-
5620
2015-11-25 11:17
379
0
ᠠᠮᠠᠷᠠᠭ ᠬᠣᠣᠰ ᠤᠨ ᠬᠠᠶᠢᠷ᠎ᠠ ᠶᠢᠨ ᠰᠡᠳᠬᠢᠯ ᠡᠴᠡ ᠮᠠᠨᠳᠤᠬᠤ
ᠠᠯᠲᠠᠨ ᠰᠢᠷᠭᠠᠯ ᠵᠢᠰᠦ ᠲᠡᠢ ᠨᠠᠷᠠᠨ ᠶᠤᠮ ᠰᠢᠦ
ᠠᠪᠤ ᠶᠢᠨ ᠥᠬᠢᠨ ᠢ ᠬᠠᠶᠢᠷᠠᠯᠠᠨ ᠭᠡᠳᠡᠭ ᠴᠢᠨᠢ
ᠠᠯᠠᠭ ᠡᠨᠡᠬᠡᠨ ᠬᠣᠷᠸ᠎ᠠ ᠶᠢᠨ ᠶᠤᠮ ᠰᠢᠦ
ᠤᠬᠢᠯᠠᠬᠤ ᠢᠨᠢᠶᠡᠬᠦ ᠴᠤ ᠴᠤᠭ ᠲᠤ ᠪᠠᠨ ᠪᠠᠶᠢᠵᠤ
ᠤᠨᠠᠬᠤ ᠪᠣᠰᠬᠤ ᠴᠤ ᠬᠠᠮᠲᠤ ᠳᠤ ᠪᠠᠨ ᠪᠠᠶᠢᠵᠤ
ᠦᠷᠡᠰ ᠦᠨ ᠢᠶᠡᠨ ᠳᠠᠭᠤᠨ ᠳᠤ ᠬᠠᠶᠢᠷ᠎ᠠ ᠶᠢᠨ ᠢᠯᠴᠢ ᠨᠢ ᠨᠡᠮᠡᠭᠳᠡᠭᠡᠳ
ᠥᠷᠭᠥᠭᠡ ᠴᠠᠭᠠᠨ ᠭᠡᠷ ᠲᠦ ᠪᠡᠨ ᠲᠥᠪᠰᠢᠨ ᠰᠠᠶᠢᠬᠠᠨ ᠵᠢᠷᠭᠠᠭᠠᠷᠠᠢ
ᠡᠩᠬᠦᠷᠡᠢ ᠬᠣᠣᠰ ᠤᠨ ᠢᠨᠠᠭ ᠵᠢᠷᠦᠬᠡᠨ ᠡᠴᠡ ᠤᠷᠭᠤᠭᠰᠠᠨ
ᠡᠭᠡᠳᠡᠮ ᠴᠠᠭᠠᠨ ᠥᠩᠭᠡ ᠲᠡᠢ ᠰᠠᠷᠠᠨ ᠶᠤᠮ ᠰᠢᠦ
ᠡᠵᠢ ᠶᠢᠨ ᠥᠬᠢᠨ ᠢ ᠲᠦᠰᠢᠵᠦ ᠭᠡᠳᠡᠭ ᠴᠢᠨᠢ
ᠡᠷᠭᠢᠬᠦ ᠴᠡᠩᠬᠡᠷ ᠳᠡᠯᠡᠬᠡᠢ ᠶᠢᠨ ᠵᠢᠷᠭᠠᠯ ᠶᠤᠮ ᠰᠢᠦ
ᠤᠬᠢᠯᠠᠬᠤ ᠢᠨᠢᠶᠡᠬᠦ ᠴᠤ ᠴᠤᠭ ᠲᠤ ᠪᠠᠨ ᠪᠠᠶᠢᠵᠤ
ᠤᠨᠠᠬᠤ ᠪᠣᠰᠬᠤ ᠴᠤ ᠬᠠᠮᠲᠤ ᠳᠤ ᠪᠠᠨ ᠪᠠᠶᠢᠵᠤ
ᠦᠷᠡᠰ ᠦᠨ ᠢᠶᠡᠨ ᠳᠠᠭᠤᠨ ᠳᠤ ᠬᠠᠶᠢᠷ᠎ᠠ ᠶᠢᠨ ᠢᠯᠴᠢ ᠨᠡᠮᠡᠭᠳᠡᠭᠡᠳ
ᠥᠷᠭᠥᠭᠡ ᠴᠠᠭᠠᠨ ᠭᠡᠷ ᠲᠦ ᠪᠡᠨ ᠲᠥᠪᠰᠢᠨ ᠠᠮᠤᠭᠤᠯᠠᠩ ᠵᠢᠷᠭᠠᠭᠠᠷᠠᠢ
ᠬᠠᠶᠢᠷᠠᠲᠠᠢ ᠬᠣᠣᠰ ᠤᠨ ᠠᠶᠠᠰ ᠢ ᠳᠠᠭᠠᠵᠤ ᠡᠷᠭᠢᠭᠰᠡᠨ
ᠬᠠᠲᠤᠨ ᠰᠦᠢᠬᠡᠨ ᠬᠡ ᠲᠡᠢ ᠣᠷᠴᠢᠯᠠᠩ ᠶᠤᠮ ᠰᠢᠦ
ᠬᠠᠨᠢ ᠶᠢᠨ ᠡᠩᠭᠡᠷ ᠲᠦᠰᠢᠵᠦ ᠭᠡᠳᠡᠭ ᠴᠢᠨᠢ
ᠬᠠᠨᠠᠭᠠᠷ ᠪᠠᠶᠠᠨ ᠠᠮᠢᠳᠤᠷᠠᠯ ᠤᠨ ᠵᠢᠷᠭᠠᠯ ᠶᠤᠮ ᠰᠢᠦ
ᠤᠬᠢᠯᠠᠬᠤ ᠢᠨᠢᠶᠡᠬᠦ ᠴᠤ ᠴᠤᠭ ᠲᠤ ᠪᠠᠨ ᠪᠠᠶᠢᠵᠤ
ᠤᠨᠠᠬᠤ ᠪᠣᠰᠬᠤ ᠴᠤ ᠬᠠᠮᠲᠤ ᠳᠤ ᠪᠠᠨ ᠪᠠᠶᠢᠵᠤ
ᠦᠷᠡᠰ ᠦᠨ ᠢᠶᠡᠨ ᠳᠠᠭᠤᠨ ᠳᠤ ᠬᠠᠶᠢᠷ᠎ᠠ ᠶᠢᠨ ᠢᠯᠴᠢ ᠨᠡᠮᠡᠭᠳᠡᠭᠡᠳ
ᠥᠷᠭᠥᠭᠡ ᠴᠠᠭᠠᠨ ᠭᠡᠷ ᠲᠦ ᠪᠡᠨ ᠲᠥᠪᠰᠢᠨ ᠠᠮᠤᠷ ᠵᠢᠷᠭᠠᠭᠠᠷᠠᠢ
http://www.biirbeh.mn