

ᠤᠷᠠᠨ ᠰᠡᠳᠬᠢᠮᠵᠢᠯᠡᠬᠦᠢ

2016-03-13 08:11
  267
  0
              ᠤᠷᠠᠨ ᠰᠡᠳᠬᠢᠮᠵᠢᠯᠡᠬᠦᠢ            
    ᠤᠨᠤᠯ ᠰᠢᠭᠦᠮᠵᠢᠯᠡᠭᠴᠢᠳ ᠡᠴᠡ ︽ᠨᠢᠮᠭᠡᠨ ᠱᠠ  ᠶᠢᠨ ᠴᠠᠭᠠᠨ᠎ᠠ  ᠠᠴᠠ ᠰᠠᠶᠢᠬᠠᠨ ᠬᠦᠮᠦᠨ  ᠢ ᠠᠵᠢᠬᠤ ᠮᠡᠲᠦ ᠂ ᠰᠡᠶᠢᠷᠡᠭ ᠡᠭᠦᠯᠡᠰ  ᠦᠨ ᠡᠴᠢᠨᠡᠬᠢ ᠰᠠᠷᠠᠨ ᠠᠪᠠᠬᠠᠢ  ᠶᠢ ᠰᠠᠷᠠᠪᠴᠢᠯᠠᠬᠤ ᠮᠡᠲᠦ ᠪᠤᠯ ᠰᠠᠶ᠋ᠢ ᠤᠷᠠᠯᠢᠭ ︾ᠭᠡᠵᠦ ᠠᠶᠢᠯᠠᠳᠴᠤ ᠪᠤᠢ ᠂ ᠪᠠᠰᠠ ︽ᠤᠰᠤᠨ  ᠳᠤ ᠠᠭᠤᠰᠤᠭᠰᠠᠨ ᠳᠠᠪᠤᠰᠤ ᠰᠢᠭ᠋ ᠦᠵᠡᠬᠦᠶ᠎ᠡ ᠬᠠᠷᠠᠭᠳᠠᠬᠤ ᠦᠭᠡᠢ ᠂ ᠠᠮᠲᠠᠯᠠᠪᠠᠰᠤ ᠮᠡᠳᠡᠭᠳᠡᠪᠡᠯ ᠰᠠᠶ᠋ᠢ ᠵᠢᠩᠬᠢᠨᠢ ᠤᠷᠠᠯᠢᠭ ︾ᠭᠡᠵᠦ ᠴᠡᠴᠡᠯᠡᠵᠦ ᠪᠤᠢ ᠃             
    ᠡᠳᠡᠭᠡᠷ ᠨᠢ ᠶᠠᠭᠤ  ᠶᠢ ᠪᠢᠴᠢᠬᠦ ᠨᠢ ᠴᠢᠬᠤᠯᠠ ᠪᠢᠰᠢ ᠂ ᠶᠠᠭᠠᠬᠢᠵᠤ ᠢᠯᠡᠳᠭᠡᠬᠦ ᠨᠢ ᠴᠢᠬᠤᠯᠠ ᠭᠡᠰᠡᠨ ᠰᠠᠨᠠᠭ᠎ᠠ ᠪᠤᠶᠤ ᠃ ᠳᠠᠷᠤᠢ ᠂ ᠤᠯᠤᠭᠰᠠᠨ ᠰᠡᠳᠦᠪ  ᠢᠶᠡᠨ ᠶᠠᠮᠠᠷ ᠠᠷᠭ᠎ᠠ  ᠪᠠᠷ ᠰᠡᠳᠬᠢᠮᠵᠢᠯᠡᠵᠦ ᠂ ᠪᠠᠶᠢᠷᠢᠰᠢᠭᠤᠯᠵᠤ ᠂ ᠬᠦᠮᠦᠨ  ᠦ ᠰᠡᠳᠬᠢᠯ  ᠦᠨ ᠬᠦᠪᠴᠢ ᠶᠢ ᠳᠤᠷᠭᠢᠭᠤᠯᠬᠤ ᠭᠡᠭᠴᠢ ᠴᠢᠬᠤᠯᠠ ᠶᠤᠮ ᠃             
    ᠰᠢᠯᠦᠭ ᠨᠠᠶᠢᠷᠠᠬᠤ  ᠪᠠᠷ ᠪᠤᠳᠤᠪᠠᠯ ᠂ ᠤᠷᠠᠨ ᠰᠠᠨᠠᠭ᠎ᠠ ᠤᠯᠠᠯᠵᠠᠨ ᠳᠡᠯᠭᠡᠷᠡᠵᠦ ᠂ ᠬᠤᠯᠪᠤᠨ ᠪᠤᠳᠤᠯᠲᠠ ᠰᠤᠯᠤᠩᠭᠠᠷᠠᠨ ᠴᠡᠴᠡᠭᠯᠡᠭᠰᠡᠨ ᠪᠠᠶᠢᠪᠠᠯ ᠰᠠᠶ᠋ᠢ ᠤᠩᠰᠢᠭᠴᠢᠳ  ᠤᠨ ᠤᠷᠮᠠᠰ ᠰᠡᠳᠬᠢᠯᠭᠡ  ᠶᠢ ᠭᠡᠳᠡᠭᠡᠯᠡᠵᠦ ᠳᠡᠶᠢᠯᠦᠨ᠎ᠡ ᠃ ᠠᠷᠲᠠᠢ ᠪᠠᠭᠰᠢ  ᠶᠢᠨ ︽  ᠰᠦ᠋ ︾ᠰᠢᠯᠦᠭ  ᠲᠦ ᠄ ︽ᠰᠦᠪᠡ ᠨᠢ ᠪᠢᠲᠡᠭᠦᠷᠡᠵᠦ ᠴᠢᠯᠠᠭᠤᠵᠢᠭᠰᠠᠨ /ᠪᠤᠳᠤᠯ  ᠢᠶᠠᠨ ᠴᠢᠳᠠᠯ  ᠢᠶᠠᠨ /ᠨᠤᠶᠢᠲᠠᠨ ᠴᠠᠭᠠᠨ ᠰᠡᠯᠡᠮ᠎ᠡ  ᠪᠡᠷ /ᠱᠤᠯᠤᠭᠤᠯᠬᠤ ᠶᠤᠮ ᠰᠠᠨ ︾ ᠭᠡᠵᠦ ᠪᠤᠢ ᠃ ᠡᠨᠳᠡ ᠭᠬᠢᠷ ᠦᠭᠡᠢ ᠠᠷᠢᠭᠤᠨ ᠴᠠᠭᠠᠨ ᠰᠦ᠋  ᠪᠡᠷ ᠭᠬᠢᠷᠲᠦᠵᠦ ᠪᠢᠲᠡᠭᠦᠷᠡᠭᠰᠡᠨ ᠦᠵᠡᠯ ᠪᠤᠳᠤᠯ  ᠢᠶᠠᠨ ᠠᠷᠢᠭᠤᠰᠬᠠᠨ ᠭᠡᠭᠡᠷᠡᠭᠦᠯᠬᠦ  ᠶᠢ ︽ᠨᠤᠶᠢᠲᠠᠨ ᠴᠠᠭᠠᠨ ᠰᠡᠯᠡᠮ᠎ᠡ  ᠪᠡᠷ ᠱᠤᠯᠤᠭᠤᠯᠬᠤ ︾ᠭᠡᠵᠦ ᠤᠷᠠᠨ ᠬᠠᠪᠤᠯᠢᠭ ᠰᠡᠳᠬᠢᠮᠵᠢᠯᠡᠨ ᠢᠯᠡᠳᠭᠡᠪᠡ ᠃ ᠪᠠᠰᠠ ︽ ᠠᠭᠠᠷᠤ ᠳᠤ ᠲᠤᠨᠤᠭᠰᠠᠨ ᠰᠠᠷᠠ / ᠠᠮᠠᠨ ᠳᠤ ᠬᠠᠶᠢᠯᠤᠭᠰᠠᠨ ᠨᠠᠷᠠ ︾ ᠭᠡᠵᠦ ᠠᠭᠠᠷᠤ ᠳᠤ ᠬᠦᠭᠡᠰᠦᠷᠡᠭᠰᠡᠨ ᠰᠦ᠋ ᠶᠢ ᠠᠭᠠᠷ ᠲᠤ ᠰᠠᠴᠤᠷᠠᠭᠰᠠᠨ ᠮᠦᠩᠭᠦᠨ ᠰᠠᠷᠠ ᠪᠠᠷ ᠵᠦᠢᠷᠯᠡᠵᠦ ᠂ ᠠᠮᠠᠨ ᠳᠤ ᠬᠠᠶᠢᠯᠤᠭᠰᠠᠨ ᠂ ᠲᠤᠰᠤ ᠬᠦᠪᠦᠭᠰᠡᠨ ᠰᠦ᠋ ᠶᠢ ᠰᠢᠵᠢᠷ ᠦᠩᠭᠡᠲᠡᠢ ᠰᠢᠷᠭᠠᠯ ᠨᠠᠷᠠ  ᠪᠠᠷ ᠦᠯᠢᠳᠭᠡᠵᠦ ᠪᠠᠶᠢᠭ᠎ᠠ ᠨᠢ ᠶᠠᠭᠠᠬᠢᠭᠰᠠᠨ ᠶᠡᠬᠡ ᠤᠨᠤᠵᠤ ᠴᠢᠳᠠᠭᠰᠠᠨ ᠤᠷᠠᠨ ᠰᠡᠳᠬᠢᠮᠵᠢ ᠪᠤᠢ ᠃ ᠠᠷᠲᠠᠢ ᠪᠠᠭᠰᠢ  ᠶᠢᠨ ︽ᠦᠬᠡᠷᠴᠢᠨ ︾ᠰᠢᠯᠦᠭ  ᠲᠦ ᠄           
   ︽ ᠠᠪᠤ ᠮᠢᠨᠢ ᠲᠠ           
        ᠵᠠᠯᠠᠭᠤ  ᠳᠤ  ᠪᠠᠨ ᠶᠠᠮᠠᠷ ᠪᠠᠶᠢᠯ᠎ᠠ           
   ᠠᠷᠤ  ᠶᠢᠨ ᠠᠭᠤᠯᠠ  ᠪᠠᠨ ᠤᠨᠤᠭᠠᠳ           
        ᠳᠠᠪᠬᠢᠳᠠᠭ ᠪᠠᠶᠢᠯ᠎ᠠ ᠃           
   ᠠᠯᠤᠰ  ᠤᠨ ᠡᠭᠦᠯᠡ  ᠶᠢ ᠰᠢᠪᠲᠤᠷᠤᠭᠠᠳ           
        ᠳᠦᠷᠦᠭᠡᠨ  ᠳᠦ  ᠪᠡᠨ ᠵᠠᠩᠭᠢᠳᠳᠠᠭ ᠪᠠᠶᠢᠯ᠎ᠠ           
   ᠠᠯᠲᠠᠨ ᠨᠠᠷᠠ  ᠶᠢ ᠵᠦᠯᠭᠦᠭᠡᠳ           
        ᠠᠭᠲᠠ  ᠶᠢᠨ  ᠢᠶᠡᠨ ᠳᠡᠯ ᠳᠡᠭᠡᠷ᠎ᠡ          
           ᠲᠡᠪᠡᠷᠢᠳᠡᠭ ᠪᠠᠶᠢᠯ᠎ᠠ          
   ᠠᠶᠠᠰ ᠤᠨ ᠰᠠᠯᠬᠢᠨ          
        ᠠᠲᠠᠭᠠᠷᠬᠠᠭᠠᠳ ᠭᠦᠢᠴᠡᠬᠦ ᠦᠭᠡᠢ          
           ᠠᠷᠤ ᠳᠤ ᠴᠢᠨᠢ ᠭᠤᠲᠤᠷᠠᠭᠠᠳ          
                 ᠰᠢᠷᠤᠢ ᠡᠮᠬᠦᠳᠡᠭ ᠪᠠᠶᠢᠯ᠎ᠠ ᠃ ︾ ᠭᠡᠵᠦ ᠦᠬᠡᠷᠴᠢᠨ ᠠᠪᠤ ᠶᠢᠨ ᠢᠶᠡᠨ ᠰᠠᠯᠬᠢ ᠰᠢᠭ᠋ ᠳᠤᠪᠲᠤᠯᠵᠤ ᠂ ᠰᠤᠮᠤ ᠰᠢᠭ᠋ ᠢᠰᠭᠡᠷᠴᠦ ᠶᠠᠪᠤᠭᠰᠠᠨ ᠵᠠᠯᠠᠭᠤ ᠨᠠᠰᠤ  ᠶᠢ ᠤᠷᠠᠯᠢᠭ ᠭᠤᠶᠤ ᠬᠠᠷᠠᠭᠤᠯᠵᠤ ᠪᠤᠢ ᠂ ᠡᠨᠡ ᠰᠠᠶ᠋ᠢ ᠰᠢᠯᠦᠭ ᠂ ᠡᠨᠡ ᠰᠠᠶ᠋ᠢ ᠰᠢᠯᠦᠭ  ᠦᠨ ᠤᠷ᠎ᠠ ᠂ ᠠᠷᠲᠠᠢ ᠪᠠᠭᠰᠢ  ᠶᠢᠨ ᠲᠠᠷᠲᠠᠢ ᠪᠢᠯᠢᠭ  ᠡᠴᠡ ᠤᠨᠳᠤᠷᠤᠭᠰᠠᠨ ᠰᠢᠯᠦᠭ  ᠦᠨ ᠰᠠᠶᠢᠬᠠᠨ ᠳ᠋ᠠ ᠃        
    ᠠᠷᠠᠳ  ᠤᠨ ᠠᠮᠠᠨ ᠦᠯᠢᠭᠡᠷ ︽ ᠵᠡᠮᠳᠡᠭ ᠬᠠᠭᠠᠨ  ᠢ ᠵᠢᠷᠤᠭᠰᠠᠨ ᠨᠢ ︾ ᠭᠡᠳᠡᠭ ᠦᠯᠢᠭᠡᠷ  ᠲᠦ ᠂ ᠵᠡᠭᠦᠨ ᠨᠢᠳᠦ ᠨᠢ ᠰᠤᠬᠤᠷ ᠂ ᠪᠠᠷᠠᠭᠤᠨ ᠭᠠᠷ ᠨᠢ ᠲᠠᠬᠢᠷ ᠂ ᠵᠡᠭᠦᠨ ᠬᠦᠯ ᠨᠢ ᠳᠤᠭᠤᠯᠠᠩ ᠬᠠᠷᠬᠢᠰ ᠬᠠᠭᠠᠨ ᠂ ᠦᠪᠡᠷ  ᠦᠨ ᠪᠡᠶ᠎ᠡ  ᠪᠡᠨ ᠵᠢᠷᠤᠭᠤᠯᠵᠤ ᠂ ᠦᠷ᠎ᠡ ᠬᠡᠦᠬᠡᠳ  ᠲᠦ  ᠪᠡᠨ ᠦᠯᠡᠳᠡᠭᠡᠬᠦ ᠭᠡᠵᠦ ᠠᠯᠳᠠᠷᠲᠤ ᠵᠢᠷᠤᠭᠠᠴᠢ ᠨᠠᠷ  ᠢ ᠳᠠᠭᠤᠳᠠᠪᠠ ᠃ ᠵᠢᠷᠤᠭᠴᠢᠳ ᠬᠤᠪᠢ ᠬᠤᠪᠢᠨ  ᠤ ᠡᠷᠳᠡᠮ  ᠢᠶᠡᠨ ᠦᠵᠡᠭᠦᠯᠬᠦ ᠭᠡᠵᠦ ᠬᠡᠷᠴᠡᠭᠡᠢ ᠬᠠᠭᠠᠨ  ᠢ ᠲᠡᠷᠡ ᠮᠠᠶ᠋ᠢᠭ  ᠢᠶᠠᠷ ᠨᠢ ᠠᠮᠢᠳᠤ ᠪᠤᠲᠠᠲᠠᠢ ᠵᠢᠷᠤᠵᠤ ᠭᠠᠷᠭᠠᠭᠠᠳ ᠪᠦᠷ ᠴᠠᠪᠴᠢᠭᠳᠠᠪᠠ ᠃ ᠡᠨᠡ ᠬᠡᠴᠡᠭᠦᠦ ᠠᠯᠪᠠ ᠨᠢᠭᠡᠨ ᠡᠪᠦᠭᠡᠨ ᠵᠢᠷᠤᠭᠠᠴᠢ  ᠳᠤ ᠳᠤᠬᠢᠶᠠᠪᠠ ᠂ ᠡᠪᠦᠭᠡᠨ ᠨᠠᠷᠢᠨ ᠪᠤᠳᠤᠯᠬᠢᠯᠠᠵᠤ ᠂ ᠤᠷᠠᠨ ᠰᠡᠳᠬᠢᠮᠵᠢᠯᠡᠵᠦ ᠂ ᠵᠡᠮᠳᠡᠭ ᠬᠠᠭᠠᠨ  ᠢ ᠪᠤᠷᠤᠭᠤᠲᠠᠢ ᠬᠦᠯ  ᠢᠶᠡᠷ ᠦᠬᠡᠷ ᠴᠢᠯᠠᠭᠤ  ᠶᠢ ᠭᠢᠰᠬᠢᠯᠡᠵᠦ ᠪᠠᠶᠢᠬᠤ  ᠪᠠᠷ ᠂ ᠰᠤᠯᠤᠭᠠᠢ ᠭᠠᠷ  ᠲᠤ  ᠪᠠᠨ ᠬᠦᠴᠦᠲᠦ ᠨᠤᠮ ᠠᠳᠬᠤᠵᠤ ᠵᠦᠪ ᠭᠠᠷ  ᠢᠶᠠᠷ ᠡᠷᠳᠡᠨᠢ  ᠶᠢᠨ ᠴᠠᠭᠠᠨ ᠰᠤᠮᠤ ᠡᠰᠢᠯᠡᠨ ᠲᠠᠲᠠᠵᠤ ᠪᠠᠶᠢᠬᠤ  ᠪᠠᠷ ᠂ ᠳᠠᠷᠤᠢ ᠵᠡᠭᠦᠨ ᠨᠢᠳᠦ  ᠪᠡᠨ ᠠᠨᠢᠨ ᠪᠠᠷᠠᠭᠤᠨ ᠨᠢᠳᠦ  ᠪᠡᠷ ᠤᠨᠢᠯᠠᠨ ᠰᠢᠷ᠎ᠠ ᠡᠷᠢᠶᠡᠨ ᠪᠠᠷᠰ  ᠢ ᠬᠠᠷᠪᠤᠵᠤ ᠪᠠᠶᠢᠬᠤ  ᠪᠠᠷ ᠵᠢᠷᠤᠵᠤ ᠭᠠᠷᠭᠠᠭᠰᠠᠨ  ᠳᠤ ᠳᠡᠭᠡᠷᠡᠩᠭᠦᠢ ᠬᠠᠭᠠᠨ ᠳᠡᠯᠪᠡ ᠪᠠᠶᠠᠷᠯᠠᠵᠤ ᠡᠪᠦᠭᠡᠨ ᠵᠢᠷᠤᠭᠠᠴᠢ  ᠶᠢ ᠬᠤᠪᠢᠯᠭᠠᠨ ᠵᠢᠷᠤᠭᠠᠴᠢ ᠭᠡᠵᠦ ᠮᠠᠭᠲᠠᠨ ᠬᠦᠨᠳᠦ ᠱᠠᠩᠨᠠᠭᠰᠠᠨ ᠭᠡᠨ᠎ᠡ ᠃        
    ᠡᠨᠡ ᠶᠠᠭᠤ  ᠶᠢ ᠬᠠᠷᠠᠭᠤᠯᠵᠤ ᠪᠠᠶᠢᠬᠤ ᠪᠤᠢ ᠂ ᠰᠡᠳᠬᠢᠬᠦᠢ ᠂ ᠬᠦᠮᠦᠨ ᠬᠦᠮᠦᠨ  ᠦ ᠵᠦᠷᠢᠶᠡᠨ ᠰᠡᠳᠬᠢᠬᠦᠢ  ᠳᠦ ᠪᠤᠢ ᠂ ᠵᠤᠬᠢᠶᠠᠯ  ᠤᠨ ᠰᠠᠶᠢᠨ ᠪᠤᠶᠤ ᠰᠠᠭᠠᠷ ᠴᠤ ᠲᠡᠶᠢᠮᠦ ᠂ ᠤᠷᠠᠨ ᠰᠡᠳᠬᠢᠬᠦ ᠂ ᠳᠦᠷᠰᠦᠯᠢᠭ ᠰᠡᠳᠬᠢᠮᠵᠢᠯᠡᠬᠦ ᠡᠰᠡᠬᠦ ᠲᠠᠢ ᠬᠤᠯᠪᠤᠭᠳᠠᠨ᠎ᠠ ᠃ ᠬᠠᠷᠬᠢᠰ ᠬᠠᠭᠠᠨ  ᠢ ᠲᠡᠷᠡ ᠮᠠᠶ᠋ᠢᠭ  ᠢᠶᠠᠷ ᠨᠢ ᠬᠠᠭᠤᠯᠵᠤ ᠵᠢᠷᠤᠭᠰᠠᠨ ᠨᠢ ᠠᠯᠠᠭᠳᠠᠵᠤ ᠂ ᠤᠷᠠᠯᠠᠵᠤ ᠢᠯᠡᠳᠭᠡᠭᠰᠡᠨ ᠨᠢ ᠱᠠᠩᠨᠠᠭᠳᠠᠵᠤ ᠪᠤᠢ ᠃       
    ᠪᠠᠪᠤᠤ  ᠶᠢᠨ ᡀᠬᠠᠪᠠᠰᠦ᠋ᠷᠦᠩ ᠂ ᠨᠠᠷᠠ  ᠶᠢ ᠰᠢᠯᠦᠭᠯᠡᠬᠦ  ᠳᠦ  ᠪᠡᠨ ᠄       
     ︽ ᠦᠭᠬᠢᠶᠡᠵᠢᠲᠦ ᠶᠡᠬᠡ ᠭᠡᠷᠡᠯ  ᠢᠶᠡᠷ  ᠢᠶᠡᠨ ᠳᠡᠯᠡᠬᠡᠢ  ᠶᠢ ᠢᠯᠢᠭᠰᠡᠨ ᠬᠠᠯᠠᠭᠤᠨ ᠠᠯᠠᠭ᠎ᠠ       
      ᠦᠭᠡᠳᠡ  ᠡᠴᠡ  ᠪᠡᠨ ᠬᠠᠷᠠᠭᠰᠠᠨ ᠪᠦᠬᠦᠨ  ᠢ ᠳᠠᠯᠳᠠᠷᠢᠭᠠᠭᠰᠠᠨ ᠬᠤᠷᠴᠠ ᠤᠯᠠᠭᠠᠨ ᠨᠢᠳᠦᠨ 

 
   
    
      ᠶᠢᠰᠦᠨ ᠳᠡᠭᠳᠡᠭᠡᠬᠡᠢ ᠳᠠᠭᠠᠭᠤᠯᠤᠭᠰᠠᠨ ᠲᠡᠭᠷᠢ  ᠶᠢᠨ ᠠᠯᠲᠠᠨ ᠠᠩᠭᠢᠷ ︾ ᠭᠡᠰᠡᠨ ᠪᠠᠶᠢᠨ᠎ᠠ ᠃ ᠡᠵᠢ ᠠᠪᠤ  ᠶᠢ  ᠪᠡᠨ ᠄ ︽ ᠰᠦ᠋ ᠳᠡᠪᠢᠰᠴᠦ ᠲᠤᠰᠤᠭᠰᠠᠨ ᠬᠤᠶᠠᠷ ᠬᠠᠯᠠᠭᠤᠨ ᠠᠭᠤᠯᠠ ︾ ᠭᠡᠵᠦ ᠳᠦᠷᠰᠦᠯᠢᠭ ᠪᠢᠴᠢᠭᠯᠡᠵᠦ ᠪᠤᠢ ᠃ ᠢᠩᠭᠢᠵᠦ ᠭᠤᠸ᠎ᠠ ᠲᠠᠭᠠᠰᠢᠶᠠᠯ ᠬᠦᠷᠲᠡᠭᠡᠵᠦ ᠪᠠᠶᠢᠬᠤ  ᠶᠢᠨ ᠤᠴᠢᠷ ᠨᠢ ᠤᠷᠠᠨ ᠰᠡᠳᠬᠢᠮᠵᠢ  ᠳᠦ  ᠪᠡᠨ ᠪᠤᠢ ᠃      
    ᠵᠤᠬᠢᠶᠠᠯᠴᠢ ᠤᠰᠤᠨᠪᠤᠳᠤᠭ ᠤᠨ ︽ ᠴᠡᠭᠡᠷ ᠶᠤᠰᠤᠨ ︾ ᠭᠡᠬᠦ ᠰᠢᠯᠦᠭ ᠲᠦ ᠄ ︽ᠵᠠᠭᠤᠨ ᠬᠤᠨᠢ ᠬᠠᠷᠢᠭᠤᠯᠳᠠᠭ ᠠᠭᠰᠠᠨ  ᠠᠴᠠ  ᠪᠠᠨ /ᠮᠢᠩᠭᠠᠨ ᠭᠤᠨᠢᠭ ᠬᠠᠷᠢᠭᠤᠯᠳᠠᠭ ᠪᠤᠯᠵᠤ ︾ ᠭᠡᠵᠦ ᠬᠤᠨᠢᠴᠢᠨ ᠠᠪᠤ  ᠶᠢᠨ  ᠢᠶᠡᠨ ᠵᠠᠭᠤᠨ ᠬᠤᠨᠢ  ᠪᠠᠨ ᠬᠠᠷᠢᠭᠤᠯᠵᠤ ᠪᠠᠶᠢᠭᠰᠠᠨ  ᠠᠴᠠ  ᠪᠠᠨ ᠵᠠᠭᠤᠨ ᠬᠤᠨᠢ  ᠪᠠᠨ ᠬᠤᠷᠢᠭᠤᠯᠵᠤ ᠂ ᠬᠠᠰᠢᠶᠠᠯᠠᠭᠤᠯᠵᠤ ᠂ ᠵᠤᠪᠠᠵᠤ ᠶᠠᠪᠤᠬᠤ  ᠶᠢ ︽ ᠮᠢᠩᠭᠠᠨ ᠭᠤᠨᠢᠭ ᠬᠠᠷᠢᠭᠤᠯᠳᠠᠭ ᠪᠤᠯᠵᠤ ︾ ᠬᠡᠮᠡᠨ ᠤᠷᠠᠨ ᠨᠠᠷᠢᠨ ᠰᠡᠳᠬᠢᠭᠰᠡᠨ  ᠢ ᠬᠠᠷᠠᠬᠤ ᠦᠭᠡᠢ ᠦᠦ ᠃      
    ᠮᠤᠩᠭᠤᠯ ᠤᠯᠤᠰ  ᠤᠨ ᠴ᠂ ᠰᠤᠳᠨᠠᠮᠳᠤᠷᠵᠢ  ᠶᠢᠨ ᠵᠤᠬᠢᠶᠠᠭᠰᠠᠨ ︽ ᠨᠤᠲᠤᠭ  ᠤᠨ ᠰᠠᠶᠢᠬᠠᠨ ᠪᠡᠷᠢ ︾ ᠭᠡᠬᠦ ᠳᠠᠭᠤᠤ  ᠶᠢᠨ ᠰᠢᠯᠦᠭ  ᠲᠦ ᠄ ︽ ᠵᠢᠰᠦᠨ  ᠦ ᠬᠢᠨᠢ ᠰᠠᠶᠢᠬᠠᠨ  ᠳᠤ ᠵᠡᠭᠦᠦ ᠰᠦᠪᠡᠯᠡᠮᠡᠷ ᠡ /ᠵᠦᠢᠷ ᠦᠭᠡᠢ ᠤᠷᠠᠨ  ᠳᠤ ᠨᠢ ᠨᠢᠳᠦ ᠤᠨᠠᠮᠠᠷ ᠡ ︾ ᠭᠡᠰᠡᠨ ᠪᠠᠶᠢᠨ᠎ᠠ ᠂ ᠲᠡᠷᠡ ᠪᠡᠷᠢ  ᠶᠢ ᠡᠶᠢᠮᠦ ᠰᠠᠶᠢᠬᠠᠨ ᠂ ᠲᠡᠶᠢᠮᠦ ᠭᠤᠶᠤ ᠭᠡᠵᠦ ᠡᠷᠭᠦᠯ ᠦᠭᠡᠢ ︽ ᠵᠡᠭᠦᠦ ᠰᠦᠪᠡᠯᠡᠮᠡᠷ ᠡ ︾ ᠭᠡᠵᠦ ᠭᠡᠭᠡ ᠴᠠᠭᠠᠬᠠᠨ ᠂ ᠭᠡᠷᠡᠯ ᠲᠠᠲᠠᠭᠰᠠᠨ  ᠢ ᠨᠢ ᠦᠵᠡᠭᠦᠯᠵᠦ ᠳᠡᠶᠢᠯᠪᠡ ᠂ ︽ ᠨᠢᠳᠦ ᠤᠨᠠᠮᠠᠷ ᠡ ︾ ᠭᠡᠵᠦ ᠵᠦᠢᠷᠯᠡᠰᠢ ᠦᠭᠡᠢ ᠤᠷᠠᠨ  ᠢ ᠨᠢ ᠲᠤᠳᠤᠷᠠᠭᠤᠯᠵᠤ ᠴᠢᠳᠠᠪᠠ ᠃     
    ᠬᠤᠯᠠᠨᠳ᠋ ᠤᠯᠤᠰ  ᠤᠨ ᠶᠡᠬᠡ ᠵᠢᠷᠤᠭᠠᠴᠢ ᠂ ᠮᠡᠳᠡᠷᠡᠯ  ᠦᠨ ᠡᠪᠡᠳᠴᠢᠨ ᠲᠠᠢ ᠹᠠᠨ ᠭᠤᠤ  ᠶᠢᠨ ᠤᠷᠠᠨ ᠵᠢᠷᠤᠭ ᠶᠡᠬᠡᠲᠡ ᠠᠯᠳᠠᠷᠰᠢᠪᠠ ᠃ ᠲᠡᠭᠦᠨ  ᠦ ᠬᠠᠷᠠᠭᠠᠨ  ᠳᠤ ᠶᠠᠭᠤ ᠪᠦᠬᠦᠨ ᠭᠡᠷᠡᠯ ᠰᠠᠴᠤᠷᠠᠵᠤ ᠪᠠᠶᠢᠬᠤ  ᠪᠠᠷ ᠬᠠᠷᠠᠭᠳᠠᠨ᠎ᠠ ᠂ ᠶᠠᠭᠤ ᠪᠦᠬᠦᠨ ᠳᠦᠷᠡᠯᠵᠡᠵᠦ ᠪᠠᠶᠢᠮᠠᠷ ᠂ ᠦᠩᠭᠡ ᠪᠤᠳᠤᠭ ᠲᠠᠢ ᠬᠠᠷᠠᠭᠳᠠᠳᠠᠭ  ᠠᠴᠠ ᠲᠡᠭᠦᠨ  ᠦ ᠤᠭᠲᠠᠷᠭᠤᠢ  ᠶᠢ ᠵᠢᠷᠤᠭᠰᠠᠨ ᠡᠯᠳᠡᠪ ᠦᠩᠭᠡᠲᠦ ᠵᠢᠷᠤᠭ ᠨᠢ ᠠᠯᠳᠠᠷᠰᠢᠭᠰᠠᠨ ᠭᠡᠨ᠎ᠡ ᠂ ᠡᠨᠡ ᠨᠢ ᠲᠡᠭᠦᠨ  ᠦ ᠪᠤᠰᠤᠳ  ᠠᠴᠠ ᠤᠨᠴᠠᠭᠠᠢ ᠰᠡᠷᠡᠯ ᠲᠠᠢ ᠂ ᠬᠤᠷᠴᠠ ᠮᠡᠳᠡᠷᠡᠮᠵᠢ  ᠡᠴᠡ ᠪᠤᠯᠤᠭᠰᠠᠨ ᠶᠤᠮ ᠃ ᠵᠢᠷᠤᠭ ᠴᠤ ᠭᠡᠰᠡᠨ ᠂ ᠵᠤᠬᠢᠶᠠᠯ ᠴᠤ ᠭᠡᠰᠡᠨ ᠠᠮᠢᠳᠤᠷᠠᠯ ᠂ ᠦᠵᠡᠭᠳᠡᠯ  ᠢ ᠲᠡᠷᠡ ᠮᠠᠶ᠋ᠢᠭ  ᠢᠶᠠᠷ ᠨᠢ ᠴᠤᠯᠭᠤᠢ ᠬᠡᠪᠰᠢᠮᠡᠯ ᠬᠠᠭᠤᠯᠵᠤ ᠰᠡᠭᠦᠳᠡᠷᠯᠡᠬᠦ ᠪᠢᠰᠢ ᠂ ᠰᠡᠷᠡᠯ  ᠢᠶᠡᠨ ᠴᠢᠯᠦᠭᠡᠯᠡᠵᠦ ᠂ ᠂ ᠰᠡᠷᠡᠯᠵᠢᠭᠦᠯᠵᠦ ᠪᠢᠴᠢᠨ᠎ᠡ ᠂ ᠳᠠᠷᠤᠢ ᠬᠤᠷᠴᠠ ᠰᠡᠷᠡᠯ  ᠂ ᠲᠤᠷᠭᠠᠨ ᠮᠡᠳᠡᠷᠡᠮᠵᠢ ᠲᠠᠢ ᠵᠢᠷᠤᠭᠯᠠᠨ᠎ᠠ ᠂ ᠲᠡᠭᠡᠪᠡᠯ ᠰᠠᠶ᠋ᠢ ᠤᠷᠠᠨ ᠳᠦᠷᠰᠦᠯᠢᠭ ᠂ ᠵᠢᠩᠬᠢᠨᠢ ᠤᠷᠠᠯᠢᠭ ᠪᠤᠯᠵᠤ ᠠᠮᠲᠠᠷᠬᠠᠭᠳᠠᠨ᠎ᠠ ᠃     
    ᠪᠢᠳᠡ ᠵᠠᠷᠤᠳ ᠪᠠᠷ ᠵᠢᠷᠤᠭᠴᠢᠨ ᠬᠠᠨ ᠳᠠᠶᠢᠴᠢᠨ  ᠤ ᠵᠢᠷᠤᠭ  ᠢ ᠰᠤᠨᠢᠷᠬᠠᠪᠠᠯ ᠮᠡᠳᠡᠵᠦ ᠪᠤᠯᠤᠨ᠎ᠠ ᠃ ᠲᠡᠭᠦᠨ  ᠦ ᠵᠠᠷᠤᠳ ᠠᠯᠳᠠᠷᠲᠤ ᠬᠤᠭᠤᠷᠴᠢ ᠨᠠᠷ  ᠢ ᠵᠢᠷᠤᠭᠰᠠᠨ ᠵᠢᠷᠤᠭ  ᠲᠤ ᠂ ᠲᠡᠷᠡ ᠬᠤᠭᠤᠷᠴᠢ  ᠶᠢᠨ ᠭᠤᠤᠯ ᠤᠨᠴᠠᠯᠢᠭ ᠂ ᠦᠪᠡᠷᠮᠢᠴᠡ ᠰᠢᠨᠵᠢ  ᠶᠢ ᠲᠤᠪᠤᠶᠢᠯᠭᠠᠵᠤ ᠂ ᠦᠯᠡᠳᠡᠭᠡ  ᠶᠢ ᠨᠢ ᠬᠤᠪᠢᠷᠠᠭᠠᠵᠤ ᠵᠢᠷᠤᠳᠠᠭ ᠂ ᠮᠡᠳᠡᠷᠡᠮᠵᠢ  ᠪᠡᠷ  ᠢᠶᠡᠨ ᠵᠢᠷᠤᠳᠠᠭ ᠂ ᠭᠡᠯ᠎ᠡ ᠴᠤ ᠠᠯᠢ ᠬᠤᠭᠤᠷᠴᠢ ᠭᠡᠳᠡᠭ  ᠢ ᠦᠵᠡᠮᠡᠭᠴᠡ ᠢᠯᠭᠠᠨ ᠲᠠᠨᠢᠵᠤ ᠳᠡᠶᠢᠯᠦᠨ᠎ᠡ ᠃ ᠡᠨᠡ ᠳᠠᠷᠤᠢ ᠰᠡᠷᠡᠯ ᠂ ᠤᠨᠴᠠᠭᠠᠢ ᠰᠡᠳᠬᠢᠮᠵᠢ  ᠶᠢᠨ ᠢᠯᠭᠠᠭ᠎ᠠ ᠶᠤᠮ ᠃ ᠲᠡᠭᠦᠨ  ᠦ ︽ ᠲᠦᠮᠡᠨ ᠠᠭᠲᠠ  ᠶᠢᠨ ᠲᠦᠪᠡᠷᠭᠡᠨ ︾ ᠭᠡᠬᠦ ᠵᠢᠷᠤᠭ  ᠢ ᠰᠤᠨᠢᠷᠬᠠᠬᠤ  ᠳᠤ ᠂ ᠬᠦᠮᠦᠨ ᠰᠢᠭ ᠪᠤᠰᠤᠭ᠎ᠠ ᠂ ᠬᠦᠪᠴᠢ ᠠᠳᠬᠤᠭᠰᠠᠨ ᠭᠠᠷ ᠲᠠᠢ ᠰᠡᠶᠢᠯᠦᠭᠰᠡᠨ ᠴᠤ ᠂ ᠬᠦᠯᠦᠭ ᠮᠤᠷᠢᠨ  ᠤ ᠬᠦᠵᠦᠭᠦᠦ ᠲᠤᠯᠤᠭᠠᠢ ᠲᠠᠢ ᠪᠤᠯᠵᠤ ᠂ ᠳᠠᠬᠢᠨ ᠨᠠᠷᠢᠨ ᠠᠵᠢᠭᠯᠠᠪᠠᠯ ᠮᠤᠷᠢᠨ ᠬᠤᠭᠤᠷ ᠪᠤᠯᠵᠤ ᠭᠠᠶᠢᠬᠠᠭᠳᠠᠨ᠎ᠠ ᠂ ᠡᠭᠦᠨ  ᠢ ᠰᠡᠷᠡᠯᠵᠢᠭᠦᠯᠵᠦ ᠵᠢᠷᠤᠵᠤ ᠪᠠᠶᠢᠨ᠎ᠠ ᠭᠡᠵᠦ ᠤᠬᠠᠵᠤ ᠂ ᠲᠠᠭᠠᠰᠢᠶᠠᠵᠤ ᠪᠤᠯᠤᠨ᠎ᠠ ᠂ ᠡᠨᠡ ᠰᠠᠶ᠋ᠢ ᠤᠷᠠᠯᠢᠭ ᠂ ᠰᠡᠷᠡᠯ ᠮᠡᠳᠡᠷᠡᠮᠵᠢ  ᠡᠴᠡ ᠤᠷᠭᠤᠭᠰᠠᠨ ᠂ ᠪᠢᠯᠢᠭ ᠤᠷᠤᠰᠢᠵᠤ ᠤᠩᠭᠤᠳ ᠪᠠᠭᠤᠭᠰᠠᠨ ᠠᠮᠢᠳᠤ ᠤᠷᠠᠯᠢᠭ ᠪᠠᠶᠢᠨᠠᠮ ᠡ ᠃     
    ᠲᠡᠶᠢᠮᠦ  ᠪᠡᠷ  ᠢᠶᠡᠨ ᠰᠢᠯᠦᠭ ᠮᠦᠰᠬᠢᠵᠦ ᠂ ᠵᠤᠬᠢᠶᠠᠯ ᠨᠠᠶᠢᠷᠠᠬᠤ  ᠳᠤ  ᠪᠠᠨ ᠤᠷᠠᠨ  ᠢᠶᠠᠷ ᠰᠡᠳᠬᠢᠵᠦ ᠂ ᠳᠦᠷᠰᠦᠯᠢᠭ  ᠢᠶᠡᠷ ᠢᠯᠡᠳᠭᠡᠵᠦ ᠂ ᠰᠡᠷᠡᠯᠵᠢᠭᠦᠯᠵᠦ ᠪᠢᠴᠢᠭᠯᠡᠪᠡᠯ ᠰᠠᠶ᠋ᠢ ᠤᠷᠠᠯᠢᠭ  ᠤᠨ ᠲᠠᠲᠠᠬᠤ ᠬᠦᠴᠦᠨ ᠲᠠᠢ ᠪᠦᠲᠦᠭᠡᠯ ᠪᠤᠯᠵᠤ ᠳᠡᠶᠢᠯᠳᠡᠭ ᠃     
       
          
            
                 
                   
                      
  



  
     
     