-
8488
ᠪᠢ ᠳᠡᠪᠴᠢᠭᠰᠡᠨ︵ ᠥᠪᠡᠷ ᠦᠨ ᠪᠥᠳᠦᠭᠡᠯ︶
2017-01-16 20:13
104
0
ᠨᠠᠮᠣᠭᠣᠨ ᠵᠥᠭᠡᠯᠡᠨ ᠬᠠᠷᠠᠴᠠ ᠶᠢ ᠴᠢᠨᠢ ᠰᠢᠷᠳᠡᠵᠦ
ᠨᠠᠨᠳᠢᠨ ᠴᠢᠮ᠎ᠠ ᠲᠠᠢ ᠪᠡᠨ ᠠᠩᠬ᠎ᠠ ᠣᠴᠠᠷᠠᠬᠤ ᠳᠤ
ᠪᠣᠯᠬᠢᠯᠡᠬᠣ ᠵᠢᠷᠣᠬᠡ ᠮᠢᠨᠢ ᠰᠡᠮᠡᠬᠡᠨ ᠪᠠᠶᠠᠰᠴᠣ
ᠪᠤᠴᠠᠯᠲᠠ ᠦᠬᠡᠢ ᠳᠣᠷᠠᠯᠠᠯ ᠰᠡᠳᠬᠢᠯ ᠳᠦ ᠮᠢᠨᠢ ᠬᠠᠷᠪᠣᠵᠦ
ᠪᠢ ᠳᠣᠷᠠᠯᠠᠭᠰᠠᠨ
ᠬᠠᠶᠠ ᠬᠠᠶᠠ ᠣᠴᠠᠷᠠᠨ ᠠᠭᠤᠯᠵᠠᠬᠤ ᠳᠤ
ᠬᠠᠶᠢᠷ᠎ᠠ ᠶᠢᠨ ᠳᠥᠯᠥ ᠨᠠᠮᠵᠢᠭᠤᠬᠠᠨ ᠳᠦᠷᠡᠯᠵᠢᠵᠦ
ᠬᠠᠯᠠᠭᠤᠬᠠᠨ ᠬᠠᠷᠠᠴᠠ ᠶᠢ ᠴᠢᠨᠢ ᠣᠭᠲᠣᠨ ᠰᠢᠷᠳᠡᠵᠦ
ᠬᠠᠶᠢᠯᠭᠠᠨ ᠰᠡᠳᠬᠢᠯ ᠳᠤ ᠪᠠᠨ ᠬᠠᠷᠠᠮᠰᠠᠯ ᠲᠡᠪᠡᠷᠢᠨ
ᠪᠢ ᠬᠠᠶᠢᠷᠠᠯᠠᠭᠰᠠᠨ
ᠰᠡᠳᠬᠢᠯ ᠲᠣᠲᠣᠷ᠎ᠠ ᠪᠠᠨ ᠥᠷᠬᠦᠯᠵᠢ ᠪᠣᠳᠣᠵᠦ
ᠰᠠᠶᠢᠬᠠᠨ ᠴᠢᠨᠥᠬᠢ ᠪᠡᠨ ᠢᠨᠢᠶᠡᠮᠰᠦᠭᠯᠡᠯ ᠢ ᠵᠢᠷᠤᠭᠯᠠᠵᠤ
ᠰᠠᠷ᠎ᠠ ᠲᠠᠢ ᠰᠥᠨᠢ ᠨᠣᠶᠢᠷ ᠦᠬᠡᠢ ᠬᠤᠨᠤᠵᠦ
ᠰᠡᠮᠡᠬᠡᠨ ᠵᠢᠷᠥᠬᠡᠨ ᠳᠦ ᠪᠡᠨ ᠬᠠᠶᠢᠷ᠎ᠠ ᠪᠠᠨ ᠳᠡᠪᠴᠢᠵᠦ
ᠪᠢ ᠰᠠᠨᠠᠭᠰᠠᠨ
ᠦᠶᠡᠷᠬᠡᠵᠦ ᠶᠠᠪᠣᠭᠰᠠᠨ ᠨᠠᠨᠳᠢᠨ ᠮᠥᠴᠡ ᠪᠡᠨ ᠳᠤᠷᠠᠰᠴᠤ
ᠦᠭᠡ ᠪᠡᠷ ᠢᠯᠡᠳᠬᠡᠯ ᠦᠬᠡᠢ ᠰᠡᠳᠬᠢᠯ ᠦᠨ ᠬᠦᠨᠳᠣᠭᠦᠷᠯᠡᠯ ᠢ ᠲᠡᠭᠡᠭᠡᠵᠦ
ᠦᠶ᠎ᠡ ᠦᠶ᠎ᠡ ᠭᠤᠨᠢᠭ ᠤᠨ ᠰᠠᠯᠬᠢ ᠪᠠᠷ ᠭᠤᠶᠠᠳᠠᠭᠣᠯᠵᠦ
ᠥᠨᠡᠨ ᠰᠡᠳᠬᠢᠯ ᠢᠶᠡᠨ ᠲᠡᠷᠲᠡᠭᠡ ᠬᠣᠯᠠ ᠲᠠᠶᠠᠭᠳᠠᠵᠤ
ᠪᠢ ᠭᠤᠨᠢᠭᠯᠠᠭᠰᠠᠨ
ᠬᠠᠷᠠᠴᠠᠨ ᠳᠤ ᠴᠢᠨᠢ ᠪᠢ ᠠᠭᠣᠰᠴᠦ ᠪᠣᠯᠬᠣ ᠦᠬᠡᠢ ᠶᠢᠨ ᠣᠴᠢᠷ
ᠬᠠᠶᠢᠷ᠎ᠠ ᠪᠦᠬᠦᠨ ᠢ ᠢᠯᠡᠴᠢᠯᠡᠵᠦ ᠪᠣᠯᠳᠠᠭ ᠦᠬᠡᠢ ᠶᠢᠨ ᠣᠴᠢᠷ
ᠬᠠᠯᠠᠭᠣᠨ ᠵᠢᠷᠦᠬᠡᠨ ᠳᠤ ᠪᠠᠨ ᠨᠢᠭᠣᠴᠠᠬᠠᠨ ᠬᠠᠶᠢᠷᠠᠯᠠᠳᠠᠭ ᠤᠨ ᠣᠴᠢᠷ
ᠬᠠᠶᠢᠷᠠᠯᠠᠵᠦ ᠪᠠᠶᠢᠪᠠᠴᠦ ᠬᠠᠨᠢᠯᠠᠬᠤ ᠲᠠᠪᠢᠯᠠᠩ ᠦᠬᠡᠢ ᠶᠢᠨ ᠣᠴᠢᠷ
ᠪᠢ ᠳᠡᠪᠴᠢᠭᠰᠡᠨ
ᠰᠡᠳᠬᠢᠯ ᠤᠨ ᠬᠦᠨ ᠲᠠᠬᠢ ᠲᠡᠬᠦᠨ ᠳᠡᠬᠡᠨ ᠵᠣᠷᠢᠭᠣᠯᠪᠠ
2017 ᠣᠨ ᠣ 1 ᠰᠠᠷ᠎ᠠ ᠶᠢᠨ 16