-
1954
ᠵᠦᠩᠨᠡᠯ
2026-05-19 15:56
3
0
ᠬᠤᠷᠢᠮ ᠤᠨ ᠵᠦᠩᠨᠡᠯ
ᠤᠷᠤᠭ ᠲᠦᠷᠦᠯ ᠦᠨ ᠬᠡᠯᠬᠢᠶ᠎ᠡ ᠨᠢᠭᠡ
ᠤᠴᠠᠷᠠᠯ ᠲᠤᠬᠢᠶᠠᠯᠳᠤᠯ ᠤᠨ ᠵᠠᠮ ᠨᠢᠭᠡ
ᠤᠬᠠᠭᠠᠨᠳᠤ ᠬᠤᠤᠰ ᠤᠨ ᠬᠠᠶᠢᠷ᠎ᠠ ᠨᠢᠭᠡ
ᠦᠭᠡᠳᠡ ᠪᠡᠨ ᠪᠤᠰᠬᠠᠭᠰᠠᠨ ᠲᠤᠯᠭ᠎ᠠ ᠨᠢᠭᠡ
ᠠᠰᠠᠵᠵᠤ ᠪᠠᠳᠠᠷᠠᠭᠰᠠᠨ ᠭᠠᠯ ᠨᠢᠭᠡ
ᠠᠮᠢᠳᠤᠷᠠᠯ ᠢᠶᠠᠨ ᠴᠤᠭᠴᠠᠯᠠᠨ ᠪᠠᠶᠢᠭᠤᠯᠤᠭᠰᠠᠨ
ᠠᠮᠠᠷᠠᠭ ᠬᠤᠶᠠᠷ ᠬᠤᠤᠰ ᠮᠢᠨᠢ
ᠠᠵᠠ ᠵᠢᠷᠭᠠᠯ ᠪᠢᠯᠬᠠᠬᠤ ᠪᠤᠯᠳᠤᠭᠠᠢ
ᠠᠴᠢᠷ ᠦᠷᠡᠰ ᠲᠡᠯᠭᠡᠷᠡᠬᠦ ᠪᠤᠯᠳᠤᠭᠠᠢ
ᠦᠭᠡᠳᠡ ᠡᠰᠡᠷᠡᠭ ᠪᠠᠶᠢᠬᠤ ᠪᠤᠯᠳᠤᠭᠠᠢ
ᠦᠨᠢ ᠮᠦᠩᠬᠡ ᠵᠢᠷᠭᠠᠬᠤ ᠪᠤᠯᠳᠤᠭᠠᠢ
ᠤᠯᠠᠭᠠᠨ ᠮᠤᠷᠢᠨ ᠵᠢᠯ ᠦᠨ
ᠦᠯᠵᠡᠢ ᠪᠡᠯᠭᠡᠳᠦ ᠢᠷᠦᠭᠡᠯ ᠢᠶᠡᠨ
ᠡᠷᠭᠦᠨ ᠡᠷᠭᠦᠨ ᠲᠡᠪᠰᠢᠭᠦᠯᠦᠶ᠎ᠡ