-
1953
ᠪᠠᠳᠠᠷᠠᠨ ᠲᠡᠯᠭᠡᠷᠡᠭᠡ ᠴᠡᠴᠡᠭ ᠦᠳ ᠮᠢᠨᠢ
2026-05-19 15:21
4
1
ᠪᠠᠳᠠᠷᠠᠨ ᠲᠡᠯᠭᠡᠷᠡᠭᠡ ᠴᠡᠴᠡᠭ ᠦᠳ ᠮᠢᠨᠢ
ᠡᠬᠡ ᠰᠤᠷᠭᠠᠭᠤᠯᠢ ᠶᠢᠨ ᠢᠶᠡᠨ ᠡᠯᠢᠭᠡᠨ ᠳᠦ
ᠡᠷᠬᠡᠯᠡᠨ ᠲᠡᠯᠭᠡᠷᠡᠭᠡ ᠴᠡᠴᠡᠭ ᠦᠳ ᠮᠢᠨᠢ
ᠡᠷᠡᠭᠦᠯ ᠰᠠᠷᠠᠭᠤᠯ ᠦᠰᠦᠨ ᠪᠤᠶᠢᠵᠢᠵᠤ
ᠡᠷᠬᠡ ᠵᠢᠷᠭᠠᠯ ᠲᠠᠢ ᠲᠤᠷᠨᠢᠭᠠᠷᠠᠢ︕
ᠪᠠᠭᠰᠢ ᠠᠬᠠᠮᠠᠳ ᠤᠨ ᠢᠶᠠᠨ ᠡᠪᠦᠷ ᠲᠦ
ᠪᠠᠳᠠᠷᠠᠨ ᠲᠡᠯᠭᠡᠷᠡᠭᠡ ᠴᠡᠴᠡᠭ ᠦᠳ ᠮᠢᠨᠢ
ᠪᠠᠶᠠᠷ ᠪᠠᠶᠠᠰᠤᠯ ᠲᠠᠢ ᠰᠢᠮᠳᠠᠨ ᠰᠤᠷᠴᠤ
ᠪᠠᠶᠠᠯᠢᠭ ᠮᠡᠳᠡᠯᠭᠡ ᠲᠠᠢ ᠪᠤᠯᠤᠭᠠᠷᠠᠢ︕
ᠠᠪᠤ ᠡᠵᠢ ᠶᠢᠨ ᠢᠶᠡᠨ ᠪᠦᠪᠡᠶᠢᠯᠡᠯ ᠳᠦ
ᠠᠵᠠ ᠲᠠᠢ ᠲᠤᠮᠤᠭᠠᠵᠢᠭᠠ ᠬᠡᠦᠬᠡᠳ ᠦᠳ ᠮᠢᠨᠢ
ᠠᠷᠢᠭᠤᠨ ᠶᠤᠰᠤ ᠶᠢ ᠲᠡᠭᠡᠵᠢᠯᠡᠵᠦ
ᠠᠯᠳᠠᠷ ᠨᠡᠷ᠎ᠡ ᠪᠡᠨ ᠮᠠᠨᠳᠤᠭᠤᠯᠤᠭᠠᠷᠠᠢ︕
ᠠᠴᠢᠳᠤ ᠨᠠᠮ ᠤᠨ ᠢᠶᠠᠨ ᠢᠪᠡᠭᠡᠯ ᠳᠦ
ᠪᠤᠶᠠᠨ ᠲᠠᠢ ᠪᠤᠶᠢᠵᠢᠭ᠎ᠠ ᠬᠡᠦᠬᠡᠳ ᠦᠳ ᠮᠢᠨᠢ
ᠬᠠᠶᠢᠷ᠎ᠠ ᠡᠨᠡᠷᠢᠯ ᠢ ᠮᠡᠳᠡᠷᠡᠵᠦ
ᠬᠤᠷᠸ᠎ᠠ ᠲᠡᠯᠡᠬᠡᠢ ᠳᠦ ᠲᠦᠭᠡᠭᠡᠷᠡᠢ︕
2026.5.19
ᠢᠷᠦᠭᠡᠯ ᠵᠦᠩᠨᠡᠯ