 

ᠬᠡᠲᠤᠷᠬᠡᠢ ᠶᠠᠳᠠᠷᠠᠭᠠᠳ ᠲᠡᠷᠭᠡ ᠵᠢᠯᠤᠭᠤᠳᠴᠤ ᠬᠦᠨᠲᠤ ᠶᠡᠭᠡ ᠵᠠᠮ ᠬᠠᠷᠢᠯᠴᠠᠭᠠᠨ ᠤ ᠤᠰᠤᠯ ᠭᠠᠷᠭᠠᠪᠠᠯ ᠶᠠᠯ᠎ᠠ ᠨᠡᠬᠡᠮᠵᠢᠯᠡᠬᠦ ᠡᠰᠡᠭᠦ

2017-01-11 21:41
  612
  0
ᠤᠷᠴᠢᠮ ᠳᠤ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠨᠢ ᠨᠢᠭᠡᠨ ᠵᠠᠮ ᠬᠠᠷᠢᠯᠴᠠᠭᠠᠨ ᠤ ᠤᠰᠤᠯ ᠤᠨ ᠬᠡᠷᠡᠭ ᠢ ᠰᠢᠬᠦᠨ ᠲᠠᠭᠤᠰᠠᠬᠵᠤ᠂ ᠼᠠᠢ ᠤᠪᠤᠭᠲᠠᠨ ᠢ ᠵᠠᠮ ᠬᠠᠷᠢᠯᠴᠠᠭᠠᠨ ᠤ ᠤᠰᠤᠯ ᠭᠠᠷᠭᠠᠭᠰᠠᠨ ᠶᠠᠯ᠎ᠠ ᠪᠠᠷ ᠨᠢᠭᠡ ᠵᠢᠯ  ᠤᠨ ᠬᠤᠭᠤᠴᠠᠭ᠎ᠠ ᠲᠠᠢ᠂ ᠬᠤᠶᠠᠷ ᠵᠢᠯ ᠬᠤᠶᠢᠰᠢᠯᠠᠭᠤᠯᠤᠨ ᠬᠡᠷᠡᠭᠵᠢᠭᠦᠯᠭᠦ ᠪᠠᠷ ᠰᠢᠳᠬᠡᠪᠡ᠃

  ᠰᠢᠬᠦᠬᠦ ᠬᠤᠷᠢᠶ᠎ᠠ ᠶᠢᠨ ᠪᠠᠶᠢᠴᠠᠭᠠᠨ ᠲᠤᠲᠤᠯᠠᠭᠰᠠᠨ ᠪᠤᠲᠠᠳᠤ ᠭᠡᠷᠡᠭ ᠨᠢ᠂2015 ᠤᠨ ᠤ 8 ᠰᠡᠷ᠎ᠡ ᠶᠢᠨ 2  ᠤᠨ ᠡᠳᠦᠷ᠂ ᠵᠠᠭᠠᠯᠳᠤᠭᠳᠠᠭᠴᠢ ᠼᠠᠢ ᠤᠪᠤᠭᠲᠤ ᠦᠪᠡᠷ ᠤᠨ ᠮᠧᠩ D××51 ᠨᠤᠮᠧᠷ ᠤᠨ ᠮᠠᠰᠢᠨ ᠲᠡᠷᠭᠡ ᠪᠠᠨ 6 ᠴᠠᠭ ᠦᠷᠭᠦᠯᠵᠢᠯᠡᠨ ᠵᠢᠯᠤᠭᠤᠳᠤᠭᠠᠳ᠂ G219 ᠵᠠᠮ ᠢᠶᠠᠷ ᠵᠡᠭᠦᠨ ᠠᠴᠠ ᠪᠠᠷᠠᠭᠤᠨᠰᠢ ᠶᠠᠪᠤᠵᠤ᠂ 70 ᠺᠢᠯᠤᠮᠧᠲ᠋ᠷ+492.8 ᠮᠧᠲ᠋ᠷ  ᠲᠠᠬᠢ ᠮᠤᠷᠤᠢ ᠵᠠᠮ ᠬᠦᠷᠬᠦ ᠦᠶᠡᠰ  ᠲᠤ᠂ ᠬᠡᠲᠤᠷᠭᠡᠢ ᠶᠠᠳᠠᠷᠠᠭᠰᠠᠨ ᠠᠴᠠ ᠡᠵᠡᠮᠰᠢᠯ ᠵᠢᠨᠨ ‌ᠠᠯᠳᠠᠵᠤ ᠲᠡᠷᠭᠡ ᠨᠢ ᠬᠦᠷᠪᠡᠵᠡᠢ᠃ ᠲᠡᠷᠭᠡᠨ ᠵᠢᠯᠤᠭᠤᠴᠢ ᠶᠢᠨ ᠬᠠᠵᠠᠭᠤ ᠶᠢᠨ ᠰᠠᠭᠤᠳᠠᠯ ᠲᠡᠭᠡᠷ᠎ᠡ ᠰᠠᠭᠤᠵᠤ ᠪᠠᠶᠢᠭᠰᠠᠨ ᠸᠠᠩ ᠤᠪᠤᠭᠲᠤ ᠰᠢᠷᠬᠠᠳᠤᠭᠠᠳ ᠪᠠᠴᠢᠮ ᠠᠪᠤᠷᠠᠯᠲᠠ ᠠᠪᠤᠭᠰᠠᠨ ᠪᠤᠯᠪᠠᠴᠤ ᠲᠤᠰᠠ ᠪᠤᠯᠤᠭᠰᠠᠨ ᠦᠭᠡᠢ ᠡᠨᠳᠡᠵᠠᠢ᠃ ᠼᠠᠢ ᠤᠪᠤᠭᠲᠤ ᠬᠡᠲᠤᠷᠭᠡᠢ ᠶᠠᠳᠠᠷᠠᠭᠰᠠᠨ ᠠᠴᠠ ᠲᠡᠷᠭᠡ ᠵᠢᠯᠤᠭᠤᠳᠤᠭᠰᠠᠨ ᠨᠢ ᠲᠤᠰ ᠤᠳᠠᠭᠠᠨ ᠤ ᠤᠰᠤᠯ ᠭᠠᠷᠤᠭᠰᠠᠨ ᠤ ᠭᠤᠤᠯ ᠰᠢᠯᠲᠠᠭᠠᠨ ᠪᠤᠯᠬᠤᠷ ᠼᠠᠢ ᠤᠪᠤᠭᠲᠤ ᠲᠤᠰ ᠬᠡᠷᠡᠭ ᠲᠤ ᠪᠦᠬᠦ ᠬᠠᠷᠢᠭᠤᠴᠠᠯᠭ᠎ᠠ ᠶᠢ ᠡᠭᠦᠷᠭᠡᠯᠡᠬᠦ ᠬᠡᠷᠡᠭᠲᠡᠢ ᠬᠡᠵᠡᠢ᠃ ᠵᠠᠷᠭᠤ  ᠶᠢᠨ ᠶᠠᠪᠤᠴᠠ ᠳᠤ᠂ ᠵᠠᠭᠠᠯᠳᠤᠭᠳᠠᠭᠴᠢ ᠼᠠᠢ ᠤᠪᠤᠭᠲᠤ ᠨᠢ ᠡᠷᠡᠭᠦᠦ ᠶᠢᠨ ᠬᠡᠷᠡᠭ ᠲᠠᠭᠠᠯᠳᠤᠭᠰᠠᠨ‌ᠢᠷᠭᠡᠨ ᠤ ᠬᠡᠷᠡᠭ  ᠤᠨ ᠵᠠᠭᠠᠯᠳᠤᠭᠴᠢ ᠲᠠᠢ ᠰᠠᠶᠢᠨ ᠲᠤᠷ᠎ᠡ ᠠᠴᠠ ᠪᠠᠨ ᠬᠡᠯᠡᠯᠴᠡᠭᠡᠷ ᠲᠤᠭᠲᠠᠵᠤ᠂ ᠵᠠᠭᠠᠯᠳᠤᠭᠳᠠᠭᠴᠢ ᠼᠠᠢ ᠤᠪᠤᠭᠲᠤ ᠨᠢ ᠬᠤᠤᠷ ᠠᠮᠰᠠᠭᠴᠢ ᠶᠢᠨ ᠭᠡᠷ᠎ ᠪᠦᠯᠢ ᠳᠤ 530000 ᠲᠦᠭᠦᠷᠢᠭ᠌ ᠤᠨ ᠲᠦᠯᠦᠪᠦᠷᠢ ᠶᠢ ᠨᠢᠭᠡᠯᠡ ᠲᠤᠤᠷ᠎ᠠ ᠦᠭᠴᠤ ᠲᠠᠭᠤᠰᠬᠠᠵᠠᠢ᠃ ᠠᠷᠠᠳ ᠤᠨ ᠰᠢᠬᠦᠬᠦ ᠬᠤᠷᠢᠶ᠎ᠠ ᠲᠡᠭᠦᠨ ᠤ ᠶᠠᠯ᠎ᠠ ᠪᠠᠨ ᠮᠡᠳᠡᠷᠡᠭᠰᠡᠨ ᠤᠪᠤᠷ ᠨᠢ ᠰᠠᠶᠢᠨ᠂ ᠤᠬᠠᠮᠰᠠᠷ ᠡᠴᠡ ᠪᠠᠨ ᠬᠤᠤᠷ ᠠᠮᠰᠠᠭᠴᠢ ᠶᠢᠨ ᠭᠡᠷ ᠪᠦᠯᠢ ᠳᠤ ᠬᠤᠬᠢᠷᠠᠯ  ᠢ ᠨᠢ ᠲᠦᠯᠦᠭᠰᠡᠨ᠂ ᠠᠩᠬ᠎ᠠ ᠤᠳᠠᠭ᠎ᠠ ᠶᠠᠯ᠎ᠠ ᠬᠢᠭ᠍ᠰᠡᠨ ᠵᠡᠷᠭᠡ ᠪᠠᠶᠢᠲᠠᠯ  ᠢ ᠪᠤᠳᠤᠯᠬᠢᠯᠠᠵᠤ᠂ ᠼᠠᠢ ᠤᠪᠤᠭᠲᠤ ᠶᠢ ᠲᠡᠭᠡᠷᠡᠬᠢ ᠮᠡᠲᠤ ᠬᠦᠩᠭᠡᠨ ᠢᠶᠠᠷ ᠰᠢᠳᠬᠡᠵᠡᠢ᠃

  ᠬᠠᠤᠯᠢ ᠴᠠᠭᠠᠵᠠ ᠶᠢᠨ ᠦᠨᠳᠤᠰᠤᠯᠡᠯ

  《ᠪᠦᠬᠦᠲᠡ ᠨᠠᠶᠢᠷᠠᠮᠳᠠᠬᠤ ᠲᠤᠮᠲᠠᠲᠤ ᠠᠷᠠᠳ ᠤᠯᠤᠰ ᠤᠨ ᠡᠷᠡᠭᠦᠦ ᠶᠢᠨ ᠬᠠᠤᠯᠢ》 ᠵᠢᠨ ᠵᠠᠭᠤ ᠭᠤᠴᠢᠨ ᠭᠤᠷᠪᠠᠳᠤᠭᠠᠷ ᠵᠦᠢᠯ ᠳᠤ 《ᠵᠠᠮ ᠬᠠᠷᠢᠯᠴᠠᠭᠠᠨ ᠤ ᠲᠡᠭᠡᠭᠡᠪᠦᠷᠢ ᠶᠢᠨ ᠬᠠᠮᠢᠶᠠᠷᠤᠯᠲᠠ ᠶᠢᠨ ᠬᠠᠤᠯᠢ ᠲᠤᠭᠲᠠᠭᠠᠯ ᠢ ᠵᠦᠷᠢᠴᠡᠭᠰᠡᠨ ᠠᠴᠠ ᠪᠤᠯᠵᠤ ᠬᠦᠨᠲᠤ ᠶᠡᠭᠡ ᠤᠰᠤᠯ ᠭᠠᠷᠭᠠᠵᠤ᠂ ᠬᠦᠮᠦᠨ ᠢ ᠬᠦᠨᠲᠤ ᠰᠢᠷᠬᠠᠳᠤᠭᠤᠯᠤᠭᠰᠠᠨ᠂ ᠦᠬᠦᠭᠦᠯᠦᠭᠰᠡᠨ ᠪᠤᠶᠤ ᠠᠯᠪᠠᠨ ᠤ ᠪᠠ ᠬᠤᠪᠢ ᠶᠢᠨ ᠡᠳ᠋ ᠬᠦᠷᠦᠩᠭᠡ ᠳᠤ ᠬᠦᠨᠲᠤ ᠶᠡᠭᠡ ᠬᠤᠬᠢᠷᠠᠯ ᠤᠴᠠᠷᠠᠭᠤᠯᠤᠭᠰᠠᠨ ᠪᠠᠶᠢᠪᠠᠯ ᠭᠤᠷᠪᠠᠨ ᠵᠢᠯ ᠠᠴᠠ ᠲᠤᠷᠤᠭᠰᠢ ᠬᠤᠭᠤᠴᠠᠭ᠎ᠠ ᠲᠠᠢ ᠬᠤᠷᠢᠬᠤ ᠪᠤᠶᠤ ᠬᠤᠷᠢᠵᠤ ᠬᠦᠳᠡᠯᠮᠤᠷᠢᠯᠡᠷᠬᠦᠯᠬᠦ ᠪᠠᠷ ᠰᠢᠳᠭᠡᠨ᠎ᠡ᠃ ᠵᠠᠮ ᠬᠠᠷᠢᠯᠴᠠᠭᠠᠨ ᠤ ᠲᠡᠭᠡᠭᠡᠪᠦᠷᠢ ᠶᠢᠨ ᠤᠰᠤᠯ ᠭᠠᠷᠭᠠᠭᠰᠠᠨ ᠤ ᠲᠠᠷᠠᠭ᠎ᠠ ᠲᠤᠲᠠᠭᠠᠵᠤ ᠵᠠᠶᠢᠯᠠᠭᠰᠠᠨ ᠪᠤᠶᠤ ᠪᠤᠰᠤᠳ ᠤᠨᠴᠠᠭᠠᠢ ᠬᠠᠷ᠎ᠠ ᠬᠤᠤᠷᠲᠠᠢ ᠤᠶᠢᠯᠠ ᠪᠠᠶᠢᠳᠠᠯ ᠲᠠᠢ ᠪᠠᠶᠢᠪᠠᠯ ᠭᠤᠷᠪᠠᠨ ᠵᠢᠯ ᠠᠴᠠ ᠲᠡᠭᠡᠭ᠍ᠰᠢ ᠲᠤᠯᠤᠭᠠᠨ ᠵᠢᠯ ᠠᠴᠠ ᠳᠤᠷᠤᠭᠰᠢ ᠬᠤᠭᠤᠴᠠᠭ᠎ᠠ ᠲᠠᠢ ᠬᠤᠷᠢᠬᠤ ᠪᠠᠷ ᠰᠢᠳᠭᠡᠨ᠎ᠡ᠃ ᠲᠤᠳᠠᠭᠠᠵᠤ ᠵᠠᠶᠢᠯᠠᠭᠠᠳ ᠬᠦᠮᠦᠨ ᠢ ᠦᠬᠦᠬᠦᠯᠦᠭᠰᠡᠨ ᠪᠠᠶᠢᠪᠠᠯ ᠲᠤᠯᠤᠭᠠᠨ ᠵᠢᠯ ᠠᠴᠠ ᠲᠡᠭᠡᠭ᠍ᠰᠢ ᠬᠤᠭᠤᠴᠠᠭ᠎ᠠ ᠲᠠᠢ ᠬᠤᠷᠢᠬᠤ ᠪᠠᠷ ᠰᠢᠳᠬᠡᠨ᠎ᠡ 》 ᠬᠡᠵᠤ ᠲᠤᠭᠲᠠᠭᠠᠵᠠᠢ᠃ ᠲᠤᠰ ᠬᠡᠷᠡᠭ  ᠲᠤ ᠼᠠᠢ ᠤᠪᠤᠭᠲᠤ  ᠶᠢᠨ ᠤᠶᠢᠯᠠ ᠠᠵᠢᠯᠯᠠᠭ᠎ᠠ ᠨᠢ ᠵᠠᠮ ᠬᠠᠷᠢᠯᠴᠠᠭᠠᠨ ᠤ ᠲᠡᠭᠡᠭᠡᠪᠦᠷᠢ ᠶᠢᠨ ᠬᠠᠮᠢᠶᠠᠷᠤᠯᠲᠠ ᠶᠢᠨ ᠬᠠᠤᠯᠢ ᠲᠤᠭᠲᠠᠭᠠᠯ ᠢ ᠵᠦᠷᠢᠴᠡᠭᠰᠡᠨ ᠠᠴᠠ ᠪᠤᠯᠵᠤ ᠬᠦᠨᠲᠤ ᠶᠡᠭᠡ ᠤᠰᠤᠯ ᠭᠠᠷᠭᠠᠵᠤ᠂ ᠬᠦᠮᠦᠨ ᠢ ᠦᠬᠦᠭᠦᠯᠦᠭᠰᠡᠨ ᠳᠤ ᠲᠤᠭᠠᠴᠢᠭᠲᠠᠬᠤ ᠲᠤᠯᠠ ᠲᠤᠰ ᠲᠤᠭᠲᠠᠭᠠᠯ  ᠢ ᠦᠨᠳᠤᠰᠤᠯᠡᠵᠤ ᠰᠢᠳᠬᠡᠪᠡ᠃

  ᠰᠤᠷᠭᠠᠮᠵᠢ᠄ ᠲᠤᠰ ᠤᠳᠠᠭᠠᠨ ᠤ ᠤᠰᠤᠯ ᠤᠨ ᠬᠡᠷᠡᠭ ᠨᠢ ᠬᠤᠤᠷ ᠠᠮᠰᠠᠭᠴᠢ ᠶᠢᠨ ᠭᠡᠷ ᠪᠦᠯᠢ ᠳᠤ ᠠᠪᠴᠤ ᠬᠡᠯᠡᠪᠡᠯ ᠬᠦᠮᠦᠨ ᠨᠢ ᠡᠨᠳᠡᠵᠤ᠂ ᠨᠢᠭᠡᠨ ᠪᠦᠷᠢᠨ ᠪᠦᠲᠦᠨ ᠭᠡᠷ ᠪᠦᠯᠢ ᠪᠤᠲᠠᠷᠠᠨ ᠰᠠᠷᠨᠢᠵᠤ ᠪᠠᠶᠢᠭ᠎ᠠ ᠬᠠᠷᠠᠰᠠᠯᠲᠤ ᠬᠡᠷᠡᠭ ᠲᠤᠯᠠ ᠲᠡᠲᠡᠨ ᠤ ᠰᠡᠳᠬᠢᠯ ᠰᠠᠨᠠᠭ᠎ᠠ᠂ ᠤᠶᠤᠨ ᠤᠬᠠᠭᠠᠨ᠂ ᠠᠵᠤ ᠠᠮᠢᠳᠤᠷᠠᠯ ᠵᠡᠷᠭᠡ ᠤᠯᠠᠨ ᠲᠠᠯ᠎ᠠ  ᠳᠤ ᠨᠢᠭᠡᠨ ᠤᠳᠠᠭ᠎ᠠ ᠶᠢᠨ ᠶᠡᠭᠡ ᠴᠤᠬᠢᠯᠲᠠ ᠪᠤᠯᠤᠨ ᠬᠦᠨᠳᠤ ᠲᠠᠷᠤᠭᠠᠰᠤ ᠶᠢ ᠠᠪᠴᠢᠷᠠᠵᠤ ᠦᠭ᠍ᠭᠦᠭ᠍ᠰᠡᠨ ᠮᠦᠷᠲᠡᠭᠡᠨ ᠨᠡᠶᠢᠭᠡᠮ‌ ᠨᠡᠶᠢᠲᠠ ᠳᠤ ᠴᠤ ᠶᠡᠭᠡ ᠨᠦᠯᠦᠭᠡ ᠭᠠᠷᠴᠤ ᠬᠦᠨ ᠰᠡᠩᠭᠡᠷᠡᠭᠦᠯᠦᠯ ᠪᠤᠯᠵᠤ ᠡᠭᠦᠨ ᠠᠴᠠ ᠬᠤᠶᠢᠰᠢ᠂ ᠲᠡᠷᠭᠡ ᠵᠢᠯᠤᠭᠤᠳᠬᠤ ᠳᠠᠭᠠᠨ ᠦᠪᠡᠷ ᠪᠤᠰᠤᠳ ᠤᠨ ᠠᠮᠤᠷ ᠲᠦᠪᠰᠢᠨ  ᠢ ᠢᠯᠡᠭᠦᠦ ᠠᠩᠬᠠᠷᠬᠤ ᠶᠢ ᠰᠡᠷᠡᠮᠵᠢᠯᠡᠭᠦᠯᠵᠡᠢ᠃ ᠡᠶᠢᠮᠤ ᠠᠴᠠ ᠪᠢᠳᠠ ᠡᠶᠢᠮᠦᠷᠬᠦ ᠬᠡᠷᠡᠭ  ᠠᠴᠠ ᠵᠠᠶᠢᠯᠠᠰᠬᠢᠬᠤ ᠶᠢᠨ ᠲᠦᠯᠦᠭᠡ ᠲᠤᠤᠷᠠᠬᠢ ᠬᠡᠳᠦᠨ ᠲᠠᠯ᠎ᠠ ᠪᠠᠷ ᠠᠩᠬᠠᠷᠬᠤ ᠴᠢᠬᠤᠯᠠᠲᠠᠢ ᠄ ᠪᠢᠲᠠ ᠦᠪᠡᠷ ᠤᠨ ᠪᠡᠶ᠎ᠡ ᠠᠴᠠ ᠪᠠᠨ ᠭᠠᠷᠳᠠᠵᠤ᠂ ᠵᠠᠮ ᠬᠠᠷᠢᠯᠴᠠᠭᠠᠨ ᠤ ᠬᠠᠮᠢᠶᠠᠷᠦᠯᠲᠠ ᠶᠢᠨ ᠬᠠᠤᠯᠢ ᠴᠠᠭᠠᠵᠠ ᠪᠤᠯᠤᠨ ᠬᠠᠮᠢᠶ᠎ᠠ ᠲᠠᠢ ᠲᠦᠷᠢᠮ ᠲᠤᠭᠲᠠᠭᠠᠯ  ᠢ ᠡᠷᠡᠰ ᠵᠢᠷᠤᠮᠯᠠᠵᠤ᠂ ᠮᠠᠰᠢᠨ ᠲᠡᠷᠭᠡᠨ ᠤ ᠵᠢᠯᠤᠭᠤᠴᠢ ᠶᠢᠨ ᠦᠨᠡᠮᠯᠡᠯ ᠦᠭᠡᠢ ᠪᠡᠷ ᠲᠡᠷᠭᠡ ᠵᠢᠯᠤᠭᠤᠳᠬᠤ ᠦᠭᠡᠢ᠂ ᠮᠠᠰᠢᠨ ᠲᠡᠷᠭᠡ ᠶᠠᠪᠤᠬᠤ ᠦᠨᠡᠮᠯᠡᠯ ᠦᠭᠡᠢ ᠲᠡᠷᠭᠡ ᠶᠢ ᠵᠢᠯᠤᠭᠤᠳᠬᠤ ᠦᠭᠡᠢ᠂ ᠲᠠᠭᠠᠳᠬᠠᠯ ᠳᠤ ᠤᠷᠤᠭᠰᠠᠨ ᠦᠭᠡᠢ ᠲᠡᠷᠭᠡ ᠶᠢ ᠵᠢᠯᠤᠭᠤᠳᠬᠤ ᠦᠭᠡᠢ᠂ ᠠᠷᠢᠬᠢ ᠪᠤᠶᠤ ᠴᠠᠭᠠᠵᠠ ᠲᠠᠢ ᠡᠮ (ᠤᠮᠲᠠᠭᠠᠨ) ᠤᠤᠭᠤᠪᠠᠯ ᠲᠡᠷᠭᠡ ᠵᠢᠯᠤᠭᠤᠳᠬᠤ ᠦᠭᠡᠢ᠂ ᠬᠡᠷᠡᠭᠰᠡᠯ ᠠᠴᠠ ᠪᠠᠨ ᠭᠠᠷᠤᠭᠰᠠᠨ ᠬᠠᠶᠠᠭᠳᠠᠮᠠᠯ ᠮᠠᠰᠢᠨ ᠲᠡᠷᠭᠡ ᠪᠤᠶᠤ ᠬᠠᠪᠰᠤᠷᠴᠤ ᠤᠭᠰᠠᠷᠠᠭᠤᠯᠤᠭᠰᠠᠨ ᠲᠡᠷᠭᠡ ᠶᠢ ᠵᠢᠯᠤᠭᠤᠳᠬᠤ ᠦᠭᠡᠢ᠂ ᠶᠠᠳᠠᠷᠠᠪᠠᠯ ᠲᠡᠷᠭᠡ ᠵᠢᠯᠤᠭᠤᠳᠬᠤ ᠦᠭᠡᠢ ᠪᠠᠶᠢᠬᠤ ᠵᠡᠷᠭᠡ ᠶᠢ ᠪᠠᠲᠤᠯᠠᠬᠤ ᠶᠢᠨ ᠬᠠᠮᠲᠤ ᠤᠰᠤᠯ ᠭᠠᠷᠪᠠᠯ ᠳᠠᠷᠦᠶᠢᠬᠠᠨ ᠬᠠᠮᠢᠶ᠎ᠠ ᠪᠦᠬᠦᠢ ᠵᠠᠮ ᠬᠠᠷᠢᠯᠴᠠᠭᠠᠨ ᠤ ᠰᠠᠯᠠᠭ᠎ᠠ ᠮᠦᠴᠢᠷ ᠪᠠ ᠲᠠᠭᠠᠳᠬᠠᠯ  ᠤᠨ ᠺᠤᠮᠫᠠᠨᠢ ᠳᠤ ᠬᠡᠷᠡᠭ ᠮᠠᠳᠡᠭᠦᠯᠵᠤ᠂ ᠠᠪᠴᠤ ᠪᠤᠯᠬᠤᠶᠢᠴᠠ ᠬᠠᠤᠯᠢ ᠳᠤ ᠨᠡᠶᠢᠴᠡᠭᠰᠡᠨ ᠪᠦᠳᠦᠮᠵᠢᠲᠠᠢ ᠠᠷᠭ᠎ᠠ ᠶᠢ ᠠᠪᠴᠤ᠂ ᠭᠡᠷᠡᠭ ᠠᠴᠠ ᠲᠤᠲᠠᠭᠠᠬᠤ ᠦᠭᠡᠢ᠂ ᠮᠡᠬᠡᠯᠡᠬᠦ ᠦᠭᠡᠢ ᠂ ᠰᠢᠷᠬᠠᠳᠤᠭᠰᠠᠳ ᠤᠨ ᠪᠡᠶ᠎ᠠ ᠮᠠᠬᠠᠪᠤᠳ ᠤᠨ ᠭᠡᠮᠳᠦᠯ ᠰᠢᠷᠬᠠᠳᠤᠯ ᠭᠠᠷᠬᠤ ᠠᠴᠠ ᠵᠠᠶᠢᠯᠠᠰᠬᠢᠵᠤ᠂ ᠤᠷᠢᠳᠠᠪᠠᠷ ᠰᠢᠷᠬᠠᠳᠤᠰᠠᠳ ᠢ ᠠᠪᠤᠷᠠᠬᠤ ᠶᠢ ᠲᠡᠷᠢᠬᠦᠨ ᠪᠠᠶᠢᠷᠢᠨ ᠳᠤ ᠲᠠᠯᠪᠢᠵᠤ᠂ ᠲᠡᠲᠡᠨ ᠤ ᠠᠮᠢ ᠨᠠᠰᠤᠨ ᠤ ᠠᠮᠤᠷ ᠲᠦᠪᠰᠢᠨ  ᠢ ᠬᠠᠮᠠᠭᠠᠯᠠᠬᠤ ᠶᠢᠨ ᠬᠠᠮᠲᠤ ᠡᠳ᠋ ᠪᠤᠳᠠᠰ ᠤᠨ ᠬᠤᠬᠢᠷᠠᠯ ᠰᠦᠢᠳᠤᠯ ᠢ ᠴᠤ ᠠᠯᠢ ᠪᠤᠯᠬᠤᠷ ᠪᠠᠭᠠᠰᠬᠠᠬᠤ ᠶᠢ ᠪᠠᠲᠤᠯᠠᠬᠤ ᠬᠡᠷᠡᠭᠲᠡᠢ᠃ 2. ᠵᠠᠮ ᠬᠠᠷᠢᠯᠴᠠᠭᠠᠨ ᠤ ᠰᠠᠯᠠᠭ᠎ᠠ ᠮᠦᠴᠢᠷ ᠨᠢ ᠬᠠᠤᠯᠢ ᠲᠦᠷᠢᠮ ᠢ ᠴᠢᠩᠭ᠎ᠠ ᠬᠡᠷᠡᠭᠵᠢᠭᠦᠯᠵᠤ᠂ ᠵᠢᠯᠤᠭᠤᠴᠢ ᠳᠤ ᠦᠷᠭᠦᠯᠵᠢ ᠬᠢᠨᠠᠯᠲᠠ ᠲᠠᠯᠪᠢᠬᠤ ᠪᠠᠨ ᠴᠢᠩᠭ᠋ᠠᠳᠬᠠᠵᠤ᠂ ᠵᠢᠯᠤᠭᠤᠴᠢ  ᠶᠢᠨ ᠬᠢᠷᠢ ᠬᠡᠮ ᠦᠭᠡᠢ ᠪᠤᠶᠤ ᠠᠷᠢᠬᠢᠨ ᠤ ᠲᠠᠷᠠᠭ᠎ᠠ ᠲᠡᠷᠭᠡ ᠵᠢᠯᠤᠭᠤᠳᠬᠤ᠂ ᠬᠡᠲᠦᠷᠭᠡᠢ ᠶᠠᠳᠠᠷᠠᠭᠰᠡᠨ ᠪᠠᠶᠢᠳᠠᠯ ᠳᠤ ᠲᠡᠷᠭᠡ ᠵᠢᠯᠤᠭᠤᠳᠬᠤ ᠵᠡᠷᠭᠡ ᠬᠠᠤᠯᠢ ᠴᠠᠭᠠᠵᠠ ᠶᠢ ᠵᠦᠷᠢᠴᠡᠨ ᠲᠡᠷᠭᠡ ᠵᠢᠯᠤᠭᠤᠳᠴᠤ ᠪᠠᠶᠢᠭ᠎ᠠ᠂ ᠦᠪᠡᠷ ᠪᠤᠰᠤᠳ ᠤᠨ ᠪᠡᠶ᠎ᠡ ᠮᠠᠬᠠᠪᠤᠳ ‍ᠤᠨ‌ᠠᠮᠤᠷ ᠲᠦᠪᠰᠢᠨ ᠪᠡ ᠡᠳ᠋ ᠪᠤᠳᠠᠰ ᠲᠤ ᠠᠶᠤᠯ ᠲᠦᠭᠰᠢᠭᠦᠷᠢ ᠶᠢᠨ ᠭᠡᠮ ᠰᠤᠭᠤᠭ ᠤᠷᠤᠰᠢᠵᠤ ᠪᠠᠶᠢᠭ᠎ᠠ ᠠᠵᠢᠯᠠᠯᠭ᠎ᠠ  ᠶᠢ ᠪᠠᠶᠢᠴᠠᠭᠠᠨ ᠭᠠᠷᠭᠠᠬᠤ ᠶᠢᠨ ᠬᠠᠮᠲᠤ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ᠃ 3. ᠨᠡᠶᠢᠭᠡᠮ ᠪᠠ ᠦᠪᠡᠷ ᠪᠤᠰᠤᠳ ᠤᠨ ᠬᠢᠨᠠᠯᠲᠠ ᠲᠠᠯᠪᠢᠬᠤ ᠶᠢ ᠴᠢᠩᠭ᠋ᠠᠳᠬᠠᠬᠤ ᠶᠢᠨ ᠬᠠᠮᠲᠤ ᠵᠢᠯᠤᠭᠤᠴᠢ ᠪᠤᠯᠤᠭᠰᠠᠳ ᠪᠤᠰᠤᠳ ᠤᠨ ᠬᠢᠨᠠᠯᠲᠠ ᠶᠢ ᠬᠦᠯᠢᠶᠠᠬᠦ ᠬᠡᠷᠡᠭᠲᠡᠢ᠃ ᠶᠠᠮᠠᠷᠪᠠ ᠪᠠᠶᠢᠭᠤᠯᠤᠯᠭ᠎ᠠ ᠨᠢᠭᠡᠴᠡ᠂ ᠠᠷᠠᠳ ᠢᠷᠭᠡᠳ ᠴᠦᠮ ᠬᠠᠤᠯᠢ ᠲᠦᠷᠢᠮ ᠢ ᠰᠠᠬᠢᠵᠤ᠂ ᠬᠠᠤᠯᠢ ᠲᠦᠷᠢᠮ ᠢ ᠬᠡᠷᠡᠭᠵᠢᠭᠦᠯᠬᠦ ᠬᠡᠷᠡᠭᠲᠡᠢ ᠮᠦᠷᠲᠡᠭᠡᠨ ᠪᠤᠰᠤᠳ ᠤᠨ ᠬᠠᠤᠯᠢ ᠪᠤᠰᠤ ᠠᠵᠢᠯᠯᠠᠭ᠎ᠠ ᠳᠤ ᠬᠢᠨᠠᠯᠲᠠ ᠲᠠᠯᠪᠢᠵᠤ ᠢᠯᠡᠴᠢᠯᠡᠨ ᠵᠠᠭᠠᠯᠳᠤᠬᠤ ᠡᠭᠦᠷᠭᠡ ᠲᠠᠢ᠃ ᠬᠡᠷᠪᠡ ᠠᠷᠢᠬᠢᠨ ᠤ ᠲᠠᠷᠠᠭ᠎ᠠ ᠲᠡᠷᠭᠡ ᠵᠢᠯᠤᠭᠤᠳᠬᠤ᠂ ᠵᠢᠯᠤᠭᠤᠴᠢ ᠶᠢᠨ ᠬᠢᠷᠢ ᠬᠡᠮ ᠦᠭᠡᠢ ᠲᠡᠷᠭᠡ ᠵᠢᠯᠤᠭᠤᠳᠬᠤ ᠵᠡᠷᠭᠡ ᠶᠢ ᠮᠡᠳᠡᠪᠡᠯ ᠲᠠᠷᠦᠶᠢᠬᠠᠨ ᠬᠤᠷᠢᠭᠯᠠᠨ ᠵᠤᠭᠰᠤᠭᠠᠬᠤ ᠪᠤᠶᠤ ᠬᠤᠷᠢᠭᠯᠠᠬᠤ ᠶᠢ ᠰᠤᠨᠤᠰᠬᠤ ᠦᠭᠡᠢ ᠬᠦᠮᠦᠰ  ᠢ ᠬᠠᠮᠢᠶ᠎ᠠ ᠲᠠᠢ ᠰᠠᠯᠠᠭ᠎ᠠ ᠮᠦᠴᠢᠷ ᠲᠤ ᠮᠡᠳᠡᠭᠲᠡᠵᠤ᠂ ᠬᠠᠤᠯᠢ ᠪᠤᠰᠤ ᠠᠵᠢᠯᠯᠠᠭ᠎ᠠ ᠶᠢ  ᠨᠢ ᠬᠤᠷᠢᠭᠯᠠᠨ‌ᠵᠤᠭᠰᠤᠭᠠᠬᠤ ᠬᠡᠷᠡᠭᠲᠡᠢ᠂ ᠢᠩᠭᠡᠪᠡᠯ ᠰᠠᠶ᠋ᠢ ᠵᠠᠮ ᠬᠠᠷᠢᠯᠴᠠᠭᠠᠨ  ᠤ ᠤᠰᠤᠯ ᠤᠨ ᠬᠡᠮ ᠰᠤᠭᠤᠭ  ᠢ ᠦᠨᠳᠤᠰᠤᠨ ᠠᠴᠠ ᠨᠢ ᠠᠷᠢᠯᠭᠠᠵᠤ ᠴᠢᠲᠠᠨ᠎ᠠ᠃

  (ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠶᠢᠨ ᠤᠳᠬᠤᠨ ᠠᠴᠠ ᠬᠠᠩ᠋ᠭᠠᠪᠠ)

ᠢᠷᠡᠯᠳᠡ᠄ ᠰᠢᠨᠬᠣᠧᠠ ᠮᠤᠩᠭ᠋ᠤᠯ ᠨᠧᠲ



  
     
     