-
ᠠᠯᠠᠱᠠ ᠪᠠᠷᠠᠭᠣᠨ ᠬᠣᠰᠢᠭᠣ
1792
2018-08-23 10:47
256
0
ᠬᠠᠰᠠᠠᠭᠣᠯᠠ
ᠮᠢᠨᠣ ᠠᠩᠬᠠᠨ ᠣ ᠵᠣᠴᠢᠨ
ᠮᠤᠩᠭᠤᠯ ᠭᠡᠷ ᠪᠠᠷᠢᠵᠣ ᠴᠢᠳᠠᠳᠠᠭ ᠦᠭᠡᠢ ᠬᠦᠮᠦᠨ ᠮᠣᠩᠭᠣᠯ ᠭᠡᠷ ᠪᠠᠷᠢᠬᠣ ᠬᠡᠵᠦ ᠦᠢᠯᠡ ᠪᠡᠨ ᠦᠵᠡᠵᠦ ᠦᠰᠦ ᠪᠡᠨ ᠲᠡᠭᠦᠳᠡᠭ ᠪᠠᠢᠭᠰᠠᠨ ᠢ ᠪᠢ ᠦᠵᠡᠬᠦ ᠶᠢᠨ ᠨᠢᠭᠡ ᠪᠣᠯᠣᠭᠰᠠᠨ᠂ ᠲᠡᠭᠦᠨ ᠣ ᠦᠯᠢᠭᠡᠷ ᠪᠡᠷ ᠮᠤᠩᠭᠠᠨᠢᠵᠦ ᠲᠦᠩᠭᠢᠨᠡᠵᠣ ᠪᠠᠢᠵᠦ ᠬᠣᠯᠪᠣᠭ᠎ᠠ ᠰᠦᠯᠵᠢᠶᠡᠨ ᠲᠡᠭᠡᠷ᠎ᠡ ᠦᠪᠡᠷ ᠦᠨ ᠮᠠᠭᠣ ᠦᠭᠡ ᠬᠡᠯᠡᠬᠦ ᠣᠷᠣᠨ ᠵᠠᠢ ᠶᠢᠨ ᠣᠪᠣᠬᠠᠢ ᠪᠣᠯᠣᠭᠰᠠᠨ ᠰᠢᠨᠡᠬᠡᠨ ᠪᠦᠷᠭᠡ ᠠᠷᠠᠢ ᠭᠡᠵᠦ ᠲᠣᠳᠠᠭᠣ ᠬᠠᠭᠠᠰ ᠪᠣᠰᠬᠠᠴᠢᠭᠬᠠᠭᠠᠳ ᠲᠡᠮᠡᠢ ᠰᠠᠢᠢᠨ ᠲᠥᠪᠬᠢᠨᠡᠵᠦ ᠠᠮᠵᠢᠭ᠎ᠠ ᠦᠭᠡᠢ ᠪᠠᠢᠳᠠᠯ᠎ᠠ ᠪᠡᠨ ᠪᠠᠶᠠᠷᠯᠠᠭᠰᠠᠨ ᠬᠡᠷᠢᠶ᠎ᠡ ᠪᠠᠷᠬᠢᠷᠠᠨ᠎ᠠ ᠭᠡᠳᠡᠭ ᠦᠨ ᠦᠯᠢᠭᠡᠷ ᠪᠡᠷ ᠵᠦᠭ ᠦᠭᠡᠢ ᠬᠡᠢᠷᠬᠡᠵᠤ ᠡᠪ ᠵᠦᠢ ᠶᠢ ᠨᠢ ᠴᠤ ᠣᠯᠣᠯ ᠦᠭᠡᠢ ᠪᠠᠢᠬᠣ ᠳᠠᠭᠠᠨ ᠣᠷᠢᠯᠭ᠎ᠠ ᠢᠯᠡᠬᠡᠬᠦ ᠳᠤ ᠬᠠᠮᠤᠭ ᠠᠩᠬ᠎ᠠ ᠮᠣᠷᠢᠯᠠᠨ ᠰᠠᠭᠠᠳᠠᠭᠰᠠᠨ ᠬᠦᠨᠳᠦᠳᠦ ᠭᠡᠢᠴᠢᠨ ᠮᠠᠨᠢ ᠬᠦᠮᠦᠨᠪᠣᠰᠣ ᠠᠪᠤᠭᠠᠢ ᠪᠠᠢᠯᠣᠭᠠ᠃ ᠮᠣᠩᠭᠣᠯ ᠰᠦᠯᠵᠢᠶ᠎ᠡ ᠂ ᠵᠢᠷᠬᠢᠬᠡ ᠨᠦᠭᠥᠳ ᠢᠶᠡᠷ ᠵᠠᠪ ᠯᠡ ᠭᠠᠷᠪᠠᠯ ᠣᠷᠣᠵᠣ ᠭᠠᠷᠬᠣ ᠲᠣᠷᠠᠳᠠᠢ ᠪᠣᠯᠬᠣᠷ᠂ ᠰᠦᠯᠵᠢᠶᠡᠨ ᠲᠡᠭᠡᠷ᠎ᠡ ᠨᠡᠢᠳᠡᠯᠡᠭᠰᠡᠨ ᠠᠩᠬᠠᠷᠣᠯ ᠲᠠᠳᠠᠮᠠᠷ ᠵᠤᠬᠢᠶᠠᠯ᠂ ᠪᠢᠴᠢᠯᠭᠡ ᠶᠢ ᠦᠵᠡᠬᠦ ᠲᠣᠷᠠᠳᠠᠢ ᠪᠠᠢᠳᠠᠭ ᠪᠣᠯᠬᠣᠷ ᠣᠯᠠᠨ ᠪᠦᠳᠦᠭᠡᠯ ᠨᠡᠢᠳᠡᠯᠡᠭᠰᠡᠨ ᠬᠦᠮᠦᠨ ᠢ ᠠᠶᠠᠨᠳᠠᠭᠠᠨ ᠲᠤᠭᠳᠠᠭᠠᠵᠣ ᠠᠪᠳᠠᠭ᠃ ᠡᠳᠡᠭᠡᠷ ᠬᠦᠮᠦᠰ ᠦᠨ ᠲᠤᠳᠣᠷᠠᠬᠢ ᠬᠦᠮᠦᠨ ᠣ ᠨᠢᠭᠡᠨ ᠪᠣᠯ ᠬᠦᠮᠦᠨᠪᠣᠰᠣ ᠠᠪᠣᠭᠠᠢ ᠪᠠᠢᠭᠰᠠᠨ ᠶᠣᠮ᠃ ᠬᠦᠮᠦᠨᠪᠣᠰᠣ ᠠᠪᠣᠭᠠᠢ ᠶᠢᠨ ᠪᠦᠳᠦᠬᠡᠯ ᠦᠨ ᠵᠠᠷᠢᠮ ᠨᠢ ᠶᠡᠬᠡ ᠶᠦᠮᠦᠷᠯᠢᠭ ᠱᠣᠭᠳᠠᠢ ᠪᠠᠢᠳᠠᠭ᠂ ᠬᠠᠷᠢᠨ ᠵᠠᠷᠢᠮ ᠨᠢ ᠮᠠᠰᠢ ᠬᠣᠷᠴᠠ ᠰᠢᠬᠦᠮᠵᠢᠯᠡᠯᠳᠦ ᠴᠢᠭᠯᠡᠯ ᠲᠠᠢ ᠬᠠᠷᠠᠭᠳᠠᠳᠠᠭ᠃ ᠨᠦᠬᠦᠭᠡ ᠨᠢᠭᠡ ᠲᠠᠯ᠎ᠠ ᠪᠡᠷ ᠨᠡᠷ᠎ᠡ ᠨᠢ ᠪᠠᠰᠠ ᠰᠣᠨᠢᠬᠠᠨ ᠰᠨᠠᠭᠳᠠᠭᠰᠠᠨ᠃ ᠡᠨᠡ ᠭᠤᠸᠠᠢ ᠮᠢᠨᠣ ᠠᠩᠬᠠᠨ ᠣ ᠬᠡᠢᠴᠢᠨ ᠪᠣᠯᠤᠨ᠎ᠠ ᠭᠡᠳᠡᠭ ᠢ ᠰᠠᠨᠠᠭ᠎ᠠ ᠦᠭᠡᠢ ᠪᠠᠢᠭᠰᠠᠨ ᠪᠢ ᠬᠡᠮᠵᠢᠶ᠎ᠡ ᠦᠭᠡᠢ ᠪᠠᠶᠠᠷᠯᠠᠭᠰᠠᠨ ᠶᠤᠮ᠃ ᠪᠠᠭ᠎ᠠ ᠪᠠᠢᠬᠣ ᠳ᠋ᠥ︽ ᠠᠪᠣ ᠶᠢᠨ ᠪᠠᠢᠬᠣ ᠳ᠋ᠥ ᠬᠦᠮᠦᠨ ᠲᠠᠨᠢ ᠠᠭᠳᠠ ᠶᠢᠨ ᠰᠠᠢᠢᠨ ᠳ᠋ᠥ ᠭᠠᠵᠠᠷ ᠲᠠᠨᠢ︾ ᠬᠡᠮᠡᠨ ᠬᠡᠯᠡᠳᠡᠭ ᠪᠠᠢᠭᠰᠠᠨ᠃ ᠠᠵᠢᠯ ᠠᠯᠪᠠ
ᠲᠡᠷᠡ ᠲᠡᠷᠡ ᠳᠡᠬᠡᠨ ᠲᠣᠯᠣᠭᠠᠢ ᠦᠨᠳᠡᠢᠬᠦ ᠵᠠᠪ ᠦᠭᠡᠢ ᠶᠡᠬᠡ ᠠᠵᠢᠯ ᠳ᠋ᠥ ᠲᠠᠷᠣᠭᠳᠠᠳᠠᠭ ᠨᠠᠳᠠ ᠳ᠋ᠥ ᠬᠠᠮᠢᠭ᠎ᠠ ᠠᠴᠠ ᠬᠦᠮᠦᠨ ᠲᠠᠨᠢᠵᠣ᠂ ᠭᠠᠵᠠᠷ ᠬᠡᠰᠦᠭᠡᠳ ᠯᠡ ᠶᠠᠪᠤᠬᠣ ᠨᠦᠬᠦᠴᠡᠯ ᠵᠠᠪ ᠬᠣᠶᠠᠷ ᠪᠠᠢᠬᠣ ᠪᠣᠢ᠃ ᠠᠵᠠ ᠢᠷᠦᠭᠡᠯ ᠪᠡᠷ ︽ᠬᠣᠯᠪᠣᠭ᠎ᠠ ᠰᠦᠯᠵᠢᠶ᠎ᠡ︾ ᠲᠠᠢ ᠵᠣᠯᠭᠠᠭᠰᠠᠨ ᠪᠡᠨ ᠂ ᠮᠤᠩᠭᠤᠯ ᠨᠣᠳᠣᠭ ᠤᠨ ᠢᠶᠠᠨ ᠲᠦᠷᠪᠡᠨ ᠵᠦᠭ ᠨᠠᠢᠮᠠᠨ ᠵᠣᠪᠬᠢᠰ ᠠᠴᠠ᠂ ᠮᠤᠩᠭᠤᠯ ᠬᠦᠮᠦᠨ ᠯᠡ ᠪᠠᠢᠳᠠᠭ ᠭᠠᠵᠠᠷ ᠣᠷᠣᠨ ᠪᠦᠬᠦᠨ ᠡᠴᠡ ᠡᠨᠡ ᠬᠦ ᠰᠡᠳᠬᠢᠯ ᠤᠨ ᠨᠠᠨᠳᠢᠨ ᠦᠷᠭᠦᠭᠡᠨ ᠳ᠋ᠥ ᠮᠣᠷᠢᠯᠠᠨ ᠰᠠᠭᠠᠳᠠᠭᠰᠠᠨ ᠲᠠ ᠪᠦᠬᠦᠨ ᠲᠠᠢ ᠪᠡᠨ ᠵᠣᠯᠭᠠᠬᠣ ᠪᠣᠯᠣᠭᠰᠠᠨ ᠪᠡᠨ ᠲᠡᠭᠷᠢ ᠡᠴᠡ ᠣᠯᠭᠣᠭᠰᠠᠨ ᠲᠣᠬᠢᠶᠠᠯ ᠬᠡᠮᠡᠨ ᠰᠠᠨᠠᠭᠰᠠᠨ ᠪᠦᠯᠦᠭᠡ᠃ ᠡᠨᠳᠡ ᠢᠷᠡᠭᠰᠡᠨ ᠬᠦᠮᠦᠨ ᠪᠣᠯᠭᠠᠨ ᠨᠠᠭᠠᠳᠣ ᠵᠠᠬ᠎ᠠ ᠳᠠᠭᠠᠨ
ᠪᠦᠷ ᠯᠡ ᠮᠤᠩᠭᠤᠯ ᠰᠣᠶᠣᠯ ᠳᠠᠭᠠᠨ ᠬᠠᠢᠷᠠᠳᠠᠢ ᠬᠦᠮᠦᠰ ᠂ ᠡᠬᠡ ᠬᠡᠯᠡ ᠪᠡᠨ ᠬᠡᠷᠡᠭᠯᠡᠡ ᠬᠡᠯᠡᠶ᠎ᠡ ᠬᠡᠰᠡᠨ ᠦᠭᠡ ᠪᠡᠨ ᠪᠢᠴᠢᠳᠡᠭ ᠬᠦᠮᠦᠰ ᠭᠡᠳᠡᠭ ᠨᠢ ᠮᠠᠷᠭᠣᠰᠢ ᠦᠭᠡᠢ ᠃ ᠲᠡᠮᠡᠭᠡᠨ ᠳ᠋ᠥ ᠬᠦᠷᠬᠦ ᠭᠠᠷ ᠪᠡᠨ ᠲᠡᠭᠷᠢ ᠦᠭᠡᠳᠡ ᠰᠠᠷᠪᠠᠢᠢᠨᠠ ᠭᠡᠳᠡᠭ ᠦᠨ ᠦᠯᠢᠭᠡᠷ ᠪᠡᠷ ᠬᠢᠷᠢ ᠪᠡᠨ ᠮᠡᠳᠡᠬᠦ ᠦᠭᠡᠢ ᠪᠢ ᠴᠦ ᠪᠢᠷ ᠴᠠᠭᠠᠨᠰᠣ ᠨᠡᠢᠯᠡᠭᠦᠯᠵᠣ ᠶᠠᠭᠣ ᠨᠢᠭᠡᠨ ᠢ ᠪᠢᠴᠢᠬᠦ ᠰᠡᠨ ᠬᠡᠯᠡᠬᠦ ᠰᠠᠨ ᠬᠡᠵᠦ ᠴᠠᠭ ᠴᠢᠯᠦᠭᠡ ᠰᠢᠬᠠᠵᠣ ᠵᠣᠪᠠᠯᠠᠩ ᠪᠡᠨ ᠡᠷᠢᠵᠣ ᠵᠣᠪᠠᠯᠭ᠎ᠠ ᠪᠡᠨ ᠣᠷᠠᠬᠣ ᠲᠤᠷᠠᠳᠠᠢ ᠨᠢᠭᠡᠨ ᠪᠣᠯᠬᠣᠷ᠂ ᠡᠨᠳᠡ ᠡᠨᠡ ᠦᠷᠭᠦᠭᠡᠨ᠎ᠡ ᠰᠠᠭᠠᠳᠠᠭᠰᠠᠳ ᠢ ᠡᠷᠬᠡ ᠵᠡᠷᠭᠡ ᠡᠳ᠋ ᠮᠦᠩᠭᠦ ᠬᠦᠭᠡᠭᠡᠴᠡᠯᠳᠦᠭᠴᠢᠳ ᠪᠢᠰᠢ᠂ ᠲᠡᠭᠡᠳᠦ ᠵᠢᠩᠳᠠᠭᠠᠨ ᠣ ᠵᠡᠷᠭᠡ ᠵᠢᠩᠰᠠᠳᠠᠨ ᠴᠤ ᠪᠢᠰᠢ ᠨᠠᠳᠠ ᠲᠠᠢ ᠠᠳᠠᠯᠢᠠᠬᠠᠨ ᠪᠣᠷᠣᠴᠣᠣᠯ ᠬᠠᠷᠠᠴᠣᠣᠯ ᠣᠯᠠᠩᠬᠢ ᠲᠣᠭ᠎ᠠ ᠶᠢ ᠡᠵᠡᠯᠡᠵᠣ᠂ ᠠᠷᠠᠳ ᠲᠦᠮᠡᠨ ᠲᠡᠷᠭᠡᠳᠡ ᠨᠢ᠂ ᠲᠣᠮᠳᠠ ᠨᠢ ᠪᠠᠢᠵᠣ ᠲᠡᠳᠡᠨ ᠣ ᠪᠡᠨ ᠵᠣᠪᠠᠯ᠂ᠭᠣᠨᠢᠭ᠂ ᠪᠠᠶᠠᠷ ᠪᠠᠶᠠᠰᠣᠯ ᠢ ᠬᠦᠨ ᠬᠦᠨᠵᠡᠬᠡᠢ ᠦᠢᠯᠭᠠᠵᠣ ᠂ᠬᠤᠪᠢᠶᠠᠯᠴᠠᠵᠣ ᠦᠨᠡᠨ ᠦᠭᠡ ᠬᠡᠯᠡᠶ᠎ᠡ᠂ ᠰᠢᠳᠣᠷᠭᠠᠣ ᠶᠠᠭᠣᠮ᠎ᠠ ᠶᠠᠷᠢᠶ᠎ᠠ᠂ ᠣᠶᠠᠷᠠᠯ ᠪᠠᠶᠠᠰᠣᠯ᠂ ᠦᠢᠳᠬᠠᠷ ᠵᠣᠪᠠᠭᠣᠷᠢ ᠪᠡᠨ ᠶᠠᠭᠣ ᠨᠢᠭᠡᠨ ᠲᠡᠭᠡᠷ᠎ᠡ ᠭᠠᠷᠭᠠᠵᠣ ᠪᠣᠰᠣᠳ ᠲᠠᠢ ᠬᠣᠪᠢᠶᠠᠯᠴᠠᠶᠠ ᠭᠡᠰᠡᠨ ᠬᠦᠮᠦᠰ ᠯᠡ ᠪᠠᠢᠳᠠᠭ ᠪᠢᠵᠡ ᠬᠡᠵᠦ ᠪᠣᠳᠣᠬᠣ ᠪᠡᠷ ᠰᠡᠳᠬᠢᠯ ᠳ᠋ᠥ ᠨᠢᠭᠡ ᠯᠡ ᠦᠶᠦᠭ ᠲᠤᠯᠠᠭᠠᠬᠠᠨ᠂ ᠦᠢᠷ᠎ᠠ ᠣᠷᠣᠭ᠂ ᠰᠡᠳᠬᠢᠯ ᠨᠢᠭᠡᠳᠡᠨ ᠲᠠᠢ ᠪᠡᠨ ᠠᠭᠣᠯᠵᠠᠭᠰᠠᠨ ᠶᠤᠮᠰᠢᠭ ᠲᠣᠳᠣᠨᠣ ᠡᠯᠢᠭᠡᠰᠡᠭ᠃
ᠡᠬᠡ ᠬᠡᠯᠡ ᠮᠢᠨᠢ ᠲᠡᠷᠡ ᠯᠡ ᠬᠡᠪ ᠪᠡᠷ ᠪᠡᠨ ᠮᠡᠨᠳᠦ ᠶᠢᠨ ᠴᠡᠩᠬᠡᠷ ᠬᠠᠳᠠᠭ᠂ ᠠᠵᠠ ᠵᠢᠷᠭᠠᠯ ᠤᠨ ᠬᠦᠪᠦᠷᠢᠭᠰᠡᠨ ᠠᠷᠢᠭᠣᠨ ᠲᠠᠯᠠᠯᠭ᠎ᠠ᠂ ᠮᠤᠩᠭᠤᠯ ᠶᠠᠰᠣᠳᠠᠨ ᠣ ᠵᠢᠷᠦᠭᠡᠨ ᠪᠢᠴᠢᠯᠭᠡ᠂ ᠴᠢᠰᠦᠨ ᠬᠣᠯᠪᠣᠭᠠᠰᠣ ᠪᠠᠢᠳᠠᠭ ᠪᠣᠯᠬᠣᠷ᠂ ᠡᠬᠡ ᠬᠡᠯᠡ ᠪᠡᠨ ᠲᠡᠭᠡᠳᠦᠯᠡᠭᠴᠢ ᠲᠠ ᠪᠦᠬᠦᠨ ᠪᠡᠨ᠂ ᠪᠦᠷᠭᠡ ᠳ᠋ᠥ ᠣᠷᠢᠵᠣ ᠪᠠᠢᠨᠠᠮ᠃ ᠮᠠᠨ ᠣ ᠳ᠋ᠥ ᠢᠷᠡᠭᠡᠷᠡᠢ᠂ ᠲᠠᠨᠢᠯᠴᠠᠶ᠎ᠠ᠃ ᠮᠠᠷᠭᠠᠰᠢ ᠬᠡᠳᠦᠭᠦᠯᠡ ᠲᠦᠷᠦᠭᠡ ᠬᠠᠷᠰᠢᠭᠣᠯᠣᠨ᠂ ᠠᠮᠠ ᠶᠠᠭᠣᠮ᠎ᠠ ᠴᠢᠨᠢ ᠬᠡᠯᠡᠳᠡᠭ ᠬᠡᠯᠡᠳᠡᠭ ᠦᠭᠡᠢ ᠪᠡᠨ ᠬᠡᠭᠡᠷ᠎ᠡ ᠶᠢᠨ ᠰᠠᠯᠬᠢᠨ ᠲᠣᠮᠳᠠ ᠨᠢᠭᠤᠵᠤ ᠬᠠᠪᠴᠢᠯ ᠦᠭᠡᠢ ᠣᠷᠠᠭᠳᠠᠵᠣ ᠶᠠᠪᠣᠶ᠎ᠠ ᠳ᠋ᠠ᠃