-
25865
ᠮᠣᠩᠭᠣᠯ ᠠᠳᠤᠭᠤ
2026-08-25 21:42
12
0
ᠲᠠᠯ᠎ᠠ ᠶᠢᠨ ᠲᠠᠪᠤᠨ ᠡᠷᠳᠡᠨᠢ —
ᠮᠣᠩᠭᠣᠯ ᠠᠳᠤᠭᠤ
— ᠳᠣᠯᠣᠳ• ᠨᠠᠮᠵᠢᠯ
ᠮᠣᠩᠭᠣᠯ ᠠᠳᠤᠭᠤ ᠪᠣᠯ ᠮᠣᠩᠭᠣᠯ ᠤᠨ ᠦᠨᠳᠦᠷᠯᠢᠭ ᠪᠣᠯᠣᠨ ᠲᠡᠭᠦᠨ ᠦ ᠣᠷᠴᠢᠨ ᠳᠠᠬᠢ ᠥᠷᠭᠡᠨ ᠠᠭᠤᠳᠠᠮ ᠭᠠᠵᠠᠷ ᠨᠤᠲᠤᠭ ᠲᠠᠬᠢ ᠡᠷᠡᠰ ᠲᠠᠰ ᠬᠤᠪᠢᠷᠢᠯᠲᠠ ᠶᠡᠬᠡ ᠪᠠᠶᠢᠭᠠᠯᠢ ᠶᠢᠨ ᠨᠥᠭᠥᠴᠡᠯ ᠪᠠᠶᠢᠳᠠᠯ ᠪᠣᠯᠣᠨ ᠠᠭᠤᠷ ᠠᠮᠢᠰᠬᠤᠯ ᠤᠨ ᠬᠠᠯᠠᠭᠤᠨ ᠬᠦᠢᠲᠡᠨ ᠨᠢ ᠲᠣᠭᠲᠠᠪᠤᠷᠢ ᠦᠭᠡᠢ ᠬᠠᠲᠠᠭᠤ ᠴᠢᠩᠭ᠎ᠠ ᠣᠷᠴᠢᠨ ᠠᠬᠤᠢ ᠳᠤ᠂ ᠮᠣᠩᠭᠣᠯᠴᠤᠳ ᠤᠷᠲᠤ ᠤᠳᠠᠭᠠᠨ ᠲᠡᠦᠬᠡᠨ ᠬᠤᠭᠤᠴᠠᠭᠠᠨ᠎ᠠ᠂ ᠠᠬᠤᠢ ᠠᠮᠢᠳᠤᠷᠠᠯ ᠬᠡᠷᠡᠭᠯᠡᠭᠡᠨ ᠳᠡᠬᠡᠨ ᠵᠣᠬᠢᠴᠠᠭᠤᠯᠤᠨ᠂ ᠵᠢᠯ ᠲᠤᠷᠰᠢᠬᠢ ᠪᠡᠯᠴᠢᠭᠡᠷ ᠦᠨ ᠮᠠᠯᠵᠢᠯᠭ᠎ᠠ ᠪᠠᠷ ᠴᠢᠩᠭ᠎ᠠ ᠨᠢᠮᠪᠠᠢ ᠰᠢᠯᠢᠨ ᠰᠣᠩᠭᠣᠵᠣ ᠪᠣᠶᠢᠵᠢᠭᠤᠯᠤᠭᠰᠠᠨ ᠤᠨᠤᠭᠠᠷᠢ ᠪᠠᠷ ᠭᠣᠣᠯᠴᠢᠯᠠᠭᠰᠠᠨ᠂ ᠬᠥᠯᠥᠰᠢ᠂ ᠰᠦ᠋ ᠵᠡᠷᠭᠡ ᠡᠳ᠋ᠯᠡᠯ ᠬᠡᠷᠡᠭᠯᠡᠭᠡ ᠶᠢ ᠤᠶᠠᠯᠳᠤᠭᠤᠯᠤᠭᠰᠠᠨ᠂ ᠮᠠᠯᠵᠢᠬᠤ ᠳᠤ ᠳᠦᠬᠦᠮ᠂ ᠡᠳ᠋ᠯᠡᠵᠦ ᠬᠡᠷᠡᠭᠯᠡᠬᠦ ᠳᠦ ᠣᠨᠴᠠ ᠲᠡᠰᠪᠤᠷᠢ ᠳᠠᠭᠠᠭᠠᠴᠠ ᠲᠠᠢ᠂ ᠳᠡᠯᠡᠬᠡᠢ ᠳ᠋ᠠᠬᠢᠨ᠎ᠠ ᠨᠡᠷ᠎ᠡ ᠠᠯᠳᠠᠷᠰᠢᠭᠰᠠᠨ ᠨᠢᠭᠡᠨ ᠰᠢᠯᠢᠳᠡᠭ ᠰᠠᠶᠢᠨ ᠡᠷᠲᠡᠨ ᠦ ᠡᠭᠦᠯᠳᠡᠷ ᠦᠨ ᠠᠳᠤᠭᠤ ᠶᠤᠮ᠃
ᠮᠣᠩᠭᠣᠯ ᠠᠳᠤᠭᠤᠨ ᠤ ᠲᠠᠷᠬᠠᠴᠠ ᠨᠢ ᠶᠡᠬᠡ ᠥᠷᠭᠡᠨ ᠪᠥᠭᠡᠳ ᠲᠣᠭ᠎ᠠ ᠲᠣᠯᠣᠭᠠᠢ ᠨᠢ ᠮᠠᠰᠢ ᠠᠷᠪᠢᠨ ᠪᠠᠶᠢᠳᠠᠭ᠃ ᠮᠠᠨ ᠤ ᠤᠯᠤᠰ ᠤᠨ ᠠᠳᠤᠭᠤᠨ ᠤ ᠭᠤᠷᠪᠠᠨ ᠤ ᠨᠢᠭᠡ ᠬᠤᠪᠢ ᠢᠯᠡᠭᠦᠦ ᠨᠢ ᠪᠦᠷ ᠮᠣᠩᠭᠣᠯ ᠠᠳᠤᠭᠤ ᠪᠣᠯᠣᠨ᠎ᠠ᠃ ᠡᠭᠦᠨᠳᠦ᠂ ᠮᠣᠩᠭᠣᠯ ᠠᠳᠤᠭᠤ ᠶᠢ ᠥᠪᠥᠷ ᠮᠣᠩᠭᠣᠯ ᠪᠣᠯᠣᠨ ᠯᠢᠶᠣᠤᠨᠢᠩ᠂ ᠭᠢᠷᠢᠨ᠂ ᠬᠠᠷᠠᠮᠥ᠋ᠷᠡᠨ ᠵᠡᠷᠭᠡ ᠵᠡᠭᠦᠨ ᠬᠣᠶᠢᠲᠦ ᠶᠢᠨ ᠭᠤᠷᠪᠠᠨ ᠮᠤᠵᠢ ᠣᠷᠣᠨ ᠳᠤ ᠶᠡᠬᠡ ᠠᠷᠪᠢᠨ ᠢᠶᠠᠷ ᠮᠠᠯᠵᠢᠵᠣ ᠪᠠᠶᠢᠬᠤ ᠠᠴᠠ ᠭᠠᠳᠠᠨ᠎ᠠ᠂ ᠰᠢᠨᠵᠢᠶᠠᠩ᠂ ᠬᠦᠬᠡᠨᠠᠭᠤᠷ᠂ ᠭᠠᠨᠰᠤ᠂ ᠨᠢᠩᠰᠢᠶᠠ᠂ ᠾᠸᠪᠸᠢ ᠵᠡᠷᠭᠡ ᠪᠤᠰᠤᠳ ᠮᠤᠵᠢ ᠣᠷᠣᠨ ᠳᠤ ᠪᠠᠰᠠ ᠠᠳᠠᠯᠢ ᠪᠤᠰᠤ ᠲᠣᠭ᠎ᠠ ᠪᠡᠷ ᠮᠠᠯᠵᠢᠵᠣ ᠪᠠᠶᠢᠨ᠎ᠠ᠃ ᠤᠯᠤᠰ ᠤᠨ ᠭᠠᠳᠠᠭᠠᠳᠣ ᠳᠤ᠂ ᠮᠣᠩᠭᠣᠯ ᠤᠯᠤᠰ ᠲᠤ ᠣᠯᠠᠨ ᠲᠣᠭ᠎ᠠ ᠪᠠᠷ ᠮᠠᠯᠵᠢᠵᠣ ᠪᠠᠶᠢᠬᠣ ᠶᠢ ᠭᠠᠷᠭᠠᠪᠠᠯ᠂ ᠪᠤᠷᠢᠶᠠᠳ᠂ ᠬᠠᠯᠢᠮᠠᠭ᠂ ᠠᠯᠲᠠᠢ᠂ ᠲᠤᠸᠠ᠂ ᠬᠠᠰᠠᠭ᠂ ᠭᠢᠷᠭᠢᠰ ᠵᠡᠷᠭᠡ ᠤᠯᠤᠰ ᠣᠷᠣᠨ ᠨᠤᠭᠤᠳ ᠲᠤ ᠪᠠᠰᠠ ᠠᠳᠠᠯᠢ ᠪᠤᠰᠤ ᠲᠣᠭ᠎ᠠ ᠪᠡᠷ ᠮᠠᠯᠵᠢᠵᠣ ᠪᠣᠢ᠃ ᠳᠡᠯᠡᠬᠡᠢ ᠶᠢᠨ ᠨᠡᠷ᠎ᠡ ᠠᠯᠳᠠᠷᠲᠣ ᠠᠷᠠᠪ ᠠᠳᠤᠭᠤ ᠵᠡᠷᠭᠡ ᠠᠽᠢᠶ᠎ᠠ ᠶᠢᠨ ᠨᠡᠷᠡᠲᠦ ᠠᠳᠤᠭᠤᠨ ᠤ ᠡᠭᠦᠯᠳᠡᠷ ᠨᠤᠭᠦᠳ ᠤᠨ ᠪᠣᠶᠢᠵᠢᠭᠤᠯᠤᠯᠲᠠ ᠶᠢᠨ ᠲᠡᠦᠬᠡᠨ ᠳᠤ ᠮᠣᠩᠭᠣᠯ ᠠᠳᠤᠭᠤᠨ ᠤ ᠤᠳᠤᠮ ᠵᠣᠬᠢᠬᠤ ᠬᠡᠮᠵᠢᠶ᠎ᠡ ᠪᠡᠷ ᠠᠭᠤᠯᠠᠵᠤ ᠪᠠᠶᠢᠳᠠᠭ᠃ ᠮᠣᠩᠭᠣᠯ ᠠᠳᠤᠭᠤᠨ ᠤ ᠲᠠᠷᠬᠠᠴᠠ ᠨᠢ ᠶᠡᠬᠡ ᠥᠷᠭᠡᠨ ᠪᠣᠯᠬᠣᠷ᠂ ᠡᠯ᠎ᠡ ᠭᠠᠵᠠᠷ ᠣᠷᠣᠨ ᠤ ᠪᠠᠶᠢᠭᠠᠯᠢ ᠣᠷᠴᠢᠨ ᠠᠬᠤᠢ ᠶᠢᠨ ᠨᠥᠬᠦᠴᠡᠯ ᠠᠳᠠᠯᠢ ᠦᠭᠡᠢ ᠵᠡᠷᠭᠡ ᠣᠯᠠᠨ ᠵᠦᠢᠯ ᠦᠨ ᠰᠢᠯᠲᠠᠭᠠᠨ ᠠᠴᠠ ᠰᠢᠯᠲᠠᠭᠠᠯᠠᠵᠣ᠂ ᠡᠯ᠎ᠡ ᠭᠠᠵᠠᠷ ᠣᠷᠣᠨ ᠳᠤ ᠥᠪᠡᠷᠮᠢᠴᠡ ᠰᠢᠨᠵᠢ ᠣᠨᠴᠠᠯᠢᠭ ᠪᠥᠬᠦᠶ ᠭᠠᠵᠠᠷ ᠣᠷᠣᠨ ᠤ ᠰᠢᠯᠢᠳᠡᠭ ᠡᠭᠦᠯᠳᠡᠷ ᠨᠤᠭᠦᠳ ᠪᠣᠢ ᠪᠣᠯᠵᠠᠢ᠂ ᠤᠯᠤᠰ ᠤᠨ ᠳᠣᠲᠣᠭᠠᠳᠣᠬᠢ ᠡᠭᠦᠯᠳᠡᠷ ᠢᠶᠡᠷ ᠵᠢᠱᠢᠶᠡᠯᠡᠬᠦ ᠳᠦ᠂ ᠦᠵᠦᠮᠦᠴᠢᠨ ᠠᠳᠤᠭᠤ᠂ ᠱᠠᠩᠳᠣ ᠶᠢᠨ ᠭᠣᠣᠯ ᠠᠳᠤᠭᠤ᠂ ᠬᠡᠰᠢᠭᠲᠡᠨ ᠦ ᠪᠠᠶᠢᠴᠠ ᠭᠣᠣᠯ ᠤᠨ︵ ᠪᠠᠶᠢᠴᠠ ᠭᠸᠦ︶ᠲᠡᠮᠦᠷ ᠲᠤᠭᠤᠷᠠᠶᠢᠲᠣ ᠠᠳᠤᠭᠤ᠂ ᠦᠦᠰᠢᠨ ᠠᠳᠤᠭᠤ᠂ ᠬᠠᠷᠠᠮᠦ᠋ᠷᠡᠨ ᠤ ᠨᠦᠩ ᠠᠨ ᠠᠳᠤᠭᠤ ᠭᠡᠬᠦ ᠮᠡᠲᠤ᠃ ᠮᠠᠨ ᠤ ᠤᠯᠤᠰ ᠤᠨ ᠡᠯ᠎ᠡ ᠭᠠᠵᠠᠷ ᠤᠳ ᠲᠤ ᠰᠢᠨ᠎ᠡ ᠪᠡᠷ ᠪᠣᠶᠢᠵᠢᠭᠤᠯᠤᠭᠰᠠᠨ ᠭᠤᠷᠪᠠᠨ ᠭᠣᠣᠯ ᠤᠨ ᠠᠳᠤᠭᠤ᠂ ᠰᠢᠨᠡᠬᠡᠨ ᠭᠣᠣᠯ ᠤᠨ ᠠᠳᠤᠭᠤ᠂ ᠣᠷᠴᠣᠨ ᠠᠳᠤᠭᠤ᠂ ᠰᠢᠨᠵᠢᠶᠠᠩ ᠤᠨ ᠶᠠᠨ ᠴᠢ ᠠᠳᠤᠭᠤ ᠵᠡᠷᠭᠡ ᠰᠢᠨ᠎ᠡ ᠡᠭᠦᠯᠳᠡᠷ ᠨᠤᠭᠦᠳ ᠢ ᠪᠣᠶᠢᠵᠢᠭᠤᠯᠬᠤ ᠳᠤ᠂ ᠮᠣᠩᠭᠣᠯ ᠠᠳᠤᠭᠤ ᠶᠢ ᠡᠬᠡ ᠤᠳᠤᠮ ᠢᠶᠠᠷ ᠬᠡᠷᠡᠭᠯᠡᠵᠡᠢ᠃
ᠠᠳᠤᠭᠤ᠂ ᠶ᠋ᠢᠨᠷ ᠳᠤᠮᠳᠠ ᠵᠡᠷᠭᠡ᠂ ᠲᠣᠯᠣᠭᠠᠢ ᠶᠢᠨ ᠶᠡᠬᠡ ᠪᠠᠭ᠎ᠠ ᠨᠢ ᠲᠡᠩᠴᠡᠭᠦᠬᠡᠨ᠂ ᠮᠠᠩᠨᠠᠢ ᠨᠢ ᠥᠷᠭᠡᠨ᠂ ᠨᠢᠳᠦ ᠨᠢ ᠪᠥᠯᠳᠡᠭᠡᠷ᠂ ᠬᠠᠮᠠᠷ ᠤᠨ ᠬᠢᠩᠭ᠎ᠠ ᠨᠢ ᠰᠢᠯᠤᠭᠤᠨ ᠬᠠᠶᠠ ᠵᠠᠷᠢᠮ ᠨᠢ ᠪᠠᠰᠠ ᠪᠠᠭ᠎ᠠ ᠵᠡᠷᠭᠡ ᠮᠣᠩᠬᠣᠷ ᠰᠢᠭ᠋᠂ ᠬᠠᠮᠠᠷ ᠤᠨ ᠨᠦᠬᠡ ᠨᠢ ᠲᠣᠮᠣ᠂ ᠴᠢᠬᠢ ᠨᠢ ᠪᠣᠰᠣᠭ᠎ᠠ ᠶᠡᠬᠡ ᠪᠠᠭ᠎ᠠ ᠨᠢ ᠲᠣᠬᠢᠷᠠᠮᠵᠢᠲᠠᠢ᠂ ᠬᠦᠵᠦᠭᠦᠦ ᠨᠢ ᠪᠣᠭᠤᠨᠢᠪᠲᠤᠷ ᠮᠥᠷᠲᠡᠭᠡᠨ ᠮᠢᠬᠠᠯᠢᠭ᠂ ᠮᠤᠨᠳᠠᠭ᠎ᠠ ᠨᠠᠮᠬᠠᠨ᠂ ᠴᠡᠭᠡᠵᠢ ᠲᠡᠨᠢᠭᠦᠨ ᠥᠷᠭᠡᠨ᠂ ᠨᠢᠷᠣᠭᠤ ᠲᠡᠭᠰᠢ ᠥᠷᠭᠡᠨ᠂ ᠲᠠᠰᠢᠶ᠎ᠠ ᠨᠢ ᠪᠠᠭ᠎ᠠ ᠵᠡᠷᠭᠡ ᠲᠠᠰᠢᠭᠤ᠂ ᠬᠡᠪᠡᠯᠢ ᠲᠣᠮᠣ ᠰᠢᠭ᠋᠂ ᠳᠥᠷᠪᠡᠨ ᠮᠥᠴᠢ ᠪᠤᠯᠴᠢᠩ ᠰᠠᠶᠢᠲᠠᠢ ᠭᠢᠰᠬᠢᠯᠲᠡ ᠲᠥᠪ ᠬᠦᠴᠦᠯᠢᠭ᠂ ᠲᠤᠭᠤᠷᠠᠢ ᠨᠢ ᠬᠠᠲᠠᠭᠤ ᠪᠢᠬᠢᠯᠢᠭ᠂ ᠠᠷᠠᠰᠤ ᠨᠢ ᠵᠤᠵᠠᠭᠠᠨ᠂ ᠪᠡᠶ᠎ᠡ ᠦᠰᠦ ᠨᠢ ᠨᠢᠭ᠋ ᠪᠥᠭᠡᠳ ᠵᠤᠵᠠᠭᠠᠨ᠂ ᠳᠡᠯ ᠰᠡᠭᠦᠯ ᠰᠠᠭᠯᠠᠭ᠎ᠠ ᠨᠢ ᠵᠤᠵᠠᠭᠠᠨ ᠮᠥᠷᠲᠡᠭᠡᠨ ᠤᠷᠲᠤ ᠪᠠᠶᠢᠳᠠᠭ᠃
ᠵᠢᠰᠦ ᠨᠢ ᠵᠡᠷᠭᠡ ᠪᠠᠷᠠᠭᠠᠨ ᠰᠠᠭᠠᠷᠠᠯ ᠭᠡᠬᠦ ᠮᠡᠲᠦ ᠣᠯᠠᠨ ᠵᠦᠢᠯ ᠦᠨ ᠵᠢᠰᠦᠮ ᠪᠦᠷ ᠪᠠᠶᠢᠨ᠎ᠠ
ᠪᠡᠶ᠎ᠡ ᠶᠢᠨ ᠶᠡᠬᠡ ᠪᠠᠭ᠎ᠠ ᠨᠢ ᠡᠯ᠎ᠡ ᠭᠠᠵᠠᠷ ᠬᠤᠭᠤᠷᠤᠨᠳᠣ ᠪᠠᠨ ᠨᠡᠯᠢᠶᠡᠳ ᠵᠥᠷᠢᠶᠡᠲᠡᠢ᠃
ᠪᠡᠶ᠎ᠡ ᠶᠢᠨ ᠳᠤᠮᠳᠠᠴᠢ ᠬᠡᠮᠵᠢᠭᠳᠡᠯ ᠄
ᠠᠵᠢᠷᠭ᠎ᠠ᠂ ᠮᠤᠨᠳᠠᠭᠠᠨ ᠤ ᠬᠡᠰᠡᠭ ᠦᠨ ᠦᠨᠳᠦᠷ 127.7 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 158.1 ᠰᠡᠨᠲ᠋ᠢᠮᠧᠲ᠋ᠷ᠂ ᠪᠡᠶ᠎ᠡ ᠶᠢᠨ ᠲᠠᠰᠢᠭᠤ ᠤᠷᠲᠤ 135.6 ᠰᠡᠨᠲ᠋ᠢᠮᠧᠲ᠋ᠷ᠃
ᠭᠡᠬᠦᠦ᠂ ᠮᠤᠨᠳᠠᠭᠠᠨ ᠤ ᠬᠡᠰᠡᠭ ᠦᠨ ᠦᠨᠳᠦᠷ 127.2 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 155.2 ᠰᠡᠨᠲ᠋ᠢᠮᠧᠲ᠋ᠷ᠂ ᠪᠡᠶ᠎ᠡ ᠶᠢᠨ ᠲᠠᠰᠢᠭᠤ ᠤᠷᠲᠤ 133.4 ᠰᠡᠨᠲ᠋ᠢᠮᠧᠲ᠋ᠷ᠂
ᠠᠭᠲᠠ᠂ ᠮᠤᠨᠳᠠᠭᠠᠨ ᠤ ᠬᠡᠰᠡᠭ ᠦᠨ ᠦᠨᠳᠦᠷ 131.7 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 155.7 ᠰᠡᠨᠲ᠋ᠢᠮᠧᠲ᠋ᠷ᠂ ᠪᠡᠶ᠎ᠡ ᠶᠢᠨ ᠲᠠᠰᠢᠭᠤ ᠤᠷᠲᠤ 134.1 ᠰᠡᠨᠲ᠋ᠢᠮᠧᠲ᠋ᠷ᠂ ᠠᠮᠢᠳᠣ ᠶᠢᠨ ᠵᠢᠩ 316.8 ᠺᠢᠯᠣᠭ᠍ᠷᠡᠮ
ᠳᠠᠪᠬᠢᠬᠤ ᠬᠤᠷᠳᠤᠴᠠ ᠨᠡᠯᠢᠶᠡᠳ ᠰᠠᠶᠢᠨ᠂ ᠤᠨᠤᠯᠭ᠎ᠠ ᠪᠠᠷ ᠠᠯᠣᠰ ᠠᠶᠠᠯᠠᠬᠤ ᠳᠤ ᠬᠤᠷᠳᠤᠨ ᠪᠥᠭᠡᠳ ᠳᠠᠭᠠᠭᠠᠴᠠ ᠰᠠᠶᠢᠲᠠᠢ᠂ ᠡᠳᠦᠷ ᠲᠤᠷᠰᠢ ᠤᠨᠤᠵᠣ᠂ ᠰᠥᠨᠢ ᠣᠷᠣᠢ ᠳᠠᠭᠠᠨ ᠪᠡᠯᠴᠢᠭᠡᠷ ᠲᠦ ᠢᠳᠡᠰᠢᠯᠡᠭᠦᠯᠦᠨ ᠵᠠᠯᠭᠠᠭᠠᠪᠡᠷ ᠣᠯᠠᠨ ᠡᠳᠦᠷ ᠦᠷᠭᠦᠯᠵᠢᠯᠡᠨ ᠠᠶᠠᠯᠠᠬᠤ ᠳᠤ ᠬᠦᠴᠦ ᠰᠤᠯᠠᠷᠠᠳᠠᠭ ᠦᠭᠡᠢ᠃ ᠲᠡᠷᠭᠡᠨ ᠳᠦ ᠬᠥᠯᠬᠦ ᠪᠤᠶᠤ ᠠᠨᠵᠢᠰᠤ ᠳᠠᠲᠠᠭᠤᠯᠬᠤ ᠳᠤ ᠬᠦᠴᠦ ᠴᠢᠳᠠᠯ ᠶᠡᠬᠡ ᠪᠥᠭᠡᠳ ᠳᠠᠭᠠᠭᠠᠴᠠᠲᠠᠢ᠃
ᠮᠠᠯᠵᠢᠬᠤ ᠣᠷᠣᠨ ᠳᠤ ᠠᠳᠤᠭᠤ ᠶᠢ ᠤᠨᠤᠭᠠᠷᠢ ᠳᠤ ᠭᠣᠣᠯᠴᠢᠯᠠᠨ ᠬᠡᠷᠡᠭᠯᠡᠵᠦ᠂ ᠲᠠᠷᠢᠶᠠᠯᠠᠬᠤ ᠣᠷᠣᠨ ᠳᠤ ᠬᠦᠯᠦᠰᠢᠨ ᠳᠦ ᠬᠡᠷᠡᠭᠯᠡᠳᠡᠭ᠃ ᠮᠣᠩᠭᠣᠯ ᠠᠳᠤᠭᠤᠨ ᠤ ᠳᠠᠪᠬᠢᠬᠤ ᠬᠤᠷᠳᠤᠴᠠ ᠶᠢᠨ ᠬᠡᠮᠵᠢᠯᠲᠡ ᠳᠦ ᠪᠦᠳᠦᠭᠦᠨ ᠠᠭᠲᠠ᠂ 1000 ᠮᠧᠲ᠋ᠷ ᠢ 1 ᠮᠢᠨᠤᠲ 21.3 ᠰᠸᠺᠦ᠋ᠨᠲ᠂ 5000 ᠮᠧᠲ᠋ᠷ ᠢ 6 ᠮᠢᠨᠤᠲ 10 ᠰᠸᠺᠦ᠋ᠨᠲ᠂ 15 ᠺᠢᠯᠣᠮᠧᠲ᠋ᠷ ᠢ 23 ᠮᠢᠨᠤᠲ 57.4 ᠰᠸᠺᠦ᠋ᠨᠲ ᠳᠠᠪᠬᠢᠵᠠᠢ᠃ ᠶᠡᠷᠦ ᠶᠢᠨ ᠠᠭᠲᠠ ᠶᠢ ᠤᠨᠤᠭᠠᠳ ᠡᠳᠦᠷ ᠲᠦ 70︱80 ᠺᠢᠯᠣᠮᠧᠲ᠋ᠷ ᠶᠠᠪᠤᠵᠣ ᠳᠡᠶᠢᠯᠥᠨ᠎ᠡ᠂ ᠰᠠᠶᠢᠨ ᠠᠭᠲᠠ ᠤᠨᠤᠪᠠᠯ ᠡᠳᠦᠷ ᠲᠦ 100︱150 ᠺᠢᠯᠣᠮᠧᠲ᠋ᠷ ᠶᠠᠪᠤᠵᠣ ᠳᠡᠶᠢᠯᠡᠳᠡᠭ ᠃ ᠳᠥᠷᠪᠡᠨ ᠮᠣᠷᠢ ᠬᠥᠯᠥᠭᠰᠡᠨ ᠵᠢᠶᠤᠤᠫᠢ ᠬᠦᠷᠳᠡᠲᠦ ᠲᠡᠷᠭᠡᠨ ᠳᠦ 2000︱2500 ᠺᠢᠯᠣᠭ᠍ᠷᠠᠮ ᠲᠡᠭᠡᠭᠡᠰᠢ ᠲᠡᠭᠡᠭᠡᠪᠦᠷᠢᠯᠡᠭᠡᠳ ᠬᠡᠭᠡᠷ ᠬᠦᠳᠡᠭᠡ ᠶᠢᠨ ᠰᠢᠷᠣᠢ ᠶᠢᠨ ᠵᠠᠮ ᠢᠶᠠᠷ ᠡᠳᠦᠷ ᠲᠦ 30 ᠢᠯᠡᠭᠦᠦ ᠺᠢᠯᠣᠮᠧᠲ᠋ᠷ ᠠᠶᠠᠯᠠᠬᠤ ᠳᠤ ᠠᠵᠢᠭ ᠴᠤ ᠦᠭᠡᠢ ᠶᠠᠪᠤᠵᠣ ᠯᠠ ᠪᠠᠶᠢᠳᠠᠭ᠃
ᠭᠡᠭᠦᠦ ᠶᠢᠨ ᠰᠦᠨ ᠭᠠᠷᠣᠯᠲᠠ᠄ ᠤᠨᠠᠭᠠᠯᠠᠭᠰᠠᠨ ᠭᠡᠭᠦᠦ ᠶᠢ ᠵᠤᠨ ᠤ 6 ᠰᠠᠷ᠎ᠠ ᠶᠢᠨ ᠳᠤᠮᠳᠠᠴᠢ ᠠᠴᠠ 9 ᠰᠠᠷ᠎ᠠ ᠶᠢᠨ ᠰᠡᠭᠦᠯᠴᠢ ᠬᠦᠷᠲᠡᠯ᠎ᠡ ᠰᠠᠭᠠᠵᠣ ᠴᠡᠭᠡ ᠭᠠᠷᠭᠠᠵᠣ ᠠᠰᠢᠭᠯᠠᠳᠠᠭ᠃ ᠮᠣᠩᠭᠣᠯᠴᠤᠳ᠂ ᠲᠠᠭᠠᠨ ᠴᠡᠭᠡ ᠶᠢ ᠬᠦᠨᠳᠦᠳᠭᠡᠯ ᠪᠤᠶᠤ ᠪᠠᠷᠢᠬᠤ ᠠᠴᠠ ᠭᠠᠳᠠᠨ᠎ᠠ᠂ ᠥᠪᠡᠷᠳᠡᠭᠡᠨ ᠡᠷᠬᠢᠮ ᠤᠮᠳᠠᠭᠠᠨ ᠪᠣᠯᠭᠠᠵᠣ ᠤᠤᠭᠤᠳᠠᠭ᠃ ᠴᠡᠭᠡ᠂ ᠰᠢᠮ᠎ᠡ ᠲᠡᠵᠡᠭᠡᠯ ᠪᠦᠷᠢᠨ ᠲᠡᠭᠦᠯᠳᠡᠷ᠂ ᠬᠦᠮᠦᠨ ᠤ ᠪᠡᠶ᠎ᠡ ᠶᠢ ᠰᠢᠮᠡᠵᠢᠭᠦᠯᠥᠨ ᠴᠢᠭᠢᠷᠠᠭᠵᠢᠭᠤᠯᠳᠠᠭ᠂ ᠊ᠢ ᠵᠠᠰᠠᠬᠤ ᠳᠤ ᠵᠣᠬᠢᠬᠤ ᠬᠡᠮᠵᠢᠶᠡᠨ ᠦ ᠬᠠᠪᠰᠣᠷᠣᠮᠵᠢ ᠪᠣᠯᠳᠠᠭ ᠭᠡᠭᠦᠦ ᠦᠨ ᠰᠦᠨ ᠭᠠᠷᠴᠠ᠄ ᠡᠳᠦᠷ ᠲᠤ 4︱5 ᠤᠳᠠᠭ᠎ᠠ ᠰᠠᠭᠠᠬᠤ ᠳᠤ᠂ ᠤᠳᠠᠭ᠎ᠠ ᠪᠦᠷᠢ 500 ᠮᠢᠯᠢᠯᠢᠲ᠋ᠷ ᠠᠴᠠ ᠳᠡᠭᠡᠭᠰᠢ ᠰᠦ᠋ ᠭᠠᠷᠳᠠᠭ ᠃
ᠮᠣᠩᠭᠣᠯ ᠠᠳᠤᠭᠤ᠂ ᠪᠠᠶᠢᠭᠠᠯᠢ ᠶᠢᠨ ᠡᠷᠡᠰ ᠲᠠᠰᠤ ᠬᠤᠪᠢᠷᠠᠯᠲᠠ ᠶᠡᠬᠡᠲᠡᠢ ᠠᠨᠠᠢ ᠰᠢᠭ᠋ ᠠᠳᠠᠯᠢ ᠪᠤᠰᠤ ᠣᠷᠴᠢᠨ ᠲᠣᠭᠣᠷᠢᠨ ᠳᠤ ᠬᠡᠪ ᠦᠨ ᠪᠠᠶᠢᠳᠠᠯ ᠢᠶᠠᠷ ᠵᠣᠬᠢᠴᠠᠵᠣ ᠴᠢᠳᠠᠳᠠᠭ᠃ ᠵᠢᠯ ᠲᠤᠷᠰᠢ ᠪᠡᠯᠴᠢᠭᠡᠷᠯᠡᠨ᠂ ᠶᠠᠮᠠᠷᠴᠤ ᠨᠥᠬᠦᠪᠦᠷᠢ ᠲᠡᠵᠡᠭᠡᠯ ᠪᠤᠶᠤ ᠫᠧᠩ ᠰᠠᠷᠠᠪᠴᠢ ᠵᠡᠷᠭᠡ ᠪᠡᠯᠡᠳᠬᠡᠯ ᠳᠥᠬᠦᠭᠡᠷᠥᠮᠵᠢ ᠬᠡᠷᠡᠭᠰᠡᠬᠦ ᠦᠭᠡᠢ ᠪᠡᠷ ᠴᠠᠰᠤ ᠵᠤᠳ ᠭᠠᠩ ᠭᠠᠮᠰᠢᠭ ᠢ ᠠᠵᠢᠭ ᠦᠭᠡᠢ ᠲᠤᠭᠤᠯᠠᠵᠣ ᠴᠢᠳᠠᠨ᠎ᠠ᠂ ᠡᠯᠳᠡᠪ ᠵᠦᠢᠯ ᠦᠨ ᠵᠤᠳ ᠭᠠᠮᠰᠢᠭ ᠲᠤ ᠳᠤᠶᠢᠯ ᠤᠨ ᠲᠡᠰᠪᠦᠷᠢ ᠳᠠᠭᠠᠭᠠᠴᠠ ᠲᠠᠢ ᠪᠥᠭᠡᠳ ᠡᠪᠡᠳᠴᠢᠨ ᠬᠢᠵᠢᠭ ᠢ ᠳᠣᠩ ᠂ ᠤᠳᠤᠮᠰᠢᠯ ᠨᠢ ᠲᠣᠭᠳᠠᠭᠤᠨ ᠪᠠᠶᠢᠳᠠᠭ᠂ ᠡᠪᠡᠰᠦ ᠤᠷᠭᠤᠮᠠᠯ ᠤᠨ ᠤᠷᠭᠤᠯᠲᠠ ᠶᠢᠨ ᠬᠤᠭᠤᠴᠠᠭᠠᠨ ᠳᠤ ᠪᠡᠯᠴᠢᠭᠡᠷᠯᠡᠨ ᠶᠡᠬᠡ ᠲᠦᠷᠭᠡᠨ ᠲᠠᠷᠭᠤ ᠠᠪᠴᠤ ᠴᠢᠳᠠᠳᠠᠭ᠃ ᠮᠣᠩᠭᠣᠯ ᠠᠳᠤᠭᠤᠨ ᠤ ᠦᠷᠡᠵᠢᠯᠲᠡ ᠶᠢᠨ ᠨᠣᠷᠮ᠎ᠠ ᠶᠢᠨ ᠦᠨᠳᠦᠷ ᠡᠰᠡᠬᠦ ᠨᠢ ᠪᠠᠶᠢᠭᠠᠯᠢ ᠣᠷᠴᠢᠨ ᠠᠬᠤᠢ᠂ ᠡᠪᠡᠰᠦ ᠪᠡᠯᠴᠢᠭᠡᠷ ᠦᠨ ᠤᠷᠭᠤᠴᠠ᠂ ᠨᠢᠭᠡᠨ ᠰᠦᠷᠦᠭ ᠲᠡᠬᠢ ᠭᠡᠭᠦᠦ ᠶᠢᠨ ᠲᠣᠭᠠᠨ ᠤ ᠣᠯᠠᠨ ᠴᠥᠭᠡᠨ ᠭᠡᠬᠦ ᠮᠡᠲᠦ ᠣᠯᠠᠨ ᠲᠠᠯ᠎ᠠ ᠶᠢᠨ ᠨᠥᠬᠦᠴᠡᠯ ᠰᠢᠯᠲᠠᠭᠠᠨ ᠠᠴᠠ ᠰᠢᠯᠲᠠᠭᠠᠯᠠᠨ᠎ᠠ᠃
ᠮᠣᠩᠭᠣᠯ ᠠᠳᠤᠭᠤᠨ ᠤ ᠠᠵᠢᠷᠭ᠎ᠠ ᠥᠪᠡᠷ ᠦᠨ ᠬᠤᠷᠢᠶᠠᠭᠰᠠᠨ ᠰᠦᠷᠦᠭ ᠤᠨ ᠪᠦᠬᠦ ᠠᠳᠤᠭᠤ ᠪᠠᠨ ᠦᠷᠭᠦᠯᠵᠢᠲᠡ ᠠᠵᠢᠭᠯᠠᠵᠣ᠂ ᠰᠠᠯᠵᠣ ᠪᠤᠲᠠᠷᠠᠬᠤ ᠪᠤᠶᠤ ᠬᠣᠴᠣᠷᠠᠵᠣ ᠭᠡᠭᠡᠭᠳᠡᠬᠦ ᠶᠢ ᠨᠢ ᠠᠩᠬᠠᠷᠣᠨ ᠰᠦᠷᠦᠭ ᠡᠴᠡ ᠪᠡᠨ ᠵᠠᠶᠢᠳᠠᠨ ᠬᠣᠯᠠᠳᠠᠭᠰᠠᠳ ᠢ ᠳᠠᠷᠣᠢ ᠳ᠋ᠤᠨᠢ ᠬᠤᠷᠢᠶᠠᠨ ᠠᠪᠴᠢᠷᠠᠳᠠᠭ᠂ ᠪᠤᠰᠤᠳ ᠠᠷᠢᠶᠠᠲᠠᠨ ᠠᠮᠢᠲᠠᠨ᠂ ᠰᠦᠷᠦᠭ ᠳ᠋ᠦ᠋ᠨᠢ ᠰᠦᠷᠳᠡᠭᠦᠯᠦᠯ ᠪᠣᠯᠬᠤ ᠦᠶ᠎ᠡ ᠳᠦ ᠠᠮᠢ ᠴᠦᠯᠡᠨ ᠬᠠᠯᠳᠠᠨ ᠢᠷᠡᠭᠰᠡᠳ ᠲᠠᠢ ᠲᠡᠮᠡᠴᠡᠵᠦ᠂ ᠰᠦᠷᠦᠭ ᠢᠶᠡᠨ ᠬᠠᠮᠠᠭᠠᠯᠠᠳᠠᠭ᠃ ᠪᠠᠰᠠ ᠡᠬᠡ ᠪᠡᠨ ᠭᠢᠰᠬᠢᠳᠡᠭ ᠦᠭᠡᠢ ᠪᠥᠭᠡᠳ ᠦᠬᠢᠨ ᠲᠥᠯ ᠢᠶᠡᠨ ᠦᠷᠡᠵᠢᠬᠦ ᠨᠠᠰᠤᠨ ᠳᠤ ᠬᠦᠷᠥᠭᠰᠡᠭᠡᠷ ᠪᠦᠬᠦᠨ ᠢ ᠰᠦᠷᠦᠭ ᠡᠴᠡ ᠪᠡᠨ ᠢᠯᠭᠠᠨ ᠭᠠᠷᠭᠠᠵᠤ ᠥᠭᠡᠷ᠎ᠡ ᠰᠦᠷᠦᠭ ᠲᠦ ᠣᠷᠣᠭᠤᠯᠬᠤ ᠭᠠᠶᠢᠬᠠᠮ᠎ᠠ ᠣᠨᠴᠠᠭᠠᠢ ᠤᠬᠠᠭᠠᠨ ᠮᠡᠳᠡᠷᠡᠮᠵᠢ ᠲᠠᠢ ᠶᠤᠮ᠃ ᠮᠣᠩᠭᠣᠯ ᠠᠳᠤᠭᠤᠨ ᠤ ᠪᠠᠰᠠ ᠨᠢᠭᠡᠨ ᠣᠨᠴᠠᠭᠠᠢ ᠣᠨᠴᠠᠯᠢᠭ ᠭᠡᠪᠡᠯ᠂ ᠠᠭᠤᠷ ᠠᠮᠢᠰᠬᠤᠯ ᠤᠨ ᠬᠤᠪᠢᠷᠢᠯᠲᠠ ᠶᠢ ᠤᠷᠢᠳᠴᠢᠯᠠᠨ ᠮᠡᠳᠡᠬᠦ ᠮᠡᠳᠡᠷᠡᠮᠵᠢ ᠲᠠᠢ᠃ ᠦᠨᠥᠷᠯᠡᠬᠦ᠂ ᠰᠣᠨᠣᠰᠬᠤ ᠡᠷᠬᠡᠲᠡᠨ ᠨᠢ ᠭᠥᠭᠵᠢᠯᠲᠡ ᠰᠠᠶᠢᠲᠠᠢ ᠪᠣᠯᠬᠣᠷ᠂ ᠬᠤᠯᠠ ᠠᠴᠠ ᠬᠦᠮᠦᠨ ᠠᠮᠢᠲᠠᠨ ᠤ ᠳᠠᠭᠤᠨ ᠴᠢᠮᠡᠭᠡ ᠪᠤᠶᠤ ᠦᠨᠥᠷ ᠢ ᠢᠯᠭᠠᠪᠦᠷᠢᠯᠡᠨ ᠮᠡᠳᠡᠳᠡᠭ᠃ ᠨᠤᠲᠤᠭ ᠢᠶᠠᠨ ᠮᠠᠷᠲᠠᠳᠠᠭ ᠦᠭᠡᠢ᠂ ᠬᠡᠳᠦᠢ ᠬᠣᠯᠠ ᠶᠠᠪᠤᠭᠰᠠᠨ ᠴᠤ ᠲᠣᠬᠢᠶᠠᠯ ᠣᠯᠳᠠᠪᠠᠯ ᠨᠤᠲᠤᠭ ᠲᠠᠭᠠᠨ ᠪᠤᠴᠠᠵᠤ ᠢᠷᠡᠳᠡᠭ᠃
ᠬᠣᠶᠢᠰᠢᠳᠠ᠂ ᠡᠯ᠎ᠡ ᠭᠠᠵᠠᠷ ᠣᠷᠣᠨ ᠲᠣᠰ ᠲᠣᠰ ᠤᠨ ᠪᠠᠶᠢᠭᠠᠯᠢ ᠣᠷᠴᠢᠨ ᠠᠬᠤᠢ ᠨᠥᠬᠦᠴᠡᠯ ᠪᠠᠶᠢᠳᠠᠯ ᠪᠣᠯᠣᠨ ᠠᠵᠤ ᠠᠬᠤᠢ ᠶᠢᠨ ᠬᠡᠷᠡᠭᠴᠡᠭᠡ ᠱᠠᠭᠠᠷᠳᠠᠯᠭ᠎ᠠ ᠳᠠᠭᠠᠨ ᠵᠣᠬᠢᠴᠠᠭᠤᠯᠤᠨ᠂ ᠮᠣᠩᠭᠣᠯ ᠠᠳᠤᠭᠤᠨ ᠤ ᠰᠢᠯᠢᠳᠡᠭ ᠰᠠᠶᠢᠨ ᠰᠢᠨᠵᠢ ᠴᠢᠨᠠᠷ ᠪᠣᠯᠣᠨ ᠳᠠᠪᠠᠭᠤᠯᠢᠭ ᠣᠨᠴᠠᠯᠢᠭ ᠢ ᠤᠯᠠᠮ ᠨᠢᠭᠡ ᠠᠯᠬᠤᠮ ᠪᠠᠳᠠᠷᠠᠭᠤᠯᠤᠨ ᠰᠠᠶᠢᠬᠠᠨ ᠠᠰᠢᠭᠯᠠᠬᠤ ᠶᠢᠨ ᠲᠤᠰᠠᠳᠠ᠂ ᠡᠭᠦᠯᠳᠡᠷ ᠦᠨ ᠳᠣᠲᠣᠷ᠎ᠠ ᠨᠢ ᠰᠢᠯᠢᠨ ᠰᠣᠩᠭᠣᠵᠣ ᠪᠣᠶᠢᠵᠢᠭᠤᠯᠬᠤ ᠠᠷᠭ᠎ᠠ ᠪᠠᠷ ᠤᠳᠤᠮᠰᠢᠯ ᠤᠨ ᠴᠡᠪᠡᠷ ᠴᠢᠨᠠᠷ ᠢ ᠬᠠᠮᠠᠭᠠᠯᠠᠬᠤ ᠶᠢ ᠴᠢᠬᠤᠯᠠᠴᠢᠯᠠᠨ᠂ ᠠᠷᠠᠴᠢᠯᠠᠭ᠎ᠠ ᠮᠠᠯᠵᠢᠯᠭ᠎ᠠ ᠶᠢᠨ ᠠᠷᠭ᠎ᠠ ᠪᠠᠷᠢᠯ ᠢᠶᠠᠨ ᠶᠡᠬᠡᠪᠡᠷ ᠰᠠᠶᠢᠵᠢᠷᠠᠭᠤᠯᠬᠤ ᠬᠡᠷᠡᠭᠲᠡᠢ᠃ ᠨᠢᠳᠦᠨ ᠡᠮᠥᠨᠡᠬᠢ ᠠᠰᠢᠭ ᠲᠤᠰᠠ ᠶᠢ ᠬᠠᠷᠠᠵᠤ᠂ ᠲᠥᠰᠦᠪ ᠲᠥᠯᠥᠪᠯᠡᠭᠡ ᠦᠭᠡᠢ᠂ ᠮᠡᠷᠭᠡᠵᠢᠯ ᠤᠨ ᠵᠢᠯᠣᠭᠣᠳᠣᠯᠭ᠎ᠠ ᠦᠭᠡᠢ ᠪᠡᠷ ᠥᠭᠡᠷ᠎ᠡ ᠪᠤᠰᠤᠳ ᠡᠭᠦᠯᠳᠡᠷ ᠢᠶᠠᠷ ᠳᠤᠷ᠎ᠠ ᠪᠠᠷ ᠢᠶᠠᠨ ᠬᠠᠮᠢᠶ᠎ᠠ ᠦᠭᠡᠢ ᠡᠷᠯᠢᠰᠡᠵᠢᠭᠦᠯᠬᠦ ᠶᠢ ᠬᠢᠵᠠᠭᠠᠷᠯᠠᠪᠠᠯ ᠵᠣᠬᠢᠨ᠎ᠠ᠃