-
8491
ᠰᠡᠳᠬᠢᠯ ᠤᠨ ᠡᠳᠡᠭᠡᠷᠡᠯ ︵ ᠥᠪᠡᠷ ᠦᠨ ᠪᠥᠳᠦᠭᠡᠯ ︶
2015-07-21 19:22
226
1
ᠭᠠᠰᠢᠭᠣᠨ ᠵᠣᠪᠠᠯᠠᠩ ᠪᠣᠴᠠᠯᠣᠭᠰᠠᠨ ᠣᠷᠴᠢᠯᠠᠩ ᠳᠤ
ᠬᠠᠰᠬᠢᠷᠣᠨ ᠣᠷᠢᠯᠠᠬᠣ ᠳᠤ ᠬᠣᠭᠣᠯᠠᠢ ᠵᠠᠩᠬᠢᠷᠣᠨᠠ
ᠭᠠᠰᠠᠯᠠᠩ ᠵᠣᠪᠠᠯ ᠬᠣᠣᠰᠯᠠᠭᠰᠠᠨ ᠬᠣᠷᠸ᠎ᠠ ᠳᠤ
ᠬᠠᠯᠠᠭᠣᠨ ᠨᠢᠯᠪᠣᠰᠣ ᠮᠡᠯᠮᠡᠷᠡᠨ ᠣᠷᠣᠰᠣᠨ᠎ᠠ
ᠠᠪᠤ ᠶᠢᠨ ᠮᠢᠨᠢ ᠡᠵᠢ ᠡᠮᠡᠭᠡ ᠶᠢ ᠮᠢᠨᠢ
ᠠᠪᠣᠭᠠᠳ ᠠᠶᠠᠷᠯᠠᠭᠰᠠᠨ ᠡᠨᠡ ᠶᠢᠷᠲᠢᠨᠴᠦ ᠳᠦ
ᠠᠯᠠᠭᠬᠠᠨ ᠵᠢᠷᠦᠬᠡᠨ ᠳᠦ ᠪᠡᠨ ᠵᠠᠨᠣᠨ ᠬᠣᠷᠣᠰᠪᠠᠴᠣ
ᠠᠬᠢᠭᠠᠳ ᠡᠷᠬᠢᠭᠦᠯᠬᠦ ᠡᠴᠡ ᠦᠩᠭᠡᠷᠡᠨ ᠬᠣᠯᠠᠳᠴᠠᠢ
ᠨᠢᠯᠪᠣᠰᠣ ᠨᠢ ᠳᠣᠰᠣᠯᠠᠭᠰᠠᠨ ᠴᠦ ᠡᠩᠭᠡᠷ ᠲᠦ ᠪᠡᠨ ᠰᠢᠩᠭᠡᠭᠡᠭᠰᠡᠨ ᠠᠪᠤ ᠮᠢᠨᠢ
ᠨᠢᠭᠣᠵᠦ ᠣᠬᠢᠯᠠᠭᠰᠠᠨ ᠴᠦ ᠪᠢᠳᠡᠨ ᠳᠦ ᠪᠡᠨ ᠢᠨᠢᠶᠡᠭᠰᠡᠨ ᠠᠪᠤ ᠮᠢᠨᠢ
ᠥᠷᠥ ᠵᠢᠷᠣᠭᠡᠨ ᠳᠤ ᠨᠢ ᠡᠮᠳᠡᠷᠡᠨ ᠰᠢᠨᠠᠯᠵᠦ ᠪᠠᠶᠢᠪᠠᠴᠣ
ᠥᠷᠥᠭᠡ ᠭᠡᠷ ᠲᠡᠬᠡᠨ ᠥᠨᠢᠳᠡ ᠶᠢᠨ ᠲᠥᠰᠢᠭ ᠠᠪᠤ ᠮᠢᠨᠢ
ᠡᠬᠡ ᠨᠣᠳᠣᠭ ᠤᠨ ᠡᠪᠡᠰᠦ ᠣᠷᠭᠣᠮᠠᠯ ᠪᠥᠬᠦᠨ ᠡᠴᠡ
︽ᠡᠮᠡᠭᠡ ᠶᠢ ᠮᠢᠨᠢ ᠪᠣᠴᠠᠭᠠᠴᠢ ︾ ᠭᠡᠵᠦ ᠡᠯᠢᠭᠡ ᠡᠮᠲᠡᠷᠡᠨ ᠰᠥᠬᠥᠷᠡᠬᠦ ᠳᠦ
ᠡᠪᠡᠰᠦ ᠣᠷᠭᠣᠮᠠᠯ ᠨᠠᠶᠢᠷ ᠥᠬᠡᠶᠢᠬᠡᠨ ᠭᠠᠩᠬᠠᠭᠰᠠᠭᠠᠷ
ᠡᠮᠡᠭᠡ ᠶᠢᠨ ᠮᠢᠨᠢ ᠪᠠᠷ᠎ᠠ ᠲᠡᠷᠲᠡᠭᠡ ᠠᠯᠥᠰ ᠲᠤ ᠬᠣᠯᠠᠳᠣᠭᠰᠠᠭᠠᠷ
ᠬᠠᠯᠠ ᠪᠠᠶᠢᠳᠠᠭ ᠴᠦ ᠬᠠᠶᠢᠷ᠎ᠠ ᠢᠵᠢᠯᠢᠰᠢᠭᠰᠡᠨ ᠣᠷᠴᠢᠯᠠᠩ ᠳᠤ
ᠬᠠᠨ ᠠᠭᠣᠯᠠ ᠰᠢᠭ ᠰᠡᠬᠦᠶᠢᠨ ᠰᠦᠨᠳᠡᠷᠯᠡᠭᠰᠡᠨ ᠠᠪᠤ ᠮᠢᠨᠢ
ᠬᠠᠳᠣᠨ ᠡᠵᠢ ᠶᠢᠨ ᠬᠠᠨᠢ ᠶᠢᠨ ᠲᠡᠭᠷᠢ
ᠬᠠᠶᠢᠷᠠᠲᠤ ᠠᠪᠦ ᠮᠢᠨᠢ ᠡᠷᠲᠡᠬᠡᠨ ᠰᠡᠳᠬᠢᠯ ᠡᠳᠡᠭᠡᠷᠠᠢ
ᠠᠪᠦ ᠳᠠᠭᠠᠨ ᠁ ᠁