 

ᠢᠯᠡᠭᠦᠦ ᠨᠢᠭᠡᠨ ᠬᠡᠦᠬᠡᠳ ᠠᠪᠤᠭᠠᠴᠢ

2016-03-11 08:43
  729
  0
        ᠢᠯᠡᠭᠦᠦ ᠨᠢᠭᠡᠨ ᠬᠡᠦᠬᠡᠳ ᠠᠪᠤᠭᠠᠴᠢ  
   ᠡᠷᠡᠴᠦᠦᠯ ᠦᠨ ᠢᠶᠡᠨ ᠴᠡᠴᠡᠭ ᠂ ᠭᠡᠷ ᠪᠦᠯᠢ ᠶᠢᠨ ᠢᠶᠡᠨ ᠴᠢᠮᠡᠭ ᠪᠤᠯᠤᠭᠰᠠᠨ ᠵᠠᠯᠠᠭᠤ ᠪᠦᠰᠡᠭᠦᠶᠢᠴᠦᠳ ᠮᠢᠨᠢ ᠂ ᠲᠠ ᠨᠠᠷ ᠲᠤ  ᠪᠡᠨ ᠢᠯᠡᠭᠦᠦ ᠨᠢᠭᠡᠨ ᠬᠡᠦᠬᠡᠳ ᠠᠪᠤᠭᠠᠴᠢ ᠭᠡᠵᠦ ᠵᠠᠬᠢᠵᠤ ᠪᠠᠶᠢᠨᠠᠮ ᠃ ᠦᠨᠦ ᠤᠯᠤᠰ ᠭᠡᠷ  ᠡᠴᠡ ᠴᠤ ᠬᠤᠶᠠᠷ ᠬᠡᠦᠬᠡᠳ ᠠᠪᠬᠤ  ᠶᠢ ᠬᠦᠬᠢᠭᠡᠵᠦ ᠪᠠᠶᠢᠬᠤ ᠰᠠᠶᠢᠨ ᠰᠠᠶᠢᠬᠠᠨ ᠴᠠᠭ ᠪᠤᠯᠤᠭᠰᠠᠨ  ᠢ ᠶᠠᠭᠤᠨ ᠲᠡᠷᠡ ᠭᠡᠬᠦ ᠪᠤᠢ ᠃ ᠲᠦᠷᠦ  ᠳᠦ  ᠪᠡᠨ ᠲᠦᠯ ᠨᠡᠮᠡᠵᠦ ᠂ ᠦᠨᠳᠦᠰᠦᠲᠡᠨ  ᠳᠦ  ᠪᠡᠨ ᠦᠷ᠎ᠡ ᠨᠢᠭᠡ  ᠶᠢ ᠨᠡᠮᠡᠵᠦ ᠪᠠᠶᠢᠭ᠎ᠠ ᠴᠢᠨᠢ ᠪᠦᠰᠡᠭᠦᠶᠢᠴᠦᠦᠯ ᠲᠠ ᠨᠠᠷ  ᠤᠨ ᠨᠢᠭᠡᠨ ᠬᠤᠪᠢ ᠵᠢᠳᠭᠦᠯ ᠪᠠᠶᠢᠭ᠎ᠠ ᠃   
   ᠨᠠᠰᠤᠲᠠᠶᠢᠴᠤᠳ  ᠠᠴᠠ ᠪᠡᠶ᠎ᠡ ᠪᠠᠭᠤᠷᠠᠢ ᠡᠮᠡᠭᠲᠡᠶᠢᠴᠦᠳ  ᠢ ᠬᠡᠦᠬᠡᠳ ᠭᠠᠷᠭᠠᠪᠠᠯ ᠪᠡᠶ᠎ᠡ ᠴᠢᠨᠢ ᠰᠠᠶᠢᠵᠢᠷᠠᠴᠢᠬᠠᠨ᠎ᠠ ᠭᠡᠵᠦ ᠰᠠᠨᠠᠭᠤᠯᠳᠠᠭ ᠰᠢᠦ ᠳ᠋ᠠ ᠂ ᠡᠨᠡ ᠦᠭᠡ ᠦᠨᠳᠦᠰᠦᠯᠡᠯ ᠲᠠᠢ ᠶᠤᠮ ᠪᠠᠶᠢᠨ᠎ᠠ ᠂ ᠬᠡᠦᠬᠡᠳ ᠠᠪᠤᠭᠠᠳ ᠯᠠ ᠦᠩᠭᠡ ᠵᠢᠰᠦ ᠨᠢ ᠲᠡᠭᠰᠢᠷᠡᠵᠦ ᠂ ᠪᠡᠶ᠎ᠡ  ᠶᠢᠨ ᠬᠤᠤᠷ᠎ᠠ ᠨᠢ ᠭᠠᠷᠴᠤ ᠂ ᠭᠠᠯᠪᠢᠷᠵᠢᠨ ᠭᠤᠸᠠᠯᠢᠭᠵᠢᠭ᠎ᠠ ᠪᠦᠰᠡᠭᠦᠶᠢᠴᠦᠦᠯ ᠮᠠᠨ  ᠤ ᠬᠠᠵᠠᠭᠤ ᠬᠠᠪᠢ  ᠪᠠᠷ ᠴᠤ ᠬᠠᠷᠠᠭᠳᠠᠭ᠎ᠠ ᠰᠢᠦ ᠳ᠋ᠠ ᠃   
   ᠬᠡᠦᠬᠡᠳ ᠠᠪᠬᠤ ᠨᠢ ᠬᠢᠳᠡᠯ ᠠᠯᠳᠠᠬᠤ ᠭᠡᠮ  ᠢ ᠠᠷᠢᠯᠭᠠᠨ᠎ᠠ ᠂ ᠦᠭᠡᠯᠡᠢ ᠬᠡᠦᠬᠡᠳ  ᠢᠶᠡᠨ ᠦᠰᠭᠡᠭᠡᠳ ᠭᠠᠷ  ᠠᠴᠠ ᠭᠠᠷᠭᠠᠮᠠᠭᠴᠠ ᠂ ᠬᠢᠳᠡᠯ ᠪᠠᠭᠠᠰᠴᠤ ᠂ ᠰᠡᠳᠬᠢᠯ ᠬᠠᠨᠤᠮᠰᠢᠷᠠᠵᠤ ᠂ ᠤᠶᠤᠨ ᠰᠠᠨᠠᠭ᠎ᠠ ᠬᠤᠭᠤᠰᠤᠷᠠᠵᠤ ᠂ ᠨᠠᠭᠠᠳᠤᠮ ᠮᠦᠷᠦᠢ  ᠳᠦ ᠤᠷᠤᠬᠤ ᠶᠤᠮ ᠦᠦ ᠂ ᠴᠠᠭᠠᠰᠢ ᠴᠢᠷᠮᠠᠶᠢᠵᠤ ᠠᠮᠢᠳᠤᠷᠠᠬᠤ ᠵᠤᠷᠢᠭ ᠰᠤᠯᠠᠷᠠᠳᠠᠭ ᠨᠢ ᠡᠩ  ᠦᠨ ᠦᠵᠡᠭᠳᠡᠯ ᠪᠤᠯᠵᠤ ᠪᠤᠢ ᠃  
   ᠲᠡᠭᠡᠬᠦ  ᠪᠡᠷ ᠂ ᠬᠤᠶᠠᠳᠠᠬᠢ ᠬᠡᠦᠬᠡᠳ  ᠢᠶᠡᠨ ᠠᠪᠴᠤ ᠂ ᠬᠡᠦᠬᠡᠳ ᠦᠰᠭᠡᠪᠡᠯ ᠂ ᠠᠮᠢᠳᠤᠷᠠᠯ ᠶᠠᠭᠠᠷᠠᠤ ᠪᠤᠯᠵᠤ ᠂ ᠡᠷᠡᠭᠲᠡᠶᠢᠴᠦᠳ ᠨᠢ ᠭᠠᠳᠠᠨ᠎ᠠ ᠠᠵᠢᠯ  ᠳᠤ  ᠪᠠᠨ ᠵᠢᠳᠭᠦᠵᠦ ᠂ ᠪᠦᠰᠡᠭᠦᠶᠢᠴᠦᠦᠯ ᠨᠢ ᠬᠡᠦᠬᠡᠳ  ᠢᠶᠡᠨ ᠬᠠᠷᠠᠭᠠᠯᠵᠠᠵᠤ ᠂ ᠦᠰᠭᠡᠵᠦ ᠬᠦᠮᠦᠵᠢᠭᠦᠯᠵᠦ ᠂ ᠭᠡᠷ  ᠦᠨ ᠠᠵᠢᠯ  ᠳᠤ  ᠪᠠᠨ ᠮᠤᠩᠭᠢᠨᠠᠵᠤ ᠂ ᠲᠠᠪᠤ ᠳᠤᠯᠤᠭᠠᠨ ᠵᠢᠯ ᠶᠠᠭᠠᠷᠠᠯᠲᠠᠢ ᠂ ᠬᠢᠳᠡᠯ ᠲᠠᠢ ᠪᠤᠯᠵᠤ ᠂ ᠬᠡᠷᠡᠭᠦᠯ ᠤᠷᠤᠭᠤᠯ ᠭᠠᠷᠬᠤ ᠦᠭᠡᠢ ᠂ ᠠᠮᠤᠷ ᠵᠢᠮᠦᠷ ᠠᠵᠤ ᠲᠦᠷᠦᠨ ᠂ ᠠᠮᠢᠳᠤᠷᠠᠯ ᠦᠭᠡᠳᠡ ᠡᠰᠡᠷᠡᠭ ᠂ ᠬᠦᠷ ᠬᠦᠭᠵᠢᠶᠡᠨ ᠲᠠᠢ ᠪᠤᠯᠵᠤ ᠴᠢᠳᠠᠳᠠᠭ ᠃ ᠡᠭᠦᠨ  ᠢ ᠮᠠᠨ  ᠤ ᠳᠡᠭᠡᠷ᠎ᠡ ᠦᠶ᠎ᠡ  ᠶᠢᠨ ᠨᠠᠰᠤᠲᠠᠶᠢᠴᠤᠳ  ᠤᠨ ᠠᠮᠢᠳᠤᠷᠠᠯ ᠭᠡᠷᠡᠴᠢᠯᠡᠨ᠎ᠡ ᠂ ᠲᠡᠷᠡ ᠦᠶ᠎ᠡ  ᠶᠢᠨ ᠠᠪᠤ ᠨᠠᠷ ᠬᠡᠭᠡᠷ᠎ᠡ  ᠶᠢᠨ ᠠᠵᠢᠯ  ᠳᠤ  ᠪᠠᠨ ᠶᠠᠭᠠᠷᠠᠵᠤ ᠂ ᠡᠵᠢ ᠪᠤᠯᠤᠭᠰᠠᠳ ᠲᠠᠪᠤ ᠂ ᠠᠷᠪᠠᠨ ᠬᠡᠦᠬᠡᠳ  ᠢᠶᠡᠨ ᠬᠤᠶᠢᠨ᠎ᠠ ᠬᠤᠶᠢᠨ᠎ᠠ  ᠠᠴᠠ ᠨᠢ ᠲᠤᠰᠴᠤ ᠂ ᠦᠰᠭᠡᠵᠦ ᠶᠠᠭᠠᠷᠠᠳᠠᠭ  ᠠᠴᠠ ᠶᠠᠮᠠᠷ ᠰᠡᠯᠡᠭᠦᠦ  ᠪᠡᠷ  ᠢᠶᠡᠨ ᠬᠡᠷᠡᠭᠦᠯ ᠵᠦᠷᠢᠯᠳᠦᠭᠡᠨ ᠭᠠᠷᠭᠠᠬᠤ ᠪᠤᠢ ᠃  
   ᠬᠤᠵᠢᠮ ᠦᠲᠡᠯᠬᠦ  ᠶᠢᠨ ᠦᠵᠦᠭᠦᠷ ᠂ ᠢᠯᠡᠭᠦᠦ ᠨᠢᠭᠡ ᠬᠡᠯᠡᠯᠴᠡᠬᠦ ᠬᠦᠮᠦᠨ ᠲᠠᠢ ᠂ ᠢᠯᠡᠭᠦᠦ ᠨᠢᠭᠡ ᠲᠤᠭᠤᠷᠢᠬᠤ ᠭᠠᠵᠠᠷ ᠲᠠᠢ ᠪᠤᠯᠵᠤ ᠂ ᠲᠡᠩᠬᠡᠭᠡ ᠪᠠᠭᠤᠷᠠᠬᠤ  ᠶᠢᠨ ᠦᠶᠡᠰ ᠢᠯᠡᠭᠦᠦ ᠨᠢᠭᠡ ᠬᠠᠷᠠᠭᠠᠯᠵᠠᠬᠤ ᠬᠦᠮᠦᠨ ᠲᠠᠢ ᠪᠤᠯᠵᠤ ᠂ ᠬᠡᠦᠬᠡᠳ  ᠦᠨ  ᠢᠶᠡᠨ ᠰᠠᠶᠢᠨ  ᠢ ᠦᠵᠡᠳᠡᠭ ᠰᠢᠦ ᠳ᠋ᠡ ᠂ ᠬᠡᠦᠬᠡᠳ ᠴᠢᠨᠢ ᠴᠤ ᠭᠡᠰᠡᠨ ᠢᠯᠡᠭᠦᠦ ᠨᠢᠭᠡᠨ ᠬᠠᠨᠢ ᠢᠵᠢᠯᠢ ᠲᠠᠢ ᠪᠤᠯᠵᠤ ᠂ ᠤᠶᠢᠷ᠎ᠠ ᠲᠦᠷᠦᠯ ᠲᠠᠢ ᠪᠤᠯᠵᠤ ᠂ ᠭᠠᠭᠴᠠᠭᠠᠷᠳᠠᠬᠤ  ᠶᠢᠨ ᠭᠡᠮ  ᠡᠴᠡ ᠵᠠᠶᠢᠯᠠᠳᠠᠭ ᠨᠢ ᠦᠨᠡᠨ ᠳ᠋ᠡ ᠃ 
   ᠤᠳᠤ  ᠶᠢᠨ ᠠᠮᠢᠳᠤᠷᠠᠯ ᠭᠡᠵᠦ ᠂ ᠬᠦᠳᠡᠭᠡ  ᠶᠢᠨ ᠠᠮᠢᠳᠤᠷᠠᠯ ᠴᠤ ᠪᠦᠷ ᠮᠠᠰᠢᠨ ᠬᠡᠷᠡᠭᠯᠡᠵᠦ ᠰᠡᠯᠡᠭᠦᠦ ᠪᠤᠯᠤᠭᠰᠠᠨ  ᠠᠴᠠ ᠦᠷ᠎ᠡ ᠬᠡᠦᠬᠡᠳ ᠠᠪᠴᠤ ᠂ ᠦᠰᠭᠡᠬᠦ ᠨᠢ ᠳᠠᠷᠤᠭᠠᠰᠤ ᠂ ᠬᠦᠴᠢᠷ ᠪᠤᠯᠬᠤ ᠶᠠᠪᠤᠳᠠᠯ ᠪᠢᠰᠢ ᠂ ᠭᠡᠳᠡᠷᠭᠦ  ᠪᠡᠨ ᠠᠮᠢᠳᠤᠷᠠᠯ  ᠢ ᠦᠩᠭᠡ ᠪᠤᠳᠤᠭ ᠲᠠᠢ ᠦᠶᠦᠭ ᠲᠠᠪᠠᠲᠠᠢ ᠂ ᠤᠳᠬ᠎ᠠ ᠤᠴᠢᠷ ᠲᠠᠢ ᠪᠤᠯᠭᠠᠵᠤ ᠴᠢᠳᠠᠳᠠᠭ ᠃ ᠳᠠᠷᠤᠢ ᠢᠯᠡᠭᠦᠦ ᠨᠢᠭᠡᠨ ᠬᠡᠦᠬᠡᠳ ᠲᠠᠢ ᠪᠤᠯ ᠬᠦᠮᠦᠨ ᠢᠯᠡᠭᠦᠦ ᠨᠢᠭᠡ ᠠᠯᠬᠤᠬᠤ ᠪᠤᠳᠤᠯ ᠲᠠᠢ ᠪᠤᠯᠤᠨ᠎ᠠ ᠂ ᠢᠯᠡᠭᠦᠦ ᠨᠢᠭᠡ ᠴᠢᠷᠮᠠᠶᠢᠬᠤ ᠬᠦᠰᠡᠯ ᠲᠠᠢ ᠪᠤᠯᠤᠨ᠎ᠠ ᠂ ᠲᠡᠭᠡᠭᠡᠳ ᠯᠠ ᠬᠢᠳᠡᠯ ᠲᠠᠢ ᠴᠢᠷᠮᠠᠶᠢᠯᠭ᠎ᠠ ᠲᠠᠢ ᠪᠤᠯᠵᠤ ᠂ ᠡᠷᠴᠢ ᠬᠦᠴᠦᠨ ᠲᠠᠢ ᠪᠤᠯᠵᠤ ᠂ ᠨᠡᠩ ᠬᠤᠯᠠ  ᠶᠢ ᠰᠡᠳᠬᠢᠵᠦ᠂ ᠤᠷᠲᠤ ᠨᠠᠰᠤᠯᠠᠳᠠᠭ ᠰᠢᠦ ᠳ᠋ᠠ ᠃ ᠲᠡᠷᠡᠴᠢᠯᠡᠨ ᠬᠡᠦᠬᠡᠳ  ᠢᠶᠡᠨ ᠬᠦᠮᠦᠨ ᠪᠤᠯᠭᠠᠶ᠎ᠠ ᠭᠡᠵᠦ ᠂ ᠬᠡᠦᠬᠡᠳ  ᠦᠨ  ᠢᠶᠡᠨ ᠰᠠᠶᠢᠨ  ᠢ ᠦᠵᠡᠶ᠎ᠡ ᠭᠡᠵᠦ ᠂ ᠨᠡᠩ ᠴᠠᠭᠠᠰᠢᠯᠠᠪᠠᠯ ᠂ ᠤᠮᠪᠤᠯᠤ  ᠪᠠᠨ ᠦᠵᠡᠵᠦ ᠂ ᠰᠠᠭᠠᠲᠠᠭᠤᠯᠤᠶ᠎ᠠ ᠭᠡᠵᠦ ᠂ ᠤᠮᠪᠤᠯᠤ  ᠶᠢᠨ ᠢᠶᠡᠨ ᠴᠤ ᠰᠠᠶᠢᠨ  ᠢ ᠦᠵᠡᠶ᠎ᠡ ᠭᠡᠵᠦ ᠵᠢᠳᠭᠦᠭᠦᠯᠵᠦ ᠂ ᠨᠡᠩ ᠬᠤᠯᠠ  ᠶᠢ ᠪᠤᠳᠤᠭᠤᠯᠵᠤ ᠂ ᠲᠠᠮᠢᠷ ᠡᠷᠴᠢ ᠰᠡᠯᠪᠢᠭᠦᠯᠵᠦ ᠂ ᠠᠶᠠᠨᠳᠠᠭᠠᠨ ᠤᠳᠠᠭᠠᠨ ᠵᠢᠷᠭᠠᠭᠤᠯᠳᠠᠭ ᠪᠠᠶᠢᠨᠠᠮ ᠡ ᠃  
   ᠲᠡᠶᠢᠮᠦ  ᠪᠡᠷ  ᠢᠶᠡᠨ ᠡᠵᠢ  ᠶᠢᠨ ᠠᠯᠳᠠᠷ ᠵᠡᠭᠦᠭᠡ ᠂ ᠡᠷᠬᠢᠮ ᠪᠦᠰᠡᠭᠦᠶᠢᠴᠦᠦᠯ ᠮᠢᠨᠢ ᠂ ᠢᠯᠡᠭᠦᠦ ᠨᠢᠭᠡᠨ ᠬᠡᠦᠬᠡᠳ ᠠᠪᠬᠤ  ᠶᠢ ᠪᠤᠳᠤᠯᠬᠢᠯᠠᠵᠤ ᠂ ᠪᠡᠶᠡᠯᠡᠭᠦᠯᠵᠦ ᠪᠠᠶᠢᠬᠤ  ᠶᠢ ᠳᠠᠬᠢᠨᠲᠠ ᠬᠦᠰᠡᠮᠵᠢᠯᠡᠶ᠎ᠡ ᠃  
    



  
     
     