-
17468
ᠡᠶᠢᠮᠦ ᠨᠢᠭᠡᠨ ᠵᠠᠬᠢᠷᠤᠯ
2018-03-20 20:04
147
0
ᠡᠶᠢᠮᠦ ᠨᠢᠭᠡᠨ ᠵᠠᠬᠢᠷᠤᠯ
ᠪᠤᠵᠠᠭᠠᠢ ᠲᠤᠮᠤ ᠲᠠᠷᠤᠭ᠎ᠠ ᠭᠡᠨ᠎ᠡ
ᠪᠤᠰᠤᠳ ᠲᠤ ᠨᠢᠭᠡ ᠭᠤᠳᠤᠭᠠᠭᠳᠠᠯᠠ ᠬᠡᠮᠡᠨ
ᠪᠤᠰᠤᠷᠮᠠᠭ ᠴᠠᠭᠳᠠᠭ᠎ᠠ ᠳᠤ ᠪᠠᠨ ᠮᠡᠳᠡᠬᠦᠯᠦᠯ᠎ᠡ ᠭᠡᠨ᠎ᠡ
ᠪᠤᠵᠠᠷ ᠰᠠᠨᠠᠭ᠎ᠠ ᠨᠢ ᠬᠠᠨᠤᠭᠰᠠᠨ ᠭᠡᠨ᠎ᠡ
ᠪᠤᠰᠤᠳ ᠢ ᠲᠦᠷ ᠬᠤᠷᠢᠭᠤᠯᠤᠭᠰᠠᠨ ᠭᠡᠨ᠎ᠡ
ᠡᠷᠭᠡ ᠰᠦᠷ ᠲᠦ ᠪᠡᠨ ᠲᠦᠰᠢᠭᠯᠡᠵᠦ
ᠡᠳ᠋ ᠮᠦᠩᠬᠦ ᠤᠯᠳᠠᠭ ᠭᠡᠨᠯᠠᠢ
ᠦᠩᠭᠡ ᠵᠢᠰᠦ ᠲᠠᠢ ᠪᠦᠰᠠᠭᠦᠶᠢᠴᠤᠳ ᠢ
ᠡᠩᠨᠡᠭᠡᠨ ᠳᠦ ᠪᠡᠨ ᠤᠷᠤᠭᠤᠯᠵᠤ ᠦᠢᠯᠡᠴᠢᠯᠡᠬᠦᠯᠳᠡᠭ ᠭᠡᠨᠯᠡᠢ
ᠡᠷᠭᠡ ᠰᠦᠷᠳᠡᠨ ᠢ ᠦᠵᠡᠪᠡᠯ
ᠡᠴᠢᠭᠡ ᠪᠡᠨ ᠦᠵᠡᠭᠰᠡᠨ ᠡᠴᠡ ᠢᠯᠡᠬᠦᠥ ᠪᠤᠯᠳᠠᠭ ᠭᠡᠨᠯᠠᠢ
ᠡᠷᠭᠡ ᠮᠦᠩᠬᠦ ᠬᠤᠶᠠᠷ ᠲᠤ
ᠠᠷᠭ᠎ᠠ ᠦᠭᠡᠢ ᠲᠠᠷᠡ ᠪᠤᠭᠤᠯ ᠨᠢ ᠭᠡᠨᠯᠠᠢ
ᠡᠳ᠋ ᠠᠰᠢᠭ ᠤᠨ ᠲᠦᠯᠦᠭᠡ
ᠡᠷᠡᠥ ᠨᠢ ᠮᠤᠷᠤᠶᠢᠳᠠᠯᠠ ᠦᠬᠦᠯᠳᠡᠳᠡᠭ ᠭᠡᠨᠯᠠᠢ
ᠨᠤᠪᠰᠢ ᠨᠤᠪᠰᠢ ᠶᠢᠨ ᠲᠠᠷᠤᠭᠠᠰ ᠲᠤᠳᠤᠷ᠎ᠠ
ᠨᠤᠭ ᠭᠡᠮᠡᠷ ᠨᠠᠪᠰᠠᠭᠠᠨᠠᠵᠤ ᠪᠠᠶᠢᠨ᠎ᠠ
ᠨᠠᠮ ᠨᠠᠮ ᠠᠯᠬᠤᠬᠤ ᠠᠴᠠ ᠨᠢ ᠬᠠᠷᠠᠪᠠᠯ
ᠨᠢᠷᠦᠭᠤ ᠤᠭᠤᠴᠠ ᠦᠭᠡᠢ ᠭᠡᠮᠡᠷ
ᠨᠠᠩ ᠨᠠᠩ ᠶᠠᠩᠰᠢᠬᠤ ᠶᠢ ᠨᠢ ᠰᠤᠨᠤᠰᠪᠠᠯ
ᠨᠢᠰᠤᠩᠬᠠᠢ ᠴᠢᠪᠠᠭᠠᠨᠴᠠ ᠶᠢᠨ ᠰᠢᠨᠵᠢ ᠲᠠᠢ
ᠪᠠᠷᠰᠠᠭᠠᠷ ᠪᠠᠷᠠᠭᠠᠨ ᠴᠢᠷᠠᠢ ᠠᠴᠠ ᠨᠢ ᠰᠢᠨᠵᠢᠪᠡᠯ
ᠪᠠᠷᠠᠭᠤᠨ ᠨᠠᠩᠬᠢᠶᠠᠳ ᠤᠨ ᠰᠢᠭᠡᠰᠦ ᠭᠡᠮᠡᠷ
ᠪᠤᠳᠤᠯ ᠮᠠᠭᠤᠳᠠᠢ ᠲᠦᠷᠢ ᠡᠴᠡ ᠨᠢ ᠦᠵᠡᠪᠡᠯ
ᠪᠤᠯᠢᠬᠠᠢ ᠠᠪᠯᠢᠭᠠᠴᠢ ᠶᠢᠨ ᠨᠢᠭᠡ ᠨᠢ ᠭᠡᠮᠡᠷ
ᠡᠨᠡ ᠵᠠᠬᠢᠷᠤᠯ ᠢ ᠬᠠᠷᠠᠭᠠᠳ ᠪᠠᠶᠢᠬᠤ ᠳᠤ
ᠬᠡᠯᠡᠵᠦ ᠬᠢᠭᠰᠡᠨ ᠢ ᠰᠢᠨᠵᠢᠭᠡᠳ ᠪᠠᠶᠢᠬᠤ ᠳᠤ
ᠡᠶᠢᠮᠦ ᠯᠠ ᠨᠢᠭᠡᠨ ᠲᠠᠷᠤᠭ᠎ᠠ ᠪᠠᠶᠢᠨ᠎ᠠ
ᠡᠪᠦᠭᠡ ᠲᠠᠭᠡᠳᠦᠰ ᠤᠨ ᠢᠶᠠᠨ ᠵᠠᠬᠢᠶᠠᠰᠦ ᠶᠢ
ᠡᠷᠭᠡ ᠮᠦᠩᠬᠦ ᠪᠡᠷ ᠰᠤᠯᠢᠭᠰᠠᠨ ᠰᠢᠭ᠋
ᠡᠯᠦᠨᠴᠠ ᠬᠤᠯᠤᠨᠴᠠ ᠶᠢᠨ ᠨᠡᠷ᠎ᠡ ᠶᠢ
ᠡᠯᠡᠭ ᠪᠤᠯᠭᠠᠨ ᠭᠤᠳᠤᠭᠠᠭᠰᠠᠨ ᠰᠢᠭ