-
2462
ᠲᠠᠯ᠎ᠠ ᠶᠢᠨ ᠨᠠᠭᠤᠷ
2018-03-27 14:55
97
0
ᠴᠤᠴᠠᠯᠠᠬᠤ ᠬᠦᠮᠦᠰ ᠨᠢ ᠡᠳᠡ ᠪᠠᠢᠵᠠᠢ
ᠴᠤᠭᠵᠢᠨ ᠮᠠᠨᠳᠣᠭᠰᠠᠨ ᠣᠷᠣᠨ ᠢ
ᠴᠣᠬᠣᠮ ᠡᠵᠡᠳ ᠨᠢ ᠡᠳᠡ ᠪᠠᠢᠵᠠᠢ
ᠴᠣᠯᠭᠢᠨ ᠴᠠᠢᠯᠵᠠᠵᠠᠰᠡᠨ ᠨᠠᠭᠤᠷ ᠤᠨ
ᠪᠠᠶᠠᠷᠯᠠᠵᠤ ᠬᠦᠭᠡᠷᠴᠦ ᠢᠨᠢᠶᠡᠯᠴᠡᠬᠦ ᠶᠤᠮ
ᠪᠠᠳᠠᠭ ᠰᠢᠯᠦᠭ ᠢᠶᠡᠨ ᠤᠩᠰᠢᠭᠠᠳ
ᠪᠠᠬᠠᠷᠠᠮ᠎ᠠ ᠦᠵᠡᠮᠵᠢ ᠶᠢ ᠰᠤᠨᠢᠷᠬᠠᠬᠤ ᠶᠤᠮ
ᠪᠠᠶᠠᠨ ᠰᠦᠷᠦᠭ ᠢᠶᠡᠨ ᠤᠮᠳᠠᠯᠠᠭᠠᠳ
ᠵᠢᠷᠭᠠᠯᠲᠠᠢ ᠴᠡᠩᠭᠡᠵᠦ ᠨᠠᠭᠠᠳᠤᠨ᠎ᠠ
ᠵᠣᠯ ᠲᠠᠢ ᠲᠦᠷᠦᠭᠰᠡᠨ ᠪᠠᠭᠠᠴᠠᠥᠥᠯ
ᠵᠢᠭᠠᠯ ᠬᠡᠥᠬᠡᠳ ᠴᠤᠨᠯᠠᠷᠠᠨᠠ
ᠵᠤᠨ ᠦ ᠰᠠᠢᠬᠠᠨ ᠡᠳᠦᠷ
ᠰᠦ ᠨᠢ ᠪᠣᠯᠵᠤ ᠴᠠᠢᠯᠵᠠᠵᠠᠢ
ᠰᠠᠷᠠᠭᠤᠯ ᠲᠡᠨᠢᠭᠡᠷ ᠬᠦᠳᠡᠭᠡ ᠶᠢᠨ ᠢᠶᠡᠨ
ᠮᠡᠯᠮᠡᠢ ᠨᠢ ᠪᠣᠯᠵᠤ ᠲᠤᠨᠤᠯᠵᠠᠵᠠᠢ
ᠮᠠᠩᠨᠤᠭ ᠨᠤᠭᠤᠭᠠᠨ ᠲᠠᠯ᠎ᠠ ᠶᠢᠨ ᠢᠶᠡᠨ
ᠬᠤᠭᠤᠯᠠᠢ ᠪᠠᠨ ᠨᠤᠷᠠᠭᠠᠭᠠᠳ ᠬᠦᠪᠬᠦ ᠶᠤᠮ
ᠬᠤᠷᠮᠤᠰᠲᠠ ᠶᠢᠨ ᠠᠯᠠᠭ ᠰᠣᠯᠤᠩᠭ᠎ᠠ
ᠬᠤᠰᠢᠭᠤ ᠪᠠᠨ ᠳᠦᠷᠦᠭᠡᠳ ᠡᠷᠭᠢᠴᠡᠬᠦ ᠶᠤᠮ
ᠬᠤᠨ ᠴᠠᠭᠠᠨ ᠡᠭᠦᠯᠡᠰ
ᠵᠢᠰᠦ ᠶᠢ ᠨᠢ ᠪᠠᠬᠠᠷᠬᠠᠭᠠᠳ ᠱᠤᠮᠪᠠᠬᠤ ᠶᠤᠮ
ᠵᠤᠭᠠᠴᠠᠨ ᠪᠠᠭᠤᠳᠠᠯᠯᠠᠬᠤ ᠨᠣᠭᠤᠰᠤ
ᠵᠤᠯᠠᠢ ᠶᠢ ᠨᠢ ᠦᠨᠦᠰᠦᠭᠡᠳ ᠭᠡᠳᠡᠭᠡᠯᠡᠬᠦ ᠶᠤᠮ
ᠵᠥᠭᠡᠯᠡᠨ ᠰᠡᠪᠢᠯᠵᠡᠬᠦ ᠵᠢᠪᠠᠷ
ᠲᠤᠷᠠᠭᠠᠨ ᠨᠣᠭᠤᠭᠠᠨ ᠵᠡᠭᠡᠰᠦ
ᠲᠤᠭ ᠪᠣᠯᠵᠤ ᠦᠶᠡᠯᠡᠭᠰᠡᠨ
ᠲᠤᠩᠭᠠᠯᠠᠭ ᠭᠦᠨ ᠪᠦᠷᠢᠲᠦ
ᠲᠣᠯᠢ ᠪᠣᠯᠵᠤ ᠮᠡᠯᠲᠡᠢᠭᠰᠡᠨ
ᠵ᠂ ᠦᠨᠡᠨᠪᠥᠶᠠᠨ
8ᠲᠠᠯ᠎ᠠ ᠶᠢᠨ ᠨᠠᠭᠤᠷ