ᠨᠠᠶᠢᠵᠠ ᠶᠢᠨ
9
ᠮᠥᠨ ᠢᠩᠭᠢᠭᠡᠳ ᠪᠠᠰᠠ ᠯᠠ ᠤᠯᠠᠨ ᠡᠳᠦᠷ ᠪᠤᠯᠤᠯ᠎ᠠ ᠂ ᠨᠠᠶᠢᠵᠠ ᠮᠢᠨᠢ ᠴᠦ ᠠᠭᠠᠵᠢᠮ ᠢᠶᠠᠷ ᠡᠨᠡ ᠤᠴᠢᠷ ᠢ ᠬᠦᠯᠢᠶᠡᠨ ᠠᠪᠤᠨ ᠂ ᠬᠢᠴᠢᠶᠡᠯ ᠰᠤᠷᠤᠯᠭ᠎ᠠ ᠳᠤ ᠪᠠᠨ ᠴᠦ ᠰᠢᠮᠳᠠᠵᠤ ᠡᠬᠢᠯᠡᠯ᠎ᠡ ᠃ ᠭᠠᠷᠠᠭ ᠤᠨ ᠵᠢᠷᠭᠤᠭᠠᠨ ᠤ ᠠᠮᠠᠷᠠᠯᠲᠠ ᠪᠠᠷ ᠪᠢᠳᠡ ᠬᠡᠳᠦᠭᠦᠯᠡ ᠬᠠᠨᠢᠯᠠᠵᠤ ᠬᠣᠭᠣᠯᠠ ᠢᠳᠡᠬᠦ ᠵᠠᠭᠤᠷ᠎ᠠ ᠨᠠᠶᠢᠵᠠ ᠮᠢᠨᠢ ᠪᠢᠳᠡᠨ ᠳᠦ ᠡᠵᠢ ᠶᠢᠨ ᠢᠶᠡᠨ ᠲᠤᠬᠠᠢ ᠶᠠᠷᠢᠯ᠎ᠠ ᠲᠡᠷᠡ ᠣᠷᠣᠢ ᠨᠠᠶᠢᠵᠠ ᠶᠢ ᠮᠢᠨᠢ ᠡᠮᠴᠢ ᠶᠢᠨ ᠬᠣᠷᠢᠶᠠᠨ ᠳᠤ ᠣᠴᠢᠬᠤ ᠳᠤ ᠡᠵᠢ ᠨᠢ ᠨᠢᠭᠡᠨᠲᠡ ᠶᠠᠪᠤᠴᠢᠬᠠᠭᠰᠠᠨ ᠪᠠᠶᠢᠵᠠᠢ ᠂ ᠠᠪᠤ ᠨᠢ ᠲᠡᠭᠦᠨ ᠢ ᠲᠡᠪᠡᠷᠢᠵᠦ ᠠᠪᠤᠭᠠᠳ ᠂ ︽ ᠮᠢᠨᠤ ᠬᠡᠥᠬᠡᠨ ᠬᠠᠲᠠᠭᠤᠵᠢ ᠃ ︾ ᠭᠡᠵᠤ ᠭᠠᠭᠴᠠ ᠦᠭᠡ ᠬᠡᠯᠡᠭᠰᠡᠨ ᠭᠡᠨ᠎ᠡ ᠂ ᠡᠵᠢ ᠪᠡᠨ ᠬᠠᠷᠠᠬᠤ ᠠᠴᠠ ᠠᠶᠤᠨ ᠂ ᠨᠡᠨ ᠤᠴᠢᠷ ᠢ ᠢᠲᠡᠭᠡᠵᠤ ᠶᠠᠳᠠᠨ ᠭᠠᠭᠴᠠᠭᠠᠷ ᠡᠯᠢᠭᠡ ᠪᠡᠨ ᠡᠮᠲᠡᠷᠡᠲᠡᠯ᠎ᠡ ᠤᠭᠢᠯᠠᠵᠤ ᠪᠠᠶᠢᠬᠤ ᠶᠢ ᠨᠢ ᠦᠵᠡᠭᠡᠳ ᠳᠦᠷᠪᠡᠬᠡᠨ ᠨᠠᠰᠤᠲᠠᠢ ᠳᠡᠭᠦᠦ ᠨᠢ ᠬᠠᠵᠠᠭᠤ ᠳᠤ ᠨᠢ ᠢᠷᠡᠭᠡᠳ ︽ ᠡᠭᠡᠴᠢ ᠡ ᠂ ᠪᠦᠦ ᠤᠭᠢᠯᠠ ᠂ ᠮᠢᠨᠤ ᠮᠦᠮᠦ ᠬᠤᠯᠠ ᠭᠠᠵᠠᠷ ᠠᠴᠠ ᠴᠢᠮ᠎ᠠ ᠶᠢ ᠦᠵᠡᠵᠦ ᠪᠠᠶᠢᠨ᠎ᠠ ᠰᠢᠤ ᠃ ︾ ᠭᠡᠳ ᠭᠦᠭᠡᠷᠦᠭᠦᠨ ᠬᠤᠶᠠᠷ ᠭᠠᠷ ᠢᠶᠠᠷ ᠢᠶᠠᠨ ᠤᠷᠤᠰᠴᠤ ᠪᠠᠶᠢᠭ᠎ᠠ ᠨᠢᠯᠪᠤᠰᠤ ᠶᠢ ᠨᠢ ᠠᠷᠴᠢᠵᠤ ᠦᠭᠭᠦᠯ᠎ᠡ ᠭᠡᠵᠦ ᠨᠠᠶᠢᠵᠠ ᠮᠢᠨᠢ ᠶᠠᠷᠢᠬᠤ ᠳᠦ ᠪᠢᠳᠡ ᠬᠡᠳᠦᠭᠦᠯᠡ ᠦᠪᠡᠷ ᠦᠨ ᠡᠷᠬᠡ ᠦᠭᠡᠢ ᠨᠢᠯᠪᠦᠰᠦ ᠪᠡᠨ ᠠᠷᠴᠢᠵᠤ ᠲᠡᠭᠦᠨ ᠳᠦ ᠬᠠᠷᠠᠭᠳᠠᠬᠤ ᠶᠢ ᠬᠢᠴᠢᠶᠡᠯ᠎ᠡ ᠃ ᠨᠠᠶᠢᠵᠠ ᠮᠢᠨᠢ ᠴᠦ ᠨᠢᠯᠪᠤᠰᠤ ᠪᠡᠨ ᠳᠤᠳᠣᠭᠰᠢ ᠵᠠᠯᠭᠠᠵᠤ ᠪᠠᠶᠢᠯ᠎ᠠ ᠃ ᠭᠡᠷ ᠲᠦ ᠪᠡᠨ ᠬᠠᠷᠢᠵᠤ ᠡᠵᠢ ᠶᠢ ᠨᠢ ᠭᠠᠷᠭᠠᠬᠤ ᠦᠷᠯᠦᠭᠡ ᠨᠠᠶᠢᠵᠠ ᠶᠢᠨ ᠮᠢᠨᠢ ᠳᠡᠭᠦᠦ ᠦᠷᠯᠦᠭᠡ ᠡᠷᠲᠡ ᠪᠤᠰᠴᠤ ᠡᠵᠢ ᠳᠦ ᠪᠡᠨ ᠬᠦᠵᠢ ᠠᠰᠠᠭᠠᠵᠤ ᠂ ᠡᠮᠦᠨ᠎ᠡ ᠨᠢ ᠨᠡᠯᠢᠶᠡᠳ ᠤᠳᠠᠭᠠᠨ ᠮᠦᠷᠭᠦᠭᠡᠳ ᠭᠠᠷᠴᠦ ᠢᠷᠡᠨ ᠡᠭᠡᠴᠢ ᠳᠦ ᠪᠡᠨ ᠄ ︽ ᠣᠳᠣ ᠮᠦᠮᠦ ᠪᠠᠶᠢᠬᠤ ᠦᠭᠡᠢ ᠂ ᠠᠪᠤ ᠮᠠᠨ ᠤ ᠭᠤᠷᠪᠠᠭᠤᠯᠠ ᠰᠠᠶᠢᠬᠠᠨ ᠠᠮᠢᠳᠤᠷᠠᠶ᠎ᠠ ᠃ ᠡᠭᠡᠴᠢ ᠪᠢᠴᠢᠭ ᠢᠶᠡᠨ ᠰᠠᠶᠢᠨ ᠦᠵᠡ ᠂ ᠪᠢᠪᠢ ᠠᠪᠤ ᠲᠠᠢ ᠤᠬᠠᠭᠠᠨ ᠲᠠᠢ ᠰᠠᠭᠤᠶ᠎ᠠ ᠂ ᠠᠪᠤ ᠮᠣᠷᠢ ᠬᠦᠲᠦᠯᠡᠬᠦ ᠪᠡᠷ ᠶᠠᠪᠤᠪᠠᠯ ᠪᠢ ᠭᠠᠭᠴᠠᠭᠠᠷ ᠢᠶᠠᠨ ᠨᠠᠭᠠᠳᠤᠶ᠎ᠠ ᠃ ︾ ᠭᠡᠵᠦ ᠤᠭᠢᠯᠠᠵᠤ ᠪᠠᠶᠢᠭᠰᠠᠨ ᠡᠭᠡᠴᠢ ᠳᠦ ᠪᠡᠨ ᠲᠤᠩ ᠣᠯᠠᠨ ᠢ ᠶᠠᠷᠢᠭᠰᠠᠨ ᠭᠡᠨ᠎ᠡ ᠃ ᠨᠠᠶᠢᠵᠠ ᠮᠢᠨᠢ ᠳᠠᠩᠳᠠ ︽ ᠡᠵᠢ ᠯᠠᠪ ᠢᠷᠡᠵᠦ ᠳᠡᠭᠦᠦ ᠳᠦ ᠣᠯᠠᠨ ᠶᠠᠭᠤᠮ᠎ᠠ ᠶᠠᠷᠢᠳᠠᠭ ᠪᠠᠶᠢᠬᠤ ᠠ᠋ ᠂ ᠡᠵᠢ ᠶᠠᠪᠤᠭᠰᠠᠨ ᠠᠴᠠ ᠬᠣᠶᠢᠰᠢ ᠳᠡᠭᠦᠦ ᠨᠢᠭᠡ ᠲᠤᠰᠤᠯ ᠨᠢᠯᠪᠤᠰᠤ ᠤᠨᠠᠭᠠᠬᠤ ᠦᠭᠡᠢ ᠮᠦᠷᠳᠡᠭᠡᠨ ᠂ ᠮᠠᠨᠤᠰ ᠢ ᠬᠡᠵᠢᠶᠡᠲᠡ ᠲᠠᠶᠢᠳᠬᠠᠷᠠᠭᠤᠯᠳᠠᠭ ᠨᠢ ᠦᠨᠡᠭᠡᠷ ᠢᠲᠡᠭᠡᠵᠦ ᠶᠠᠳᠠᠮᠠᠷ ︾ ᠭᠡᠳᠡᠭ ᠃ ᠪᠢ ᠴᠦ ᠡᠨᠡ ᠬᠦ ᠳᠠᠭᠴᠤ ᠡᠷᠲᠡ ᠤᠬᠠᠭᠠᠵᠢᠭᠰᠠᠨ ᠪᠢᠴᠢᠬᠠᠨ ᠬᠦᠦ ᠶᠠᠭᠤ ᠪᠤᠳᠤᠳᠠᠭ ᠪᠣᠢ ᠭᠡᠵᠤ ᠭᠠᠶᠢᠬᠠᠳᠠᠭ ᠪᠢᠯᠡ ᠃ ᠡᠬᠢᠨ ᠦ ᠦᠶ᠎ᠡ ᠳᠦ ᠨᠠᠶᠢᠵᠠ ᠮᠢᠨᠢ ᠴᠦ ᠰᠤᠷᠤᠯᠭ᠎ᠠ ᠪᠠᠨ ᠵᠤᠭᠰᠤᠵᠤ ᠭᠡᠷ ᠲᠦ ᠪᠡᠨ ᠬᠠᠷᠢᠵᠤ ᠳᠡᠭᠦᠦ ᠪᠡᠨ ᠬᠠᠷᠠᠭᠠᠯᠵᠠᠶᠠ ᠭᠡᠵᠦ ᠪᠤᠳᠤᠵᠤ ᠪᠠᠶᠢᠭᠰᠠᠨ ᠭᠡᠨ᠎ᠡ ᠂ ᠳᠡᠭᠦᠦ ᠨᠢ ᠤᠤᠯ ᠨᠢ ᠬᠡᠵᠢᠶᠡᠲᠡ ᠡᠵᠢ ᠲᠠᠢ ᠪᠠᠨ ᠴᠤᠭ ᠪᠠᠶᠢᠵᠤ ᠠᠪᠤ ᠲᠠᠢ ᠪᠠᠨ ᠳᠡᠮᠡᠢ ᠳᠠᠰᠬᠤ ᠦᠭᠡᠢ ᠂ ᠡᠵᠢ ᠪᠡᠨ ᠰᠠᠨᠠᠨ᠎ᠠ ᠭᠡᠵᠤ ᠲᠡᠷᠡ ᠵᠤᠪᠠᠵᠤ ᠪᠠᠶᠢᠭᠰᠠᠨ ᠢ ᠨᠢ ᠳᠡᠭᠦᠦ ᠨᠢ ᠵᠠᠪᠠᠯ ᠪᠢᠴᠢᠭ ᠦᠵᠡ ᠂ ᠪᠢ ᠠᠪᠤ ᠲᠠᠢ ᠪᠠᠨ ᠰᠠᠶᠢᠬᠠᠨ ᠰᠠᠭᠤᠶ᠎ᠠ ᠭᠡᠳ ᠪᠠᠶᠢᠬᠤᠯᠠᠷ ᠨᠠᠶᠢᠵᠠ ᠮᠢᠨᠢ ᠪᠤᠴᠠᠵᠤ ᠢᠷᠡᠭᠰᠡᠨ ᠭᠡᠵᠦ ᠪᠢᠳᠡᠨ ᠳᠦ ᠶᠠᠷᠢᠯ᠎ᠠ ᠃
ᠨᠠᠶᠢᠵᠠ ᠶᠢᠨ ᠢᠶᠡᠨ ᠵᠣᠷᠢᠭ ᠢ ᠂ ᠳᠡᠭᠦᠦ ᠶᠢᠨ ᠬᠢᠨᠢ ᠤᠬᠠᠭᠠᠨ ᠢ ᠨᠢ ᠪᠢ ᠵᠢᠭᠬᠢᠨᠢ ᠰᠡᠳᠬᠢᠯ ᠡᠴᠡ ᠪᠡᠨ ᠪᠢᠰᠢᠷᠡᠯ᠎ᠡ ᠃ ᠨᠠᠶᠢᠵᠠ ᠶᠢᠨ ᠮᠢᠨᠢ ᠡᠵᠢ ᠪᠠᠰᠠ ᠨᠢᠭᠡ ᠶᠢᠷᠲᠢᠨᠴᠦ ᠳᠦ ᠰᠠᠶᠢᠬᠠᠨ ᠨᠤᠶᠢᠷᠠᠰᠬᠤ ᠶᠢ ᠳᠠᠭᠠᠳᠬᠠᠶ᠎ᠠ ᠃ ᠨᠠᠶᠢᠵᠠ ᠶᠢᠨ ᠮᠢᠨᠢ ᠬᠤᠶᠢᠰᠢᠲᠠ ᠶᠢᠨ ᠠᠮᠢᠳᠤᠷᠠᠯ ᠦᠭᠡᠳᠡ ᠡᠰᠡᠷᠭᠦ ᠪᠠᠶᠢᠬᠤ ᠶᠢ ᠵᠦᠭᠨᠡᠶᠡ ᠃