠡᠬᠦ ᠴᠢᠳᠠᠪᠤᠷᠢ ᠲᠠᠶ ᠪᠣᠯᠭᠠᠵᠤ ᠬᠤᠪᠢᠰᠤᠭᠠᠳᠤᠶ ᠪᠠᠶᠢᠭᠰᠠᠭᠠᠷ᠃
78 . ᠦᠨᠡᠨ ᠪᠠᠢᠳᠠᠯ ᠪᠠ ᠡᠷᠬᠡ ᠂ ᠡᠨᠡ ᠬᠣᠶᠠᠷ ᠬᠡᠳᠦᠶᠢᠪᠡᠷ ᠭᠠᠷ ᠬᠣᠯᠪᠣᠨ ᠨᠢᠭᠡ ᠬᠡᠰᠡᠭ ᠴᠠᠭ ᠬᠤᠭᠤᠴᠠᠭ᠎ᠠ ᠶᠢ ᠬᠠᠮᠲᠤ ᠥᠩᠭᠡᠷᠡᠭᠦᠯᠵᠦ ᠪᠣᠯᠬᠤ ᠪᠣᠯᠪᠠᠴᠤ ᠂ ᠡᠷᠲᠡ ᠣᠷᠣᠢ ᠦᠭᠡᠢ ᠰᠠᠯᠤᠨ᠎ᠠ᠃ ᠬᠡᠷᠪᠡ ᠡᠷᠬᠡ ᠣᠯᠤᠶ᠎ᠠ ᠭᠡᠪᠡᠯ ᠂ ᠶᠠᠮᠠᠷ ᠨᠢᠭᠡᠨ ᠱᠠᠲᠤᠨ ᠳᠤ ᠬᠦᠷᠦᠭᠰᠡᠨ ᠦ ᠳᠠᠷᠠᠭ᠎ᠠ ᠳᠠᠷᠤᠶ ᠵᠣᠬᠢᠶᠠᠮᠠᠯ ᠦᠯᠢᠭᠡᠷ ᠢ ᠡᠬᠢᠯᠡᠨ ᠤᠬᠠᠭᠤᠯᠬᠤ ᠬᠡᠷᠡᠭᠲᠡᠶ ᠬᠡᠷᠪᠡ ᠳᠡᠯᠡᠬᠡᠶ ᠶᠢᠨ ᠦᠨᠡᠨ ᠪᠠᠶᠢᠳᠠᠯ ᠢ ᠲᠣᠳᠣᠷᠬᠠᠶ ᠦᠵᠡᠶ᠎ᠡ ᠭᠡᠪᠡᠯ ᠂ ᠶᠠᠮᠠᠷ ᠨᠢᠭᠡᠨ ᠱᠠᠲᠤᠨ ᠳᠤ ᠬᠦᠷᠦᠭᠰᠡᠨ ᠦ ᠳᠠᠷᠠᠭ᠎ᠠ ᠵᠥᠪᠬᠡᠨ ᠡᠷᠬᠡ ᠶᠢᠨ ᠲᠤᠬᠠᠶ ᠬᠥᠭᠡᠭᠡᠴᠡᠯᠳᠦᠯ ᠢᠶᠡᠨ ᠲᠠᠶᠠᠭᠳᠠᠬᠤ ᠬᠡᠷᠡᠭᠲᠡᠶ᠃
79 . ᠬᠥᠮᠦᠨ ᠲᠥᠷᠥᠯᠬᠢᠲᠡᠨ ᠭᠡᠬᠦ ᠡᠨᠡ ᠬᠦ ᠠᠮᠲᠠᠨ ᠳᠦ ᠠᠪᠴᠤ ᠬᠡᠯᠡᠪᠡᠯ ᠂ ᠡᠷᠬᠡ  ᠶᠢ ᠦᠨᠡᠮᠰᠢᠬᠦ ᠳᠤᠷᠠᠲᠠᠶ᠃ ᠬᠥᠮᠦᠨ ᠨᠡᠯᠢᠶᠡᠳ ᠠᠷᠪᠢᠨ ᠴᠠᠭ ᠪᠠ ᠣᠶᠤᠨ ᠴᠢᠳᠠᠯ ᠢᠶᠠᠨ ᠵᠠᠷᠤᠴᠠᠭᠤᠯᠵᠤ ᠪᠠᠶᠢᠭᠠᠳ ᠳᠡᠯᠡᠬᠡᠶ ᠶᠢ ᠡᠵᠡᠮᠳᠡᠬᠦ ᠪᠡᠷ ᠴᠢᠷᠮᠠᠶᠢᠨ᠎ᠠ ᠂ ᠬᠠᠷᠢᠨ ᠳᠡᠯᠡᠬᠡᠶ ᠶᠢ ᠴᠢᠷᠮᠠᠶᠢᠨ ᠣᠶᠢᠯᠠᠭᠠᠬᠤ ᠪᠢᠰᠢ ᠲᠡᠶᠢᠮᠦ ᠪᠥᠭᠡᠳ ᠪᠢᠳᠡ ᠶᠢᠷᠲᠢᠨᠴᠦ ᠶᠢ ᠴᠢᠷᠮᠠᠶᠢᠨ ᠣᠶᠢᠯᠭᠠᠭᠰᠠᠨ ᠴᠤ ᠂ ᠶᠢᠷᠲᠢᠨᠴᠦ ᠶᠢ ᠡᠵᠡᠮᠳᠡᠬᠦ ᠶᠢᠨ ᠲᠥᠯᠥᠭᠡ ᠯᠠ ᠲᠡᠮᠡᠴᠡᠳᠡᠭ᠃
80 . ᠬᠡᠷᠪᠡ ᠴᠢ ᠨᠠᠶᠢᠳᠠᠪᠤᠷᠢᠲᠠᠶ ᠮᠡᠳᠡᠭᠡ ᠵᠠᠩᠭᠢ ᠣᠯᠤᠶ᠎ᠠ ᠭᠡᠪᠡᠯ ᠯᠠᠪᠲᠠᠶ ᠦᠨ᠎ᠡ ᠥᠷᠲᠡᠭ ᠭᠠᠷᠭᠠᠬᠤ ᠪᠣᠯᠤᠨ᠎ᠠ᠃ ᠬᠡᠷᠪᠡ ᠴᠢ ᠦᠷᠭᠦᠯᠵᠢ ᠦᠨ᠎ᠡ ᠲᠥᠯᠥᠪᠦᠷᠢ ᠦᠭᠡᠢ ᠪᠡᠷ ᠮᠡᠳᠡᠭᠡ ᠵᠠᠩᠭᠢ ᠣᠯᠣᠶ᠎ᠠ ᠭᠡᠪᠡᠯ ᠂ ᠠᠷᠠᠯᠵᠢᠶᠠᠴᠢᠨ ᠤ ᠶᠢᠨ ᠪᠦᠲᠦᠭᠡᠭᠳᠡᠬᠦᠨ ᠢ ᠣᠯᠬᠤ ᠲᠡᠳᠦᠢ᠃
81 ᠲᠧᠭᠨᠢᠭ ᠮᠡᠷᠭᠡᠵᠢᠯ ᠦᠨ ᠲᠤᠰ ᠪᠡᠶ᠎ᠡ ᠨᠢ ᠮᠠᠭᠤ ᠪᠢᠰᠢ᠃ ᠬᠡᠷᠪᠡ ᠴᠢ ᠥᠪᠡᠷ ᠦᠨ ᠶᠠᠭᠤ ᠠᠪᠬᠤ ᠪᠠᠨ ᠮᠡᠳᠡᠪᠡᠯ ᠂ ᠮᠡᠷᠭᠡᠵᠢᠯ ᠴᠢᠮ᠎ᠠ ᠶᠢ ᠬᠠᠪᠰᠤᠷᠴᠤ ᠬᠠᠷᠠᠯᠲᠠ ᠳᠤ ᠬᠦᠷᠭᠡᠵᠦ ᠴᠢᠳᠠᠨ᠎ᠠ᠃ ᠭᠡᠪᠡᠴᠦ ᠬᠡᠷᠪᠡ ᠴᠢ ᠥᠪᠡᠷ ᠦᠨ ᠶᠠᠭᠤ ᠠᠪᠬᠤ ᠪᠠᠨ ᠮᠡᠳᠡᠬᠦ ᠦᠭᠡᠢ ᠪᠣᠯ ᠂ ᠲᠡᠷᠡ ᠨᠢ ᠴᠢᠮ᠎ᠠ ᠳᠤ ᠠᠮᠠᠷᠬᠠᠨ ᠬᠠᠷᠠᠯᠲᠠ ᠶᠢ ᠪᠦᠲᠦᠭᠡᠵᠦ ᠂ ᠴᠢᠨᠦ ᠠᠮᠢᠳᠤᠷᠠᠯ ᠢ ᠡᠵᠡᠮᠳᠡᠨ᠎ᠡ᠃
82 . ᠥᠪᠡᠷ ᠢ ᠪᠡᠨ ᠣᠶᠢᠯᠠᠭᠠᠶ᠎ᠠ ᠭᠡᠪᠡᠯ ᠂ ᠵᠠᠩᠭᠢᠯᠠᠭ᠎ᠠ ᠶᠢᠨ ᠨᠢᠭᠡ ᠠᠯᠬᠤᠮ ᠪᠣᠯ ᠳᠠᠷᠤᠢ 《 ᠥᠪᠡᠷ ᠪᠢ 》 ᠪᠣᠯ ᠪᠠᠰᠠ ᠴᠤ ᠨᠢᠭᠡᠨ ᠵᠣᠬᠢᠶᠠᠮᠠᠯ ᠦᠯᠢᠭᠡᠷ ᠮᠥᠨ ᠭᠡᠰᠡᠨ ᠢᠶᠡᠨ ᠮᠡᠳᠡᠭᠡᠷᠡᠢ ᠂ ᠲᠡᠷᠡ ᠨᠢ ᠣᠶᠤᠨ ᠤᠬᠠᠭᠠᠨ ᠤ ᠰᠡᠳᠬᠢᠬᠦᠢ ᠶᠢᠨ ᠪᠤᠳᠤᠯᠢᠶᠠᠨᠲᠤ ᠲᠣᠭᠲᠠᠴᠠ ᠪᠠᠷ ᠳᠠᠮᠵᠢᠨ ᠲᠠᠰᠤᠷᠠᠯᠲᠠ ᠦᠭᠡᠢ ᠵᠣᠬᠢᠶᠠᠨ ᠪᠦᠲᠦᠭᠡᠵᠦ ᠂ ᠰᠢᠨᠡᠳᠬᠡᠵᠦ ᠂ ᠳᠠᠬᠢᠨ ᠪᠢᠴᠢᠳᠡᠭ ᠭᠡᠳᠡᠭ ᠢ ᠮᠡᠳᠡᠷᠡᠬᠦ ᠬᠡᠷᠡᠭᠲᠡᠢ᠃
83 . ᠵᠦᠢᠯ ᠵᠦᠢᠯ ᠦᠨ ᠪᠣᠳᠣᠯ ᠂ ᠤᠷᠮ᠎ᠠ ᠰᠡᠳᠬᠢᠯᠭᠡ ᠪᠠ ᠬᠦᠰᠡᠯ ᠡᠷᠡᠮᠡᠯᠵᠡᠯ ᠦᠨ ᠢᠷᠡᠵᠦ ᠶᠠᠪᠤᠬᠤ ᠨᠢ ᠰᠢᠯᠲᠠᠭᠠᠨ ᠦᠭᠡᠢ ᠂ ᠮᠥᠨ ᠴᠦ ᠴᠢᠨᠦ ᠪᠣᠳᠣᠯ ᠢᠶᠠᠷ ᠪᠣᠯᠬᠤ ᠦᠭᠡᠢ ᠂ ᠶᠠᠭ ᠳᠥᠷᠪᠡᠨ ᠵᠦᠭ ᠨᠠᠢᠮᠠᠨ ᠵᠣᠪᠬᠢᠰ ᠤᠨ ᠰᠠᠯᠬᠢ ᠰᠢᠭ ᠂ ᠭᠡᠵᠢᠭᠡ ᠶᠢ ᠴᠢᠨᠢ ᠡᠷᠦᠢ ᠬᠤᠷᠤᠢ ᠦᠭᠡᠢ ᠦᠯᠢᠶᠡᠨ᠎ᠡ᠃ ᠴᠢ ᠰᠠᠯᠬᠢ ᠴᠤ ᠪᠢᠰᠢ ᠂ ᠪᠠᠰᠠ ᠴᠢᠨᠦ ᠥᠩᠭᠡᠷᠡᠭᠦᠯᠦᠭᠰᠡᠨ ᠲᠡᠳᠡᠭᠡᠷ ᠪᠣᠳᠣᠯ ᠂ ᠤᠷᠮ᠎ᠠ ᠰᠡᠳᠬᠢᠯᠭᠡ ᠪᠠ ᠬᠦᠰᠡᠯ ᠴᠦ ᠪᠢᠰᠢ ᠂ ᠶᠠᠷᠢᠶᠠᠨ ᠦᠭᠡᠢ ᠴᠢᠨᠦ ᠰᠡᠳᠬᠢᠯ ᠳᠣᠲᠣᠷᠠᠬᠢ ᠬᠡᠷᠡᠭ ᠦᠨ ᠳᠠᠷᠠᠭ᠎ᠠ ᠡᠮᠬᠢᠳᠬᠡᠵᠦ ᠠᠷᠢᠭᠤᠳᠬᠠᠭᠰᠠᠨ ᠲᠡᠳᠡᠭᠡᠷ ᠦᠯᠢᠭᠡᠷ ᠨᠠᠩ ᠴᠤ ᠪᠢᠰᠢ᠃ ᠴᠢ ᠵᠥᠪᠬᠡᠨ ᠡᠨᠡ ᠪᠦᠬᠦᠨ ᠢ ᠥᠩᠭᠡᠷᠡᠭᠡᠵᠡᠶ ᠂ ᠡᠵᠡᠮᠳᠡᠬᠦ ᠶᠢᠨ ᠠᠷᠭ᠎ᠠ ᠦᠭᠡᠢ ᠮᠥᠷᠲᠡᠭᠡᠨ ᠡᠳ᠋ᠯᠡᠵᠦ ᠴᠦ ᠪᠣᠯᠬᠤ ᠦᠭᠡᠢ ᠂ ᠴᠢ ᠨᠠᠩ ᠴᠤ ᠡᠨᠡ ᠪᠦᠬᠦᠨ ᠲᠡᠶ ᠠᠳᠠᠯᠢ ᠦᠭᠡᠢ᠃
84 . ᠬᠥᠮᠦᠨ ᠲᠥᠷᠥᠯᠬᠢᠲᠡᠨ 《 ᠪᠢ ᠬᠡᠨ ᠪᠤᠶ 》 ᠭᠡᠵᠦ ᠠᠰᠠᠭᠤᠬᠤ ᠳᠤ ᠨᠢᠭᠡ ᠦᠯᠢᠭᠡᠷ ᠢᠶᠡᠷ ᠬᠠᠷᠢᠭᠤᠯᠲᠠ ᠪᠣᠯᠭᠠᠬᠤ ᠶᠢ ᠬᠦᠰᠡᠳᠡᠭ᠃ ᠦᠨᠡᠨ ᠳᠡᠭᠡᠨ ᠂ ᠴᠢᠨᠦ ᠮᠡᠳᠡᠬᠦ ᠴᠢᠬᠤᠯᠠ ᠲᠠᠶ ᠨᠢᠭᠡᠳᠦᠭᠡᠷ ᠤᠴᠢᠷ ᠪᠣᠯ ᠳᠠᠷᠤᠶ ᠴᠢ ᠨᠢᠭᠡ ᠦᠯᠢᠭᠡᠷ ᠪᠢᠰᠢ᠃
85 . ᠬᠥᠮᠦᠨ ᠦ ᠠᠮᠢᠳᠤᠷᠠᠯ ᠤᠨ ᠵᠢᠩᠬᠢᠨᠢ ᠣᠨᠢᠰᠤᠭ᠎ᠠ ᠨᠢ ᠦᠬᠦᠭᠰᠡᠨ ᠦ ᠬᠣᠶᠢᠨ᠎ᠠ ᠡᠭᠦᠰᠦᠭᠰᠡᠨ ᠪᠢᠰᠢ ᠂ ᠬᠠᠷᠢᠨ ᠠᠮᠢᠳᠤ ᠪᠠᠶᠢᠬᠤ ᠳᠠᠭᠠᠨ ᠡᠭᠦᠰᠦᠭᠰᠡᠨ ᠶᠤᠮ᠃ 《 ᠦᠬᠦᠯ 》  ᠢ ᠮᠡᠳᠡᠶ᠎ᠡ ᠭᠡᠪᠡᠯ ᠂ ᠤᠷᠢᠳ ᠢᠶᠠᠷ 《 ᠲᠦᠷᠦᠭᠦ 》  ᠶᠢ ᠣᠶᠢᠯᠠᠭᠠᠬᠤ ᠬᠡᠷᠡᠭᠲᠡᠶ᠃



  
     
     