-
178
通证经济(三)
2025-04-20 21:14
11
0
ᠲᠡᠳᠡᠭᠡᠷ ᠦᠢᠯᠡᠳᠪᠦᠷᠢᠯᠡᠯ ᠦᠨ ᠬᠠᠷᠢᠴᠠᠭ᠎ᠠ ᠳᠤ ᠨᠢ ᠬᠣᠪᠢᠷᠠᠯᠲᠠ ᠭᠠᠷᠤᠭᠰᠠᠨ ᠦᠭᠡᠢ ᠪᠣᠷᠣᠯᠠᠭᠤᠯᠤᠭᠠ ᠶᠢᠨ ᠬᠡᠪ ᠮᠠᠶᠠᠭ ᠨᠢ ᠨᠢᠭᠡᠨᠲᠡ ᠬᠡᠷᠡᠭᠡᠯᠡᠭᠴᠢᠳ ᠦᠨ ᠱᠠᠭᠠᠷᠳᠤᠯᠭ᠎ᠠ ᠳᠤ ᠭᠦᠷᠦᠬᠦ ᠦᠭᠡᠢ ᠪᠣᠯᠵᠦ᠂ ᠦᠢᠯᠡᠳᠬᠦᠨ ᠨᠢ ᠬᠤᠳᠠᠯᠳᠤᠵᠦ ᠭᠠᠷᠬᠤ ᠳᠤ ᠬᠦᠴᠢᠷᠳᠡᠵᠠᠢ᠃ ᠡᠶᠢᠮᠦ ᠤᠴᠢᠷ ᠠᠴᠠ ᠺᠣᠮᠫᠠᠨᠢ ᠶᠢᠨ ᠳᠠᠭᠠᠮᠠᠯ᠂ ᠦᠢᠯᠡᠳᠪᠦᠷᠢ ᠶᠢᠨ ᠳᠠᠷᠠᠭ᠎ᠠ᠂ ᠪᠣᠷᠣᠯᠠᠭᠤᠯᠭ᠎ᠠ ᠶᠢᠨ ᠠᠵᠢᠯ ᠲᠠᠢ ᠪᠠᠶᠢᠭ᠎ᠠ ᠬᠦᠮᠦᠰ ᠡᠷᠬᠡᠪᠰᠢ ᠡᠨᠡ ᠴᠠᠭ ᠦᠶ᠎ᠡ ᠳᠦ ᠳᠠᠬᠢᠨ ᠰᠤᠷᠤᠯᠴᠠᠬᠤ ᠬᠡᠷᠡᠭᠲᠡᠢ ᠪᠣᠯᠪᠠ᠂
ᠠᠮᠸᠷᠢᠺᠠ ᠶᠢᠨ ᠪᠣᠷᠣᠯᠠᠭᠤᠯᠭ᠎ᠠ ᠶᠢᠨ ᠤᠬᠠᠭᠠᠨᠲᠠᠨ︵营销学家) ᠳᠦᠴᠢᠨ ᠵᠢᠯ ᠦᠨ ᠡᠮᠦᠨ᠎ᠡ ᠬᠡᠯᠡᠭᠰᠡᠨ ᠨᠢ᠂ ᠰᠢᠨᠵᠢᠯᠡᠬᠦ ᠤᠬᠠᠭᠠᠨ ᠮᠡᠷᠭᠡᠵᠢᠯ ᠦᠨ ᠬᠢᠷᠢ ᠲᠦᠪᠡᠰᠢᠨ ᠳᠡᠭᠡᠭᠰᠢᠯᠡᠬᠦ ᠶᠢ ᠲᠠᠭᠠᠯᠳᠤᠨ ᠦᠢᠯᠡᠳᠬᠦᠨ ᠠᠷᠪᠢᠳᠴᠦ᠂ ᠴᠢᠨᠠᠷ ᠴᠢᠭᠰᠠᠭᠠ ᠪᠤᠯᠤᠨ ᠦᠨ᠎ᠡ ᠬᠠᠭᠰᠢ ᠶᠢᠨ ᠦᠷᠢᠰᠦᠯᠳᠦᠭᠡᠨ ᠰᠢᠷᠦᠭᠦᠰᠴᠦ ᠡᠴᠦᠰ ᠳᠡᠭᠡᠨ ᠬᠤᠳᠠᠯᠳᠤᠬᠤ ᠡᠳᠡᠭᠡᠳ ᠦᠨ ᠵᠠᠬ᠎ᠠ ᠲᠡᠯᠭᠡᠭᠦᠷ ᠡᠴᠡ ᠬᠤᠳᠠᠯᠳᠤᠨ ᠠᠪᠬᠤ ᠡᠳᠡᠭᠡᠳ ᠦᠨ ᠵᠠᠬ᠎ᠠ ᠳᠡᠯᠭᠡᠭᠦᠷ ᠲᠦ ᠰᠢᠯᠵᠢᠬᠦ ᠬᠡᠷᠡᠭᠲᠡᠢ ᠭᠡᠰᠡᠨ ᠪᠠᠶᠢᠨ᠎ᠠ᠃ ᠲᠤᠮᠳᠠᠳᠤ ᠤᠯᠤᠰ ᠤᠨ ᠠᠵᠤ ᠠᠬᠤᠢ ᠶᠢᠨ ᠤᠬᠠᠭᠠᠨᠲᠠᠨ ᠴᠸᠨ ᠢᠦᠢ ᠹᠸᠷᠣᠹᠰᠤᠷ ᠠᠴᠠ︵消费资本论) ᠬᠡᠷᠡᠭᠡᠯᠡᠭᠡ ᠤ ᠬᠦᠷᠦᠭᠭᠡ ᠭᠡᠬᠦ ᠨᠣᠮ ᠳᠠᠭᠠᠨ ᠪᠢᠴᠢᠭᠰᠡᠨ ᠨᠢ᠂ᠠᠵᠤ ᠠᠬᠤᠶᠢᠯᠠᠯ ᠠᠴᠠ ᠬᠡᠷᠡᠭᠡᠯᠡᠭᠴᠢᠳ ᠦᠨ ᠬᠡᠷᠭᠡᠯᠭᠡᠨ ᠦ ᠮᠦᠭᠭᠦ ᠶᠢ ᠲᠤᠰ ᠠᠵᠤ ᠠᠬᠤᠢ ᠳᠤ ᠪᠡᠯᠡ ᠣᠷᠤᠭᠤᠯᠤᠯᠲᠠ ᠪᠠᠷ ᠦᠵᠡᠵᠦ᠂ ᠵᠣᠬᠢᠬᠤ ᠴᠠᠭ ᠬᠤᠭᠤᠴᠠᠭᠠᠨ ᠳᠤ ᠵᠣᠬᠢᠬᠤ ᠳᠦᠷᠦᠮᠵᠢᠯ ᠪᠠᠷ ᠬᠡᠷᠡᠭᠡᠯᠡᠭᠴᠢᠳ ᠲᠦ ᠬᠣᠪᠢᠶᠠᠨ ᠦᠩᠭᠡᠬᠦ ᠶᠣᠰᠤ ᠲᠠᠢ ᠭᠡᠵᠦ ᠶᠠᠷᠢᠭᠰᠠᠨ ᠪᠠᠶᠢᠨ᠎ᠠ᠃ ᠣᠳᠣᠬᠢ ᠳᠦᠷᠢᠮ ᠭᠣᠷᠢᠮ ᠢ ᠦᠬᠡᠷᠡᠴᠢᠯᠡᠭᠰᠡᠨ ᠪᠠᠶᠢᠨ᠎ᠠ᠃ ᠡᠭᠦᠨ᠎ᠡ ᠶᠢ ᠶᠠᠭᠠᠬᠢᠵᠤ ᠣᠶᠢᠯᠭᠠᠬᠤ ᠪᠤᠢ ᠭᠡᠪᠡᠯ᠄ ᠵᠢᠱᠢᠶᠡᠯᠡᠬᠦ ᠳᠦ᠂ ᠴᠠᠬᠢᠯᠭᠠᠨ ᠬᠣᠯᠪᠣᠭ᠎ᠠ ᠤ ᠬᠢᠨ ᠭᠦᠷᠭᠡᠭᠰᠡᠨ︵积分︶ ᠨᠢ ᠨᠢᠭᠡ ᠵᠦᠢᠯ ᠦᠨ ᠭᠡᠷᠡᠴᠢᠯᠡᠯᠲᠡ︵通证︶ ᠪᠣᠯᠪᠠᠴᠦ᠂ ᠲᠡᠷᠡ ᠨᠢ ᠭᠡᠷᠡᠴᠢᠯᠡᠯᠲᠡ ᠶᠢᠨ ᠠᠵᠤ ᠠᠬᠣᠢ ᠪᠢᠰᠢ᠃ ᠤᠴᠢᠷ ᠨᠢ᠂ ᠡᠨᠡ︵积分︶ ᠭᠡᠷᠡᠴᠢᠯᠡᠯᠲᠡ ᠨᠢ ᠠᠵᠤ ᠠᠬᠤᠶᠢᠯᠠᠯ ᠠᠴᠠ ᠬᠦᠷᠭᠡᠵᠦ ᠪᠠᠶᠢᠭ᠎ᠠ︵积分︶ ᠭᠡᠷᠡᠴᠢᠯᠡᠯᠲᠡ᠂ ᠲᠡᠭᠦᠨ ᠦ ᠬᠠᠮᠤᠭ ᠡᠴᠦᠰ ᠦᠨ ᠲᠠᠶᠢᠯᠪᠤᠷᠢᠯᠠᠬᠤ ᠡᠷᠬᠡ ᠨᠢ ᠲᠤᠰ ᠠᠵᠦ ᠠᠬᠣᠶᠢᠯᠯ ᠠᠴᠠ ᠲᠣᠭᠲᠠᠭᠠᠳᠠᠭ᠂ ᠲᠡᠷᠡ ᠨᠢ ᠪᠣᠯ ᠬᠡᠷᠡᠭᠡᠯᠡᠭᠴᠢᠳ ᠲᠤᠰ ᠠᠵᠤ ᠠᠬᠣᠶᠢᠯᠯ ᠤᠨ ᠪᠦᠲᠦᠭᠡᠭᠳᠡᠬᠦᠨ ᠢ ᠬᠡᠷᠡᠭᠡᠯᠡᠭᠰᠡᠨ ᠡᠴᠡ ᠪᠣᠯᠵᠦ ᠬᠡᠷᠡᠭᠡᠯᠡᠭᠴᠢᠳ ᠲᠦ ᠬᠦᠷᠭᠡᠵᠦ ᠪᠠᠶᠢᠭ᠎ᠠ ᠨᠢᠭᠡ ᠵᠦᠢᠯ ᠦᠨ ᠡᠵᠡᠭᠨᠡᠨ ᠪᠣᠷᠣᠯᠠᠭᠤᠯᠬᠤ ᠠᠷᠭ᠎ᠠ ᠮᠠᠶᠠᠭ ᠮᠦᠨ᠃ ᠶᠠᠮᠠᠷ ᠨᠢᠭᠡᠨ ᠡᠳᠦᠷ ᠠᠵᠦ ᠠᠬᠣᠶᠢᠯᠯ ᠠᠴᠠ ᠵᠠᠷᠯᠠᠯ ᠨᠡᠶᠢᠲᠡᠯᠡᠵᠦ᠂ ᠡᠵᠡᠭᠨᠡᠯᠲᠡ ᠪᠡᠨ ᠵᠣᠭᠰᠤᠬᠤ᠂ ᠡᠭᠦᠳᠡ ᠪᠡᠨ ᠬᠠᠭᠠᠬᠤ᠂ ᠲᠠᠮᠪᠠᠷᠬᠣ ᠵᠡᠷᠭᠡ ᠪᠠᠶᠢᠳᠠᠯ ᠭᠠᠷᠤᠪᠠᠯ ᠮᠠᠨ ᠤ ᠬᠡᠷᠡᠭᠡᠯᠡᠭᠴᠢᠳ ᠶᠠᠮᠠᠷᠪᠠ ᠦᠪᠡᠷ ᠦᠨ ᠡᠷᠬᠡ ᠮᠡᠳᠡᠯ ᠪᠠᠨ ᠬᠠᠮᠠᠭᠠᠯᠠᠬᠤ ᠠᠷᠭ᠎ᠠ ᠠᠪᠴᠠᠯ ᠦᠭᠡᠢ ᠪᠣᠯᠤᠨ᠎ᠠ᠂ ᠤᠴᠢᠷ ᠨᠢ ᠲᠡᠷᠡ ᠪᠣᠯ ᠬᠦᠷᠭᠡᠯᠲᠡ ᠶᠢᠨ ᠠᠵᠢᠯᠯᠠᠭ᠎ᠠ᠂ ᠠᠵᠤ ᠠᠬᠣᠶᠢᠯᠯ ᠤᠨ︵积分︶ ᠭᠡᠷᠴᠢᠯᠡᠯᠯᠲᠡ ᠶᠠᠮᠠᠷ ᠴᠦ ᠢᠷᠡᠭᠡᠳᠦᠢ ᠦᠭᠡᠢ᠂ ᠦᠡᠷᠲᠡᠭ ᠨᠢ ᠶᠡᠬᠡ ᠪᠢᠰᠢ ᠃ ᠲᠡᠷᠡ ᠨᠢ ᠬᠡᠷᠡᠭᠡᠯᠡᠭᠴᠢᠳ ᠡᠴᠡ ᠠᠵᠤ ᠠᠬᠣᠶᠢᠯᠯ ᠶᠢᠨ ᠳᠣᠲᠣᠭᠠᠳᠦ ᠶᠢᠨ ᠶᠠᠮᠠᠷᠪᠠ ᠠᠰᠢᠭ ᠣᠷᠤᠯᠭ᠎ᠠ ᠪᠠ ᠦᠷᠲᠦᠭ ᠦᠨ ᠬᠣᠪᠢᠶᠠᠷᠯᠠᠯᠲᠠ ᠦᠭᠡᠢ᠃ ᠭᠡᠲᠡᠯ᠎ᠡ ᠭᠡᠷᠡᠴᠢᠯᠡᠭᠡ ᠤ ᠠᠵᠤ ᠠᠬᠣᠢ ᠶᠢᠨ︵通证经济︶ ᠶᠢᠨ︵绿色消费积分︶ ᠨᠣᠭᠤᠭᠠᠨ ᠦᠭᠭᠡᠲᠦ ᠭᠡᠷᠡᠴᠢᠯᠡᠭᠡ ᠤ ᠲᠡᠮᠳᠡᠭ ᠪᠣᠯ ᠦᠷᠲᠡᠭ ᠦᠨ ᠲᠡᠮᠳᠡᠭᠯᠡᠭᠦᠷ᠂ ᠲᠡᠷᠡ ᠨᠢ ᠬᠡᠷᠡᠭᠡᠯᠡᠭᠴᠢᠳ ᠡᠴᠡ ᠠᠵᠤ ᠠᠬᠣᠶᠢᠯᠯ ᠳᠤ ᠶᠠᠮᠠᠷ ᠨᠢᠭᠡᠨ ᠤᠦᠲᠬᠠ ᠠᠭᠤᠯᠭ᠎ᠠ ᠲᠠᠢ᠂ ᠦᠷᠲᠦᠭ ᠲᠠᠢ ᠠᠵᠢᠯᠠᠯᠭ᠎ᠠ ᠬᠢᠭᠡᠳ ᠤᠯᠤᠭᠰᠠᠨ ᠠᠴᠢ ᠬᠠᠷᠢᠭᠤᠯᠲᠠ ᠪᠣᠯᠣᠨ᠎ᠠ᠂ ᠲᠡᠭᠦᠨ ᠦ ᠵᠣᠷᠢᠯᠭ᠎ᠠ ᠨᠢ ᠬᠡᠷᠡᠭᠡᠯᠡᠭᠴᠢᠳ ᠢ ᠨᠡᠩ ᠢᠳᠡᠪᠬᠢᠳᠠᠢ ᠪᠡᠷ ᠲᠤᠰ ᠠᠵᠤ ᠠᠬᠣᠶᠢᠯᠯ ᠤᠨ ᠢᠷᠦᠭᠡᠳᠤᠢ ᠤ ᠠᠰᠢᠭ ᠤᠷᠤᠯᠭ᠎ᠠ ᠪᠠ ᠦᠷᠲᠦᠭ ᠦᠨ ᠬᠤᠪᠢᠶᠠᠷᠢᠯᠠᠯ ᠳᠤ ᠤᠷᠤᠯᠴᠭᠤᠯᠬᠤ ᠶᠢᠨ ᠲᠦᠯᠦᠭᠡ ᠶᠦᠮ᠃ ᠲᠡᠷᠡ ᠪᠠᠷᠢᠮᠵᠢᠶ᠎ᠠ ᠲᠠᠢ᠂ ᠪᠠᠲᠤᠯᠭᠠᠵᠭᠤᠯᠭᠠ ᠲᠠᠢ ᠠᠵᠢᠯᠠᠭ᠎ᠠ ᠶᠦᠮ᠂ ᠲᠡᠷᠡ ᠨᠢ ᠪᠡᠯᠡᠨ ᠮᠦᠭᠭᠦ ᠤ ᠬᠢᠯᠪᠡᠷᠢ ᠪᠡᠷ ᠭᠤᠷᠪᠠᠳᠤᠭᠠᠷ ᠡᠲᠡᠭᠡᠳ ᠦᠨ ᠳᠠᠭᠰᠠᠨᠠ ᠬᠠᠳᠠᠭᠠᠯᠠᠭᠳᠠᠵᠤ᠂ ᠪᠡᠯᠡᠨ ᠮᠦᠭᠭᠦ ᠭᠠᠷᠭᠠᠨ ᠠᠪᠤᠭᠰᠠᠨ ᠴᠦ ᠪᠣᠯᠤᠨ᠎ᠠ᠂ ᠪᠦᠲᠦᠭᠡᠭᠳᠦᠨ ᠰᠣᠯᠢᠭᠰᠠᠨ ᠴᠦ ᠪᠣᠯᠤᠨ᠎ᠠ᠂ ᠠᠵᠤ ᠠᠬᠣᠶᠢᠯᠯ ᠤᠨ ᠰᠲ᠋ᠣᠺ ᠢ ᠰᠣᠯᠢᠭᠰᠠᠨ ᠴᠦ ᠪᠣᠯᠤᠨ᠎ᠠ᠃ ᠡᠶᠢᠮᠦ ᠡᠴᠡ ᠠᠵᠦ ᠠᠬᠤᠶᠢᠯᠠᠯ ᠤᠨ ᠭᠡᠷᠡᠴᠢᠯᠡᠭᠡ ᠲᠡᠮᠳᠡᠭᠲᠦ ᠪᠠ(企业积分) ᠨᠣᠭᠤᠭᠠᠨ ᠦᠭᠭᠡᠲᠦ ᠭᠡᠷᠡᠴᠢᠯᠡᠭᠡ ᠲᠡᠮᠳᠡᠭᠲᠦ (绿色消费积分)ᠨᠢ ᠡᠶᠢᠮᠦᠷᠬᠦ ᠵᠦᠷᠢᠶ᠎ᠡ ᠲᠠᠢ ᠪᠠᠶᠢᠳᠠᠭ᠃