 

ᠮᠣᠩᠭᠣᠯ ᠡᠷ᠎ᠡ ᠬᠦᠮᠥᠨ ᠬᠠᠮᠢᠭ᠎ᠠ ᠪᠠᠶᠢᠨ᠎ᠠ ︵ ᠮᠢᠨᠤ ᠬᠠᠶᠢᠷᠠᠲᠠᠢ ᠰᠢᠯᠥᠭ ︶

2015-07-29 18:54
  330
  1
      ᠬᠦᠪᠴᠢᠨ ᠳᠡᠯᠡᠬᠡᠢ ᠶᠢ ᠰᠥᠭᠦᠳᠣᠬᠦᠯᠵᠦ ᠶᠠᠪᠣᠭᠰᠠᠨ 
      ᠬᠥᠬᠡ ᠲᠣᠯᠪᠣᠳᠣ ᠮᠣᠩᠭᠣᠯ ᠡᠷ᠎ᠡ ᠬᠥᠮᠥᠨ ᠬᠠᠮᠢᠭ᠎ᠠ ᠪᠠᠶᠢᠨ᠎ᠠ 
      ᠴᠡᠯᠮᠡᠭ ᠲᠡᠭᠷᠢ ᠳᠡᠬᠡᠨ ᠰᠥᠬᠦᠳᠴᠣ ᠮᠥᠷᠬᠦᠭᠰᠡᠨ 
      ᠴᠠᠭᠠᠨ ᠰᠡᠳᠬᠢᠯ ᠲᠠᠢ ᠮᠣᠩᠭᠣᠯ ᠡᠷ᠎ᠡ ᠬᠥᠮᠥᠨ ᠬᠠᠮᠢᠭ᠎ᠠ ᠪᠠᠶᠢᠨ᠎ᠠ 
      ᠬᠠᠵᠠᠭᠠᠷ ᠳᠠᠷᠣᠨ ᠲᠡᠮᠡᠥᠯᠡᠭᠰᠡᠨ ᠬᠠᠲᠠᠷᠢ ᠵᠢᠷᠣᠭ᠎ᠠ ᠭᠦᠯᠥᠭ ᠦᠨ ᠡᠵᠡᠨ 
      ᠬᠠᠮᠣᠭ ᠮᠣᠩᠭᠣᠯ ᠤᠨ ᠮᠢᠨᠢ ᠰᠥᠯᠳᠡᠨ ᠲᠡᠭᠷᠢ 
      ᠬᠠᠯᠬ᠎ᠠ ᠡᠷ᠎ᠡ ᠬᠥᠮᠥᠨ ᠲᠠ ᠬᠠᠮᠢᠭ᠎ᠠ ᠪᠠᠶᠢᠨ᠎ᠠ 
 
      ᠣᠢ ᠶᠢᠨ ᠰᠣᠭᠣ ᠰᠢᠭ ᠲᠠᠩᠬᠢᠯᠠᠬᠠᠨ ᠪᠥᠰᠡᠬᠦᠢ ᠲᠠᠢ 
      ᠣᠳᠣᠳ ᠤᠨ ᠳᠣᠣᠷ᠎ᠠ ᠬᠠᠶᠢᠷ᠎ᠠ ᠰᠢᠪᠡᠨᠡᠯᠴᠡᠭᠰᠡᠨ 
      ᠣᠷᠣᠨ ᠮᠣᠩᠭᠣᠯ ᠤᠨ ᠮᠢᠨᠢ ᠬᠠᠯᠠᠭᠣᠨ ᠣᠷᠣᠭ 
      ᠣᠮᠣᠭᠯᠠᠩ ᠵᠠᠩ ᠲᠠᠢ ᠮᠣᠩᠭᠣᠯ ᠡᠷ᠎ᠡ ᠬᠦᠮᠥᠨ ᠲᠠ ᠬᠠᠮᠢᠭ᠎ᠠ ᠪᠠᠶᠢᠨ᠎ᠠ 
 
      ᠦᠨᠡᠭᠡᠴᠢᠯᠡᠨ ᠵᠡᠬᠦᠳᠥᠯᠡᠬᠦ ᠬᠣᠩᠭᠣᠷ ᠬᠥᠥ ᠶᠢᠨ ᠪᠡᠨ ᠲᠣᠯᠣᠭᠠᠢ ᠳᠡᠭᠡᠷ᠎ᠡ 
      ᠦᠨᠡᠭᠡ ᠬᠠᠶᠢᠴᠢᠯᠠᠨ ᠲᠣᠮᠨᠣᠭᠰᠠᠨ ᠡᠴᠢᠭᠡ ᠶᠢᠨ ᠴᠠᠭᠠᠨ ᠰᠡᠳᠬᠢᠯ ᠲᠠᠢ 
      ᠦᠨᠡᠨᠴᠢ ᠠᠮᠠᠷᠠᠭ ᠤᠨ ᠬᠠᠷᠠᠴᠠᠨ ᠳᠤ ᠨᠢᠯᠬ᠎ᠠ ᠣᠨᠠᠭ᠎ᠠ ᠰᠢᠭ᠋ ᠨᠣᠮᠣᠬᠠᠷᠠᠳᠠᠭ 
      ᠦᠭᠡ ᠨᠢ ᠬᠠᠲᠠᠭᠣ ᠮᠣᠩᠭᠣᠯ ᠡᠷ᠎ᠡ ᠬᠥᠮᠥᠨ ᠲᠠ ᠬᠠᠮᠢᠭ᠎ᠠ ᠪᠠᠶᠢᠨ᠎ᠠ 
 
      ᠭᠠᠩ ᠳᠥᠷᠥᠬᠡᠨ ᠳᠡᠬᠡᠨ ᠡᠭᠡᠳᠡᠩ ᠭᠣᠳᠣᠯ ᠵᠢᠬᠢᠵᠦ  
      ᠭᠠᠳᠠᠭᠠᠳᠣ ᠳᠠᠯᠠᠢ ᠶᠢ ᠬᠥᠯᠥᠭ ᠦᠨ ᠰᠢᠨᠳᠠᠰᠣ ᠪᠠᠷ ᠲᠣᠭᠣᠯᠵᠦ 
      ᠭᠠᠯᠪᠠ ᠶᠢᠷᠲᠢᠨᠴᠦ ᠳᠦ ᠥᠪᠡᠷ ᠦᠨ ᠲᠡᠣᠬᠡ ᠶᠢ ᠪᠥᠳᠥᠭᠡᠭᠰᠡᠨ 
      ᠭᠠᠷ ᠲᠠᠭᠠᠨ ᠢᠯᠳᠣ ᠪᠠᠷᠢᠭᠰᠠᠨ ᠡᠪᠣᠭᠡᠳ ᠤᠨ ᠣᠳᠣᠮ 
      ᠡᠷ᠎ᠡ ᠬᠥᠮᠥᠨ ᠲᠠ ᠬᠠᠮᠢᠭ᠎ᠠ ᠪᠠᠶᠢᠨ᠎ᠠ 
 
      ᠴᠠᠯ ᠪᠣᠭᠣᠷᠣᠣᠯ ᠠᠪᠤ ᠶᠢᠨ ᠢᠶᠡᠨ ᠦᠭᠡᠨ ᠳᠦ ᠬᠥᠮᠥᠵᠢᠭᠰᠡᠨ ᠬᠥᠥ 
      ᠴᠠᠭᠠᠨ ᠰᠡᠳᠬᠢᠯᠳᠣ ᠡᠵᠢ ᠶᠢᠨ ᠢᠶᠡᠨ ᠬᠠᠶᠢᠷᠠᠨ ᠳᠤ ᠥᠰᠥᠭᠰᠡᠨ ᠦᠷ᠎ᠡ 
      ᠴᠢᠷᠠᠶᠢᠯᠠᠭ ᠮᠣᠩᠭᠣᠯ ᠪᠥᠰᠡᠬᠦᠢ ᠶᠢᠨ ᠬᠠᠷᠠᠴᠠ ᠶᠢ ᠪᠣᠯᠢᠶᠠᠭᠰᠠᠨ ᠡᠷ᠎ᠡ 
      ᠴᠣᠪᠣᠭᠣ ᠬᠣᠩᠭᠣᠷ ᠦᠷ᠎ᠡ ᠶᠢᠨ ᠢᠶᠡᠨ ᠰᠣᠳᠬᠢᠯ ᠳᠤ ᠮᠥᠩᠬᠡᠷᠡᠭᠰᠡᠨ ᠡᠴᠢᠭᠡ 
      ᠡᠷ᠎ᠡ ᠬᠥᠮᠥᠨ ᠲᠠ ᠬᠠᠮᠢᠭ᠎ᠠ ᠪᠠᠶᠢᠨ᠎ᠠ 
 
      ᠬᠣᠯᠠ ᠶᠢᠨ ᠬᠣᠯᠠ ᠠᠴᠠ ᠰᠢᠵᠢᠷᠳᠣᠬᠦ ᠠᠯᠲᠠᠨ ᠨᠠᠷᠠᠨ ‍ᠣ ᠰᠠᠴᠣᠷᠠᠭ  
      ᠬᠥᠬᠡ ᠣᠭᠲᠠᠷᠭᠤᠢ ᠳᠦ ᠨᠣᠮᠣᠷᠠᠬᠣ ᠰᠢᠨ᠎ᠡ ᠰᠣᠯᠣᠩᠭ᠎ᠠ ᠶᠢᠨ ᠥᠩᠭᠡ 
      ᠬᠣᠣᠰ ᠢᠶᠠᠷ ᠠᠮᠢᠳᠣᠷᠠᠬᠣ ᠲᠠᠪᠢᠯᠠᠩ ᠤᠨ ᠥᠯᠥ ᠳᠠᠰᠣᠷᠠᠬᠣ ᠪᠠᠭᠠᠨ᠎ᠠ 
      ᠬᠠᠨᠠᠳᠣ ᠥᠷᠬᠦᠬᠡ ᠭᠡᠷ ᠦᠨ ᠬᠣᠶᠢᠮᠥᠷ ᠲᠤ ᠵᠠᠯᠠᠷᠠᠬᠣ ᠰᠢᠳᠣᠬᠡᠨ 
      ᠡᠷ᠎ᠡ ᠬᠥᠮᠥᠨ ᠲᠠ ᠬᠠᠮᠢᠭ᠎ᠠ ᠪᠠᠶᠢᠨ᠎ᠠ 
 
      ᠠᠰᠠᠭᠳᠣ ᠥᠨᠳᠦᠷ ᠰᠠᠷᠢᠳᠠᠭ ᠤᠨ ᠣᠷᠬᠢᠯ ᠳᠤ ᠭᠥᠷᠥᠭᠡᠯᠡᠭᠰᠡᠨ ᠠᠩᠴᠢᠨ  
      ᠠᠷᠢᠭᠣᠨ ᠲᠣᠯᠭᠠᠳᠣ ᠲᠥᠷᠥ ᠶᠢᠨ ᠭᠣᠯᠣᠮᠲᠠ ᠳᠥᠰᠢᠭᠰᠡᠨ ᠳᠥᠰᠢᠶ᠎ᠡ 
      ᠰᠡᠴᠡᠨ ᠫᠣᠣ ᠮᠥᠷᠥᠯᠡᠵᠦ ᠨᠢᠳᠣ ᠴᠠᠪᠴᠢᠭ᠎ᠠ ᠦᠭᠡᠢ ᠬᠢᠯᠢᠴᠢᠨ 
      ᠴᠠᠭ ᠤᠨ ᠰᠠᠭᠠᠬᠠᠯᠳᠠ ᠳᠤ ᠮᠥᠬᠦᠬᠡ ᠦᠭᠡᠢ ᠠᠯᠲᠠᠨ ᠣᠷᠣᠭ ᠤᠨ ᠵᠠᠯᠭᠠᠮᠵᠢ 
      ᠡᠷ᠎ᠡ ᠬᠥᠮᠥᠨ ᠲᠠ ᠬᠠᠮᠢᠭ᠎ᠠ ᠪᠠᠶᠢᠨ᠎ᠠ 

     ᠪᠥᠷᠳᠡ ᠴᠢᠨᠦ᠎ᠠ ᠶᠢᠨ ᠣᠶᠠᠩᠭᠠᠳᠣ ᠣᠯᠢᠯᠳᠠ ᠶᠢᠨ ᠥᠷᠬᠦᠯᠵᠢᠯᠡᠯ 
     ᠪᠣᠭᠳᠠ ᠴᠢᠩᠬᠢᠰ ᠬᠠᠭᠠᠨ ‍ᠣ ᠣᠳᠦᠮ ᠵᠠᠯᠭᠠᠭᠰᠠᠨ ᠣᠷᠣᠭ
     ᠬᠠᠳᠥᠨ ᠮᠠᠨᠳᠣᠬᠠᠢ ᠡᠬᠡ ᠶᠢᠨ ᠬᠡᠪᠡᠯᠢ ᠳ᠋ᠥ ᠲᠣᠷᠨᠢᠭᠰᠠᠨ ᠦᠷ᠎ᠡ
     ᠬᠠᠳᠠᠨ ᠵᠣᠷᠢᠭᠳᠣ ᠮᠣᠩᠭᠣᠯ ᠬᠦᠮᠥᠨ ᠲᠠ ᠬᠠᠮᠢᠭ᠎ᠠ ᠪᠠᠶᠢᠨ᠎ᠠ

     ᠵᠣᠪᠠᠭᠰᠠᠨ ᠴᠦ ᠵᠢᠷᠭᠠᠭᠰᠠᠨ ᠴᠦ ᠨᠢᠯᠪᠣᠰᠣ ᠪᠠᠨ ᠥᠵᠡᠬᠦᠯᠳᠡᠭ ᠦᠬᠡᠢ 
     ᠵᠣᠷᠢᠭ ᠵᠢᠷᠣᠬᠡ ᠳᠡᠰᠪᠣᠷᠢ ᠳᠡᠪᠴᠢᠶᠡᠷᠢ ᠴᠢᠨᠢ ᠬᠠᠮᠢᠭ᠎ᠠ ᠪᠠᠶᠢᠨ᠎ᠠ
     ᠴᠢᠰᠥᠨ ᠡᠴᠡ ᠪᠡᠨ ᠥᠨᠡᠲᠠᠢ ᠨᠢᠯᠪᠣᠰᠣ ᠪᠠᠨ ᠥᠵᠡᠬᠦᠯᠳᠡᠭ ᠦᠭᠡᠢ
     ᠴᠥᠬᠦᠷᠡᠵᠦ ᠦᠵᠡᠭᠡ ᠦᠬᠡᠢ ᠰᠡᠳᠬᠢᠯ ᠦᠨ ᠬᠠᠳᠠ ᠴᠢᠨᠢ ᠬᠠᠮᠢᠭ᠎ᠠ ᠪᠠᠶᠢᠨ᠎ᠠ

     ᠡᠷᠡᠳᠡᠬᠦᠦ ᠴᠡᠭᠡᠯᠬᠡᠨ ᠬᠣᠭᠣᠯᠠᠢ ᠪᠠᠷ ᠢᠶᠠᠨ 
     ᠡᠷ᠎ᠡ ᠪᠣᠷᠣ ᠬᠠᠷᠴᠠᠭᠠᠢ ᠶᠢ ᠠᠶᠠᠯᠵᠦ
     ᠨᠢᠳᠣ ᠠᠯᠳᠠᠮ᠎ᠠ ᠴᠡᠩᠬᠡᠷ ᠲᠠᠯ᠎ᠠ ᠶᠢ ᠣᠶᠠᠷᠠᠭᠠᠭᠰᠠᠨ 
     ᠨᠢᠳᠣᠨ ᠳᠤ ᠪᠠᠨ ᠬᠣᠷᠸ᠎ᠠ ᠶᠢ ᠰᠢᠨᠵᠢᠭᠰᠡᠨ ᠣᠬᠠᠭᠠᠨ ᠴᠢᠨᠢ ᠬᠠᠮᠢᠭ᠎ᠠ ᠪᠠᠶᠢᠨ᠎ᠠ
     ᠡᠷ᠎ᠡ ᠬᠦᠮᠥᠨ ᠲᠠᠨ ᠢ ᠡᠷ᠎ᠡ ᠬᠦᠮᠥᠨ ᠪᠢ ᠬᠠᠶᠢᠯ᠎ᠠ 
     ᠡᠨᠡ ᠨᠡᠶᠢᠭᠡᠮ ᠦᠨ ᠲᠠᠯᠠᠪᠠᠢ ᠠᠴᠠ ᠡᠷᠢᠯ ᠲᠠᠯᠪᠢᠵᠦ ᠰᠣᠷᠣᠯ᠎ᠠ
     ᠡᠷᠢᠭᠰᠡᠨ ᠣᠯᠵᠠ ᠪᠠᠨ ᠡᠨᠳᠡ ᠡᠴᠡ ᠪᠢ ᠣᠯᠣᠯ᠎ᠠ
     ᠡᠯᠢᠭᠡ ᠵᠢᠷᠦᠬᠡ ᠬᠣᠶᠠᠷ ᠲᠤ ᠪᠠᠨ ᠥᠪᠡᠷ ᠦᠨ ᠡᠷᠬᠡ ᠦᠭᠡᠢ ᠬᠠᠷᠠᠮᠰᠠᠯ᠎ᠠ

   ᠬᠥᠬᠡ ᠲᠣᠯᠪᠣᠳᠣ ᠮᠣᠩᠭᠣᠯ ᠡᠷ᠎ᠡ ᠬᠦᠮᠥᠨ ᠢ
   ᠬᠣᠲᠠ ᠶᠢᠨ ᠭᠣᠳᠣᠮᠵᠢᠨ ᠡᠴᠡ ᠣᠯᠣᠭᠰᠠᠨ ᠦᠬᠡᠢ
   ᠥᠷᠭᠡᠨ ᠴᠡᠭᠡᠵᠢ ᠲᠠᠢ ᠬᠠᠩᠬᠠᠷ ᠡᠷ᠎ᠡ ᠶᠢ
   ᠡᠮᠦᠰᠦᠭᠰᠡᠨ ᠬᠤᠪᠴᠠᠰᠤᠨ ᠡᠴᠡ ᠨᠢ ᠪᠢ ᠣᠯᠣᠭᠰᠠᠨ ᠦᠬᠡᠢ     
   ᠣᠷᠳᠣ ᠶᠢᠨ ᠳᠠᠭᠣᠣ ᠠᠶᠠᠯᠤᠭᠰᠠᠨ ᠡᠷ᠎ᠡ ᠬᠦᠮᠥᠨ ᠢ
   ᠣᠣᠭᠣᠭᠰᠠᠨ ᠠᠷᠢᠬᠢᠨ ᠤ ᠬᠢᠨᠢ ᠯᠣᠩᠬᠣᠨ ᠡᠴᠡ ᠣᠯᠣᠯ᠎ᠠ
   ᠡᠷᠢᠯ ᠰᠣᠷᠠᠯ ᠪᠣᠯᠣᠭᠰᠠᠨ ᠡᠷ᠎ᠡ ᠬᠦᠮᠥᠨ ᠢ ᠪᠡᠨ ᠪᠢ
   ᠡᠷᠡᠭᠦᠯᠵᠢᠬᠦᠯᠬᠦ ᠶᠢᠨ ᠥᠮᠡᠬᠡᠢ ᠥᠷᠥᠭᠡᠨ ᠡᠴᠡ ᠣᠯᠣᠯ᠎ᠠ



  
     
     