-
25863
ᠮᠣᠩᠭᠣᠯ ᠲᠡᠮᠡᠭᠡ
2026-08-29 19:39
8
0
ᠲᠠᠯ᠎ᠠ ᠶᠢᠨ ᠲᠠᠪᠤᠨ ᠡᠷᠳᠡᠨᠢ —
ᠮᠣᠩᠭᠣᠯ ᠲᠡᠮᠡᠭᠡ
— ᠳᠣᠯᠣᠳ• ᠨᠠᠮᠵᠢᠯ
ᠮᠣᠩᠭᠣᠯ ᠲᠡᠮᠡᠭᠡ ᠪᠣᠯ ᠮᠣᠩᠭᠣᠯᠴᠤᠳ᠂ ᠡᠷᠡᠰ ᠲᠠᠰ ᠪᠡᠷᠬᠡ ᠬᠠᠲᠠᠭᠤ ᠪᠠᠶᠢᠭᠠᠯᠢ ᠶᠢᠨ ᠪᠠᠶᠢᠳᠠᠯ ᠭᠠᠩᠳᠠᠮᠠᠯ ᠬᠠᠭᠤᠷᠠᠢ ᠡᠯᠡᠰᠦ ᠮᠠᠩᠬᠠᠨ ᠨᠤᠲᠤᠭ᠂ ᠡᠪᠡᠰᠦ ᠤᠷᠭᠤᠮᠠᠯ ᠲᠠᠴᠢᠷ ᠨᠢᠮᠬᠡᠨ ᠴᠦᠯᠡᠷᠬᠡᠭ ᠭᠠᠵᠠᠷ ᠵᠡᠷᠭᠡ ᠡᠪᠡᠰᠦ ᠪᠡᠯᠴᠢᠭᠡᠷ ᠪᠠᠷᠣᠭᠲᠠᠢ ᠭᠠᠵᠠᠷ ᠤᠨ ᠨᠤᠲᠤᠭ ᠤᠳ ᠳᠤ ᠵᠢᠯ ᠲᠤᠷᠰᠢ ᠶᠢᠨ ᠪᠡᠯᠴᠢᠭᠡᠷ ᠦᠨ ᠬᠠᠷᠢᠭᠤᠯᠭ᠎ᠠ ᠮᠠᠯᠵᠢᠯᠭ᠎ᠠ ᠪᠠᠷ ᠪᠠᠶᠢᠭᠠᠯᠢ ᠰᠢᠯᠭᠠᠷᠠᠯ ᠬᠢᠭᠡᠳ ᠰᠠᠨᠠᠭᠠᠴᠢᠯᠭᠠᠲᠣ ᠪᠣᠶᠢᠵᠢᠭᠤᠯᠤᠭᠰᠠᠨ ᠤᠨᠤᠯᠭ᠎ᠠ᠂ ᠠᠴᠢᠶ᠎ᠠ ᠵᠥᠭᠡᠭᠡᠪᠦᠷᠢ ᠳᠤ ᠵᠣᠬᠢᠴᠠᠭᠰᠠᠨ᠂ ᠨᠣᠣᠰᠤ ᠨᠣᠯᠤᠤᠷ᠂ ᠰᠦ᠋᠂ ᠮᠢᠬ᠎ᠠ ᠵᠡᠷᠭᠡ ᠣᠯᠠᠨ ᠵᠦᠢᠯ ᠦᠨ ᠶᠡᠷᠥᠩᠬᠡᠶᠢᠯᠡᠭᠰᠡᠨ ᠭᠠᠷᠣᠯᠲᠠ ᠲᠠᠢ ᠣᠯᠠᠨ ᠡᠳ᠋ᠯᠡᠯ ᠬᠡᠷᠡᠭᠴᠡᠭᠡᠲᠦ ᠰᠢᠯᠢᠳᠡᠭ ᠰᠠᠶᠢᠨ ᠬᠣᠣᠰ ᠪᠦᠬᠦᠲᠦ ᠤᠨ ᠲᠡᠮᠡᠭᠡ ᠶᠤᠮ
ᠮᠣᠩᠭᠣᠯ ᠲᠡᠮᠡᠭᠡᠨ ᠦ ᠰᠢᠨᠵᠢ ᠪᠠᠶᠢᠳᠠᠯ᠄ ᠲᠣᠯᠣᠭᠠᠢ ᠨᠢ ᠳᠤᠮᠳᠠ ᠵᠡᠷᠭᠡ᠂ ᠮᠠᠩᠨᠠᠢ ᠥᠷᠭᠡᠨ᠂ ᠣᠷᠣᠢ ᠲᠤᠬᠤᠨ ᠳᠠᠭᠠᠨ ᠣᠪᠣᠭ᠎ᠠ ᠦᠰᠦ ᠲᠠᠢ᠂ ᠬᠠᠮᠠᠷ ᠤᠨ ᠬᠢᠩᠭ᠎ᠠ ᠨᠢ ᠰᠢᠯᠤᠭᠤᠪᠲᠤᠷ᠂ ᠬᠣᠩᠰᠢᠭᠤᠷ ᠱᠥᠮᠪᠦᠭᠡᠷ᠂ ᠳᠡᠭᠡᠳᠦ ᠤᠷᠤᠭᠤᠯ ᠨᠢ ᠰᠡᠲᠡᠷᠬᠡᠢ᠂ ᠳᠣᠣᠷᠠᠲᠣ ᠤᠷᠤᠭᠤᠯ ᠨᠢ ᠪᠠᠭ᠎ᠠ ᠵᠡᠷᠭᠡ ᠤᠨᠵᠢᠭᠢᠷ᠂ ᠠᠷᠣᠨᠰᠢ ᠪᠠᠨ ᠳᠡᠯᠳᠡᠭᠡᠷ ᠪᠣᠭᠤᠨᠢᠪᠲᠣᠷ ᠴᠢᠬᠢ ᠲᠠᠢ᠂ ᠬᠦᠵᠦᠭᠦᠦ ᠤᠷᠲᠤᠪᠲᠤᠷ ᠪᠥᠭᠡᠳ ᠭᠡᠳᠡᠷᠭᠡᠨ᠂ ᠵᠣᠭᠳᠣᠷ ᠤᠷᠲᠤ ᠵᠤᠵᠠᠭᠠᠨ ᠂ ᠴᠡᠭᠡᠵᠢ ᠥᠷᠭᠡᠨ ᠲᠡᠨᠢᠭᠦᠨ᠂ ᠨᠢᠷᠣᠭᠤ ᠲᠡᠭᠰᠢ ᠥᠷᠭᠡᠨ᠂ ᠪᠣᠰᠣᠭ᠎ᠠ ᠬᠣᠶᠠᠷ ᠥᠨᠳᠦᠷ ᠪᠦᠬᠦ ᠨᠢ ᠲᠡᠩᠴᠡᠭᠦᠬᠡᠨ ᠵᠠᠶᠢᠲᠠᠢ᠂ ᠶᠡᠬᠡ ᠪᠡᠶ᠎ᠡ ᠤᠷᠲᠤᠯᠢᠭ᠂ ᠬᠣᠨᠳᠤᠯᠠᠢ ᠲᠠᠰᠢᠭᠤ᠂ ᠤᠭ ᠤᠷᠤᠭᠤ ᠪᠠᠨ ᠪᠦᠳᠦᠭᠦᠪᠲᠦᠷ ᠪᠣᠭᠤᠨᠢ ᠰᠡᠭᠦᠯ ᠲᠠᠢ᠂ ᠳᠥᠷᠪᠡᠨ ᠬᠦᠯ ᠤᠨ ᠭᠢᠰᠬᠢᠯᠲᠡ ᠲᠥᠪ ᠬᠦᠴᠦᠯᠢᠭ᠂ ᠡᠪᠦᠳᠦᠭ ᠦᠨ ᠦᠰᠦ ᠥᠳᠬᠡᠨ ᠤᠷᠲᠤ᠂ ᠲᠠᠪᠠᠭ ᠨᠢ ᠪᠦᠳᠦᠭᠦᠨ ᠰᠠᠶᠢᠷ ᠰᠠᠶᠢᠲᠠᠢ᠂ ᠴᠢᠭᠢᠷᠠᠭ ᠪᠡᠶ᠎ᠡ ᠴᠣᠭᠴᠠᠰ ᠲᠠᠢ ᠃
ᠵᠢᠰᠦ᠄ ᠲᠡᠮᠡᠭᠡᠨ ᠦ ᠣᠯᠠᠩᠬᠢ ᠨᠢ ᠬᠦᠷᠡᠩ᠂ ᠤᠯᠠᠭᠠᠨ᠂ ᠰᠢᠷᠠᠪᠲᠣᠷ᠂ ᠴᠠᠭᠠᠨ ᠂ ᠥᠭᠡᠷ᠎ᠡ ᠪᠤᠰᠤᠳ ᠵᠦᠢᠯ ᠦᠨ ᠵᠢᠰᠦᠮ ᠲᠠᠢ ᠨᠢ ᠪᠠᠰᠠ ᠪᠣᠢ
᠄ ᠮᠣᠩᠭᠣᠯ ᠲᠡᠮᠡᠭᠡᠨ ᠦ ᠶᠡᠬᠡ ᠥᠷᠭᠡᠨ᠂ ᠪᠠᠶᠢᠳᠠᠭ ᠮᠠᠨ ᠤ ᠤᠯᠤᠰ ᠲᠤ᠂ ᠥᠪᠥᠷ ᠮᠣᠩᠭᠣᠯ ᠤᠨ ᠥᠪᠡᠷᠳᠡᠭᠡᠨ ᠵᠠᠰᠠᠬᠤ ᠣᠷᠣᠨ ᠳᠤ ᠮᠣᠩᠭᠣᠯ ᠲᠡᠮᠡᠭᠡ ᠶᠢ ᠨᠡᠶᠢᠳᠡᠮ ᠮᠠᠯᠵᠢᠵᠣ ᠪᠠᠶᠢᠬᠤ ᠠᠴᠠ ᠭᠠᠳᠠᠨ᠎ᠠ᠂ ᠰᠢᠨᠵᠢᠶᠠᠩ᠂ ᠬᠦᠬᠡᠨᠠᠭᠤᠷ᠂ ᠭᠠᠨᠰᠣ᠂ ᠯᠢᠶᠣᠤᠨᠢᠩ᠂ ᠭᠢᠷᠢᠨ᠂ ᠬᠠᠷᠠᠮᠥ᠋ᠷᠡᠨ ᠵᠡᠷᠭᠡ ᠮᠤᠵᠢ ᠣᠷᠣᠨ ᠳᠦ ᠠᠳᠠᠯᠢ ᠪᠤᠰᠤ ᠬᠡᠮᠵᠢᠶ᠎ᠡ ᠪᠡᠷ ᠮᠠᠯᠵᠢᠵᠣ ᠪᠠᠶᠢᠨ᠎ᠠ᠃ ᠤᠯᠤᠰ ᠤᠨ ᠭᠠᠳᠠᠭᠠᠳᠣ ᠳᠤ ᠮᠣᠩᠭᠣᠯ ᠤᠯᠤᠰ ᠪᠣᠯᠣᠨ ᠣᠷᠣᠰ ᠵᠡᠷᠭᠡ ᠤᠯᠤᠰ ᠣᠷᠣᠨ ᠨᠣᠭᠤᠳ ᠲᠤ ᠮᠠᠯᠵᠢᠵᠣ ᠪᠠᠶᠢᠨ᠎ᠠ᠃ ᠲᠡᠮᠡᠭᠡᠨ ᠤ ᠮᠠᠯᠵᠢᠭᠳᠠᠵᠣ ᠪᠠᠶᠢᠭ᠎ᠠ ᠣᠷᠣᠨ ᠤ ᠪᠠᠶᠢᠭᠠᠯᠢ ᠶᠢᠨ ᠪᠠᠶᠢᠳᠠᠯ ᠤᠨ ᠵᠡᠷᠭᠡ ᠣᠯᠠᠨ ᠵᠦᠢᠯ ᠦᠨ ᠰᠢᠯᠲᠠᠭᠠᠨ ᠪᠣᠯᠵᠤ᠂ ᠪᠡᠶ᠎ᠡ ᠪᠢᠯᠳᠠᠷ ᠤᠨ ᠶᠡᠬᠡ ᠪᠠᠭ᠎ᠠ᠂ ᠵᠢᠰᠦ᠂ ᠨᠣᠣᠰᠤ ᠨᠣᠯᠣᠣᠷ ᠤᠨ ᠭᠠᠷᠣᠯᠲᠠ ᠵᠡᠷᠭᠡ ᠲᠠᠯ᠎ᠠ ᠪᠠᠷ ᠪᠣᠯᠵᠠᠢ᠃ ᠤᠯᠤᠰ ᠤᠨ ᠳᠣᠲᠣᠭᠠᠳᠣ ᠪᠠᠷ ᠵᠢᠱᠢᠶᠡᠯᠡᠪᠡᠯ᠂ ᠠᠯᠠᠱᠠ ᠲᠡᠮᠡᠭᠡ᠂ ᠰᠦᠨᠢᠳ ᠲᠡᠮᠡᠭᠡ᠂ ᠬᠥᠯᠥᠨ ᠪᠣᠶᠢᠷ ᠲᠡᠮᠡᠭᠡ᠂ ᠰᠢᠨᠵᠢᠶᠠᠩ ᠲᠡᠮᠡᠭᠡ ᠠᠰ ᠠᠰ ᠤᠨ ᠥᠪᠡᠷᠮᠢᠴᠡ ᠰᠢᠨᠵᠢ ᠭᠠᠵᠠᠷ ᠣᠷᠣᠨ ᠤ ᠡᠭᠦᠯᠳᠡᠷ ᠲᠡᠮᠡᠭᠡ ᠨᠤᠭᠦᠳ ᠪᠣᠢ
ᠡᠯ᠎ᠡ ᠭᠠᠵᠠᠷ ᠲᠠᠬᠢ ᠲᠡᠮᠡᠭᠡᠨ ᠦ ᠪᠡᠶ᠎ᠡ ᠪᠢᠯᠳᠠᠷ ᠤᠨ ᠶᠡᠬᠡ ᠪᠠᠭ᠎ᠠ ᠨᠢ ᠰᠢᠭ᠋ ᠪᠣᠯᠪᠠᠴᠤ᠂ ᠶᠡᠬᠡ ᠲᠥᠯᠥᠪ ᠳᠡᠬᠡᠨ ᠪᠤᠤᠷ᠎ᠠ ᠶᠢᠨ ᠠᠮᠢᠳᠤ ᠶᠢᠨ ᠵᠢᠩ ᠨᠢ 500︱600 ᠺᠢᠯᠤᠭ᠍ᠷᠠᠮ︔ ᠢᠩᠭᠡᠨ ᠦ ᠠᠮᠢᠳᠤ ᠶᠢᠨ ᠵᠢᠩ 400︱500 ᠺᠢᠯᠤᠭ᠍ᠷᠠᠮ ᠣᠷᠴᠢᠮ ᠪᠠᠶᠢᠳᠠᠭ᠃ ᠪᠤᠲᠤᠭᠤ᠂ ᠰᠠᠶ᠋ᠢ ᠪᠤᠲᠤᠭᠤᠯᠤᠭᠰᠠᠨ ᠤ ᠳᠠᠷᠠᠭᠠᠬᠢ ᠨᠢᠯᠬ᠎ᠠ ᠦᠶ᠎ᠡ ᠶᠢᠨ ᠪᠡᠶ᠎ᠡ ᠶᠢᠨ ᠵᠢᠩ ᠨᠢ 35 ᠺᠢᠯᠤᠭ᠍ᠷᠠᠮ ᠣᠷᠴᠢᠮ᠃
ᠮᠣᠩᠭᠣᠯ ᠲᠡᠮᠡᠭᠡᠨ ᠤ ᠪᠡᠶ᠎ᠡ ᠶᠢᠨ ᠬᠡᠮᠵᠢᠯᠲᠡ ᠶᠢᠨ ᠳᠤᠮᠳᠠᠴᠢᠯᠠᠭᠰᠠᠨ ᠬᠡᠮᠵᠢᠭᠳᠡᠯ ᠄
ᠪᠦᠳᠦᠭᠦᠨ ᠪᠤᠤᠷ᠎ᠠ᠄ ᠪᠡᠶ᠎ᠡ ᠶᠢᠨ ᠥᠨᠳᠦᠷ 175.2 ᠰᠡᠨᠲ᠋ᠢᠮᠧᠲ᠋ᠷ᠂ ᠪᠡᠶ᠎ᠡ ᠶᠢᠨ ᠲᠠᠰᠢᠭᠤ ᠤᠷᠲᠤ 153.2 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 210.7 ᠰᠡᠨᠲ᠋ᠢᠮᠧᠲ᠋ᠷ ︔ ᠪᠦᠳᠦᠭᠦᠨ ᠢᠩᠭᠡ ᠄ ᠪᠡᠶ᠎ᠡ ᠶᠢᠨ ᠥᠨᠳᠦᠷ 168 ᠰᠡᠨᠲ᠋ᠢᠮᠧᠲ᠋ᠷ᠂ ᠪᠡᠶ᠎ᠡ ᠶᠢᠨ ᠲᠠᠰᠢᠭᠤ ᠤᠷᠲᠤ 146.9 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 198 ᠰᠡᠨᠲ᠋ᠢᠮᠧᠲ᠋ᠷ ︔ ᠪᠦᠳᠦᠭᠦᠨ ᠠᠲᠠ ᠄ ᠪᠡᠶ᠎ᠡ ᠶᠢᠨ ᠥᠨᠳᠦᠷ 179.3 ᠰᠡᠨᠲ᠋ᠢᠮᠧᠲ᠋ᠷ᠂ ᠪᠡᠶ᠎ᠡ ᠶᠢᠨ ᠲᠠᠰᠢᠭᠤ ᠤᠷᠲᠤ 163.8 ᠰᠡᠨᠲ᠋ᠢᠮᠧᠲ᠋ᠷ ᠂ ᠴᠡᠭᠡᠵᠢᠨ ᠪᠦᠰᠡᠯᠡᠭᠦᠷ 208.5 ᠰᠡᠨᠲ᠋ᠢᠮᠧᠲ᠋ᠷ ᠃
ᠤᠨᠤᠯᠭ᠎ᠠ᠂ ᠠᠴᠢᠶ᠎ᠠ ᠵᠥᠭᠡᠭᠡᠪᠦᠷᠢ᠄ ᠮᠣᠩᠭᠣᠯ ᠲᠡᠮᠡᠭᠡ ᠶᠢ ᠤᠨᠤᠯᠭᠠᠨ ᠳᠤ ᠬᠡᠷᠡᠭᠯᠡᠬᠦ ᠳᠦ ᠬᠤᠷᠳᠤᠴᠠ ᠰᠠᠶᠢᠲᠠᠢ ᠪᠥᠭᠡᠳ ᠤᠨᠤᠯᠭ᠎ᠠ ᠪᠠ ᠠᠴᠢᠶ᠎ᠠ ᠵᠥᠭᠡᠭᠡᠪᠦᠷᠢ ᠳᠤ ᠲᠡᠰᠪᠦᠷᠢ ᠳᠠᠭᠠᠭᠠᠴᠠ ᠨᠢ ᠣᠨᠴᠠᠭᠠᠢ ᠰᠠᠶᠢᠨ ᠪᠠᠶᠢᠳᠠᠭ᠃ ᠲᠡᠮᠡᠭᠡ ᠶᠢ ᠤᠨᠤᠵᠣ ᠠᠶᠠᠯᠠᠬᠤ ᠳᠤ ᠬᠤᠷᠳᠤᠴᠠ ᠨᠢ ᠮᠣᠷᠢ ᠲᠠᠢ ᠠᠳᠠᠯᠢᠪᠲᠣᠷ᠂ ᠠᠲᠠᠨ ᠲᠡᠮᠡᠭᠡᠨ ᠳᠦ 150︱200 ᠺᠢᠯᠤᠭ᠍ᠷᠠᠮ ᠶᠠᠭᠤᠮ᠎ᠠ ᠠᠴᠢᠭᠠᠳ ᠡᠳᠦᠷ ᠲᠦ 60︱70
ᠺᠢᠯᠣᠮᠧᠲ᠋ᠷ ᠶᠠᠪᠤᠬᠤ ᠳᠤ ᠠᠵᠢᠭ ᠴᠤ ᠦᠭᠡᠢ ᠶᠠᠪᠤᠵᠣ ᠯᠠ ᠪᠠᠶᠢᠳᠠᠭ᠂ 350︱400 ᠺᠢᠯᠤᠭ᠍ᠷᠠᠮ ᠲᠡᠭᠡᠭᠡᠰᠢ ᠲᠠᠢ ᠲᠡᠷᠭᠡᠨ ᠳᠦ ᠨᠢᠭᠡ ᠠᠲᠠ ᠬᠦᠯᠥᠭᠡᠳ ᠣᠶᠢᠷ᠎ᠠ ᠵᠠᠭᠤᠷ᠎ᠠ ᠶᠢᠨ ᠵᠥᠭᠡᠭᠡᠪᠦᠷᠢ ᠬᠢᠬᠦ ᠳᠦ ᠶᠡᠷᠦ ᠬᠦᠴᠢᠷᠳᠡᠳᠡᠭ ᠦᠭᠡᠢ᠃
ᠨᠣᠣᠰᠤ ᠨᠣᠯᠤᠤᠷ ᠤᠨ ᠄ ᠲᠡᠮᠡᠭᠡᠨ ᠦ ᠨᠣᠣᠰᠤ ᠨᠣᠯᠤᠤᠷ︵ᠨᠣᠯᠤᠤᠷ ᠪᠣᠯᠣᠨ ᠬᠢᠯᠭᠠᠰᠤ᠂ ᠰᠣᠷ︶ ᠢ ᠠᠷᠠᠳ ᠤᠨ ᠶᠡᠷᠦ ᠶᠢᠨ ᠬᠡᠯᠡᠯᠭᠡ ᠪᠡᠷ ᠲᠡᠮᠡᠭᠡᠨ ᠤᠩᠭᠤᠰᠤ ᠭᠡᠵᠦ ᠬᠡᠯᠡᠳᠡᠭ᠃ ᠮᠣᠩᠭᠣᠯ ᠲᠡᠮᠡᠭᠡᠨ ᠦ ᠨᠣᠣᠰᠤ ᠨᠣᠯᠤᠤᠷ ᠤᠨ ᠭᠠᠷᠴᠠ ᠶᠢᠨ ᠬᠡᠮᠵᠢᠶ᠎ᠡ ᠨᠢ ᠨᠡᠶᠢᠳᠡᠮ ᠳᠡᠬᠡᠨ ᠶᠡᠬᠡ ᠰᠠᠶᠢᠨ᠃ ᠠᠯᠠᠱᠠ ᠲᠡᠮᠡᠭᠡᠨ ᠤ ᠨᠣᠣᠰᠤ ᠨᠣᠯᠤᠤᠷ ᠨᠢ ᠬᠠᠷᠢᠴᠠᠩᠭᠤᠢ ᠪᠠᠷ ᠨᠠᠷᠢᠨ᠂ ᠰᠦᠨᠢᠳ ᠲᠡᠮᠡᠭᠡ ᠨᠣᠣᠰᠤ ᠨᠣᠯᠤᠤᠷ ᠤᠨ ᠭᠠᠷᠴᠠ ᠪᠡᠷ ᠶᠡᠬᠡ ᠪᠥᠭᠡᠳ ᠪᠡᠶ᠎ᠡ ᠪᠢᠯᠳᠠᠷ ᠢᠶᠠᠷ ᠪᠠᠰᠠ ᠪᠦᠳᠦᠭᠦᠨ ᠪᠠᠶᠢᠳᠠᠭ᠃ ᠶᠡᠬᠡᠩᠬᠢ ᠮᠣᠩᠭᠣᠯ ᠲᠡᠮᠡᠭᠡᠨ ᠦ ᠨᠣᠣᠰᠤ ᠨᠣᠯᠤᠤᠷ ᠤᠨ ᠭᠠᠷᠴᠠ ᠨᠢ ᠶᠡᠷᠥᠩᠬᠢ ᠳᠡᠬᠡᠨ 5︱8 ᠺᠢᠯᠤᠭ᠍ᠷᠠᠮ ᠣᠷᠴᠢᠮ ᠪᠠᠶᠢᠵᠣ᠂ 10 ᠺᠢᠯᠤᠭ᠍ᠷᠠᠮ ᠡᠴᠡ ᠳᠡᠭᠡᠭᠰᠢ ᠭᠠᠷᠴᠠ ᠲᠠᠢ ᠲᠡᠮᠡᠭᠡ ᠪᠠᠰᠠ ᠨᠡᠯᠢᠶᠡᠳ ᠪᠣᠢ᠃
ᠮᠢᠬᠠᠨ ᠭᠠᠷᠣᠯᠲᠠ᠄ ᠮᠣᠩᠭᠣᠯ ᠲᠡᠮᠡᠭᠡᠨ ᠦ ᠮᠢᠬ᠎ᠠ᠂ ᠡᠯᠳᠡᠪ ᠵᠦᠢᠯ ᠦᠨ ᠮᠠᠭᠤᠬᠠᠢ ᠰᠢᠩᠬᠢᠭ ᠦᠨᠥᠷ ᠠᠮᠲᠠ ᠦᠭᠡᠢ᠂ ᠰᠢᠮ᠎ᠡ ᠲᠡᠵᠡᠭᠡᠯ ᠦᠨ ᠠᠭᠤᠯᠠᠭᠳᠠᠴᠠ ᠨᠢ ᠪᠥᠷᠢᠨ᠂ ᠢᠳᠡᠬᠦ ᠳᠦ ᠠᠮᠲᠠᠲᠠᠢ᠂ ᠥᠭᠡᠬᠦ ᠪᠠᠭ᠎ᠠ᠂ ᠬᠠᠷ᠎ᠠ ᠮᠢᠬ᠎ᠠ ᠶᠡᠬᠡᠲᠡᠢ᠂ ᠮᠢᠬᠠᠨ ᠳᠠᠬᠢ ᠤᠭᠤᠷᠠᠭ ᠤᠨ ᠠᠭᠤᠯᠠᠭᠳᠠᠴᠠ ᠨᠢ ᠦᠬᠡᠷ ᠦᠨ ᠮᠢᠬ᠎ᠠ ᠲᠠᠢ ᠣᠶᠢᠷᠠᠯᠴᠠᠭ᠎ᠠ᠃ ᠳᠤᠮᠳᠠ ᠵᠡᠷᠭᠡ ᠶᠢᠨ ᠲᠠᠷᠭᠤ ᠲᠠᠢ ᠠᠲᠠᠨ ᠤ ᠴᠤᠯ ᠮᠢᠬᠠᠨ ᠭᠠᠷᠴᠠ ᠨᠢ ᠳᠤᠮᠳᠠᠴᠢ ᠪᠠᠷ 200 ᠺᠢᠯᠤᠭ᠍ᠷᠠᠮ ᠣᠷᠴᠢᠮ᠂ ᠰᠠᠶᠢᠨ ᠲᠠᠷᠭᠤ ᠲᠠᠢ ᠪᠦᠳᠦᠭᠦᠨ ᠠᠲᠠᠨ ᠠᠴᠠ 400 ᠢᠯᠡᠭᠦᠦ ᠺᠢᠯᠤᠭ᠍ᠷᠠᠮ ᠴᠤᠯ ᠮᠢᠬ᠎ᠠ ᠭᠠᠷᠣᠭᠰᠠᠨ ᠲᠡᠮᠳᠡᠭᠯᠡᠯ ᠪᠠᠰᠠ ᠪᠣᠢ᠃ ᠨᠢᠲᠤᠯᠭᠠ ᠶᠢᠨ ᠭᠠᠷᠴᠠ ᠶᠡᠷᠦ ᠶᠢᠨ ᠪᠠᠶᠢᠳᠠᠯ ᠳᠤ 54% ᠠᠴᠠ ᠳᠡᠭᠡᠭᠰᠢ᠃
ᠰᠦᠨ ᠄ ᠲᠡᠮᠡᠭᠡᠨ ᠦ ᠢᠩᠭᠡᠨ ᠰᠦ᠋ ᠥᠳᠭᠡᠨ ᠪᠥᠭᠡᠳ ᠤᠭᠤᠷᠠᠭ᠂ ᠲᠣᠰᠣᠯᠢᠭ᠂ ᠡᠷᠥᠳᠡᠰᠦ ᠪᠣᠳᠠᠰ ᠤᠨ ᠠᠭᠤᠯᠤᠭᠳᠠᠴᠠ ᠨᠢ ᠦᠨᠢᠶᠡᠨ ᠰᠦᠨ ᠡᠴᠡ ᠥᠨᠳᠦᠷ᠂ ᠰᠦᠨ ᠲᠣᠰᠣᠯᠢᠭ ᠤᠨ ᠮᠥᠬᠦᠯᠢᠭ ᠨᠢ ᠵᠢᠵᠢᠭ ᠪᠠᠶᠢᠳᠠᠭ᠃ ᠢᠩᠭᠡᠨ ᠰᠦ᠋ ᠨᠢ ᠬᠦᠮᠦᠨ ᠦ ᠪᠡᠶ᠎ᠡ ᠳᠦ ᠶᠡᠬᠡ ᠵᠣᠬᠢᠮᠵᠢᠲᠠᠢ ᠪᠡᠶ᠎ᠡ ᠲᠡᠩᠬᠡᠵᠢᠭᠦᠯᠬᠦ ᠨᠢᠭᠡᠨ ᠵᠦᠢᠯ ᠦᠨ ᠤᠮᠳᠠᠭᠠᠨ ᠪᠣᠯᠬᠣᠷ ᠢᠶᠠᠷ ᠪᠠᠷᠠᠬᠤ ᠦᠭᠡᠢ ᠣᠯᠠᠨ ᠵᠦᠢᠯ ᠦᠨ ᠰᠠᠶᠢᠬᠠᠨ ᠦᠨᠥᠷ ᠠᠮᠲᠠᠲᠣ ᠴᠠᠭᠠᠨ ᠢᠳᠡᠭᠡ ᠬᠢᠵᠣ ᠪᠣᠯᠳᠠᠭ᠃ ᠪᠤᠲᠤᠭᠤᠯᠤᠭᠰᠠᠨ ᠢᠩᠭᠡ ᠶᠢ 8︱11 ᠰᠠᠷ᠎ᠠ ᠣᠷᠴᠢᠮ ᠰᠠᠭᠠᠵᠣ ᠪᠣᠯᠣᠨ᠎ᠠ᠂ ᠨᠢᠭᠡ ᠢᠩᠭᠡᠨ ᠡᠴᠡ ᠡᠳᠦᠷ ᠲᠦ ᠳᠤᠮᠳᠠᠴᠢ ᠪᠠᠷ 1︱1.5 ᠺᠢᠯᠤᠭ᠍ᠷᠠᠮ ᠰᠦ᠋ ᠰᠠᠭᠠᠵᠣ ᠳᠡᠶᠢᠯᠥᠨ᠎ᠡ᠃
ᠦᠷᠡᠵᠢᠯᠲᠡ ᠪᠣᠶᠢᠵᠢᠯᠲᠡ᠄ ᠮᠣᠩᠭᠣᠯ ᠲᠡᠮᠡᠭᠡᠨ ᠦ ᠦᠷᠡᠵᠢᠯᠲᠡ ᠶᠢᠨ ᠨᠣᠷᠮ᠎ᠠ ᠲᠡᠮᠡᠢ ᠦᠨᠳᠦᠷ ᠪᠢᠰᠢ᠂ ᠶᠡᠷᠦ ᠶᠢᠨ ᠵᠢᠯ ᠳᠦ᠂ 40% ᠭᠠᠷᠣᠢ ᠯᠠ ᠪᠠᠶᠢᠳᠠᠭ ᠃ ᠪᠤᠲᠤᠭᠤᠨ ᠤ ᠪᠤᠶᠢᠵᠢᠯᠲᠠ ᠶᠢᠨ ᠨᠣᠷᠮ᠎ᠠ ᠶᠢᠨ ᠦᠨᠳᠦᠷ ᠡᠰᠡᠬᠦ ᠨᠢ ᠲᠤᠬᠠᠢ ᠶᠢᠨ ᠭᠠᠵᠠᠷ ᠤᠨ ᠪᠠᠶᠢᠭᠠᠯᠢ ᠣᠷᠴᠢᠨ ᠤ ᠪᠠᠶᠢᠳᠠᠯ ᠪᠣᠯᠣᠨ ᠠᠷᠠᠴᠢᠯᠠᠭ᠎ᠠ ᠮᠠᠯᠵᠢᠯᠭ᠎ᠠ ᠲᠠᠢ ᠰᠢᠭᠤᠳ ᠬᠣᠯᠪᠣᠭᠳᠠᠯ ᠲᠠᠢ᠂ ᠶᠡᠷᠦ ᠶᠢᠨ ᠪᠠᠶᠢᠳᠠᠯ ᠳᠤ᠂ 90% ᠠᠴᠠ ᠳᠡᠭᠡᠭᠰᠢ ᠪᠠᠶᠢᠳᠠᠭ᠃
ᠲᠡᠮᠡᠭᠡ᠂ ᠰᠦᠷᠦᠭᠴᠢ ᠢᠵᠢᠯᠢᠰᠡᠭ ᠵᠠᠩ ᠴᠢᠨᠠᠷ ᠢᠶᠠᠷ ᠣᠨᠴᠠᠭᠠᠢ ᠰᠠᠶᠢᠨ ᠪᠠᠶᠢᠳᠠᠭ᠂ ᠵᠠᠷᠢᠮ ᠦᠶ᠎ᠡ ᠳᠤ ᠲᠡᠮᠡᠭᠡᠨ ᠰᠦᠷᠦᠭ ᠨᠤᠭᠦᠳ ᠨᠢᠭᠡᠨ ᠭᠠᠵᠠᠷ ᠬᠣᠭᠣᠷᠣᠨᠳᠣ ᠪᠠᠨ ᠨᠡᠶᠢᠯᠡᠨ ᠬᠣᠯᠢᠯᠲᠤᠭᠰᠠᠨ ᠴᠤ᠂ ᠰᠠᠯᠣᠨ ᠶᠠᠪᠤᠬᠤ ᠳᠠᠭᠠᠨ ᠢᠵᠢᠯᠢ ᠪᠡᠷ ᠢᠶᠡᠨ ᠥᠪᠡᠷ ᠥᠪᠡᠷ ᠦᠨ ᠰᠦᠷᠦᠭ ᠢᠶᠡᠨ ᠳᠠᠭᠠᠨ ᠢᠯᠭᠠᠷᠠᠵᠣ ᠶᠠᠪᠤᠳᠠᠭ᠂ ᠪᠤᠤᠷ᠎ᠠ ᠨᠢ ᠬᠤᠷᠢᠶᠠᠭᠰᠠᠨ ᠰᠦᠷᠦᠭ ᠤᠨ ᠢᠶᠡᠨ ᠲᠡᠮᠡᠭᠡᠳ ᠢ ᠵᠢᠯ ᠲᠤᠷᠰᠢᠳᠠ ᠠᠵᠢᠭᠯᠠᠨ ᠠᠩᠬᠠᠷᠴᠤ᠂ ᠰᠠᠯᠵᠣ ᠪᠤᠲᠠᠷᠠᠬᠤ ᠶᠢ ᠰᠡᠷᠡᠮᠵᠢᠯᠡᠨ ᠦᠷᠭᠦᠯᠵᠢ ᠬᠤᠷᠢᠶᠠᠵᠣ᠂ ᠬᠠᠮᠠᠭᠠᠯᠠᠨ ᠶᠠᠪᠤᠳᠠᠭ᠃
ᠲᠡᠮᠡᠭᠡ᠂ ᠪᠤᠰᠤᠳ ᠲᠥᠷᠥᠯ ᠦᠨ ᠮᠠᠯ ᠵᠣᠬᠢᠴᠠᠬᠤ ᠪᠠᠷ ᠪᠠᠷᠣᠭᠲᠠᠶᠢᠬᠠᠨ ᠰᠢᠭ᠋ ᠭᠠᠩᠳᠠᠮᠠᠯ ᠬᠠᠭᠤᠷᠠᠢ ᠲᠠᠴᠢᠷ ᠨᠢᠮᠬᠡᠨ ᠡᠪᠡᠰᠦ ᠪᠡᠯᠴᠢᠭᠡᠷ ᠲᠠᠢ ᠨᠤᠲᠤᠭ ᠣᠷᠣᠨ ᠵᠢᠴᠢ ᠡᠯᠡᠰᠦᠷᠬᠡᠭ᠂ ᠴᠦᠯᠡᠷᠬᠡᠭ ᠭᠠᠵᠠᠷ ᠣᠷᠣᠨ ᠤ ᠬᠠᠲᠠᠭᠤ ᠪᠡᠷᠬᠡ ᠣᠷᠴᠢᠨ ᠠᠬᠤᠢ ᠳᠤ ᠳᠣᠶᠢᠯ ᠤᠨ ᠲᠡᠰᠪᠦᠷᠢ ᠳᠠᠭᠠᠭᠠᠴᠠ ᠲᠠᠢ ᠪᠡᠷ ᠰᠠᠶᠢᠨ ᠵᠣᠬᠢᠴᠠᠨ᠂ ᠪᠠᠶᠢᠭᠠᠯᠢ ᠶᠢᠨ ᠨᠥᠬᠦᠴᠡᠯ ᠬᠡᠳᠦᠢ ᠠᠨᠠᠢ ᠪᠠᠶᠢᠭᠰᠠᠨ ᠴᠤ᠂ ᠵᠢᠯ ᠲᠤᠷᠰᠢᠳᠠ ᠬᠡᠭᠡᠷᠡᠯᠡᠨ ᠬᠣᠯᠠ ᠣᠶᠢᠷ᠎ᠠ ᠶᠢᠨ ᠪᠡᠯᠴᠢᠭᠡᠷ ᠭᠡᠵᠦ ᠢᠯᠭᠠᠯ ᠦᠭᠡᠢ ᠨᠠᠭᠠᠰᠢ ᠴᠠᠭᠠᠰᠢ ᠵᠣᠷᠴᠢᠨ ᠴᠢᠳᠠᠮᠠᠭᠠᠢ ᠰᠠᠶᠢᠬᠠᠨ ᠠᠰᠢᠭᠯᠠᠵᠣ᠂ ᠬᠡᠪ ᠦᠨ ᠪᠠᠶᠢᠳᠠᠯ ᠢᠶᠠᠷ ᠥᠰᠴᠦ ᠲᠥᠯᠵᠢᠨ ᠦᠷᠡᠵᠢᠵᠦ ᠪᠠᠶᠢᠳᠠᠭ᠂ ᠲᠡᠭᠦᠨ ᠢ ᠪᠣᠰᠣᠳ ᠲᠥᠷᠥᠯ ᠦᠨ ᠮᠠᠯ ᠲᠠᠢ ᠨᠢᠭᠡᠨ ᠭᠠᠵᠠᠷ ᠨᠤᠲᠤᠭ ᠲᠤ ᠬᠠᠮᠲᠤ ᠪᠡᠯᠴᠢᠷᠯᠡᠭᠦᠯᠦᠭᠰᠡᠨ ᠴᠤ ᠪᠣᠰᠣᠳ ᠲᠥᠷᠥᠯ ᠦᠨ ᠮᠠᠯ ᠲᠠᠢ ᠡᠪᠡᠰᠦ ᠲᠡᠵᠡᠭᠡᠯ ᠪᠤᠯᠢᠶᠠᠯᠴᠠᠯᠳᠤᠬᠤ ᠦᠭᠡᠢ᠂ ᠬᠠᠷᠢᠨ ᠪᠡᠯᠴᠢᠭᠡᠷ ᠨᠤᠲᠤᠭ ᠲᠠᠬᠢ ᠮᠣᠳᠣᠨ ᠤ ᠨᠠᠪᠴᠢ ᠮᠥᠴᠢᠷ᠂ ᠪᠤᠲᠠ᠂ ᠪᠤᠳᠠᠷᠭᠠᠨ᠎ᠠ᠂ ᠰᠢᠷᠠᠯᠵᠢ᠂ ᠬᠠᠮᠬᠤᠤᠯ᠂ ᠬᠠᠷᠭᠠᠨ᠎ᠠ᠂ ᠬᠠᠯᠭᠠᠢ ᠭᠡᠬᠦ ᠮᠡᠲᠦ ᠶᠢᠨ ᠪᠤᠰᠤᠳ ᠮᠠᠯ ᠳᠡᠮᠡᠢ ᠢᠳᠡᠵᠦ ᠠᠰᠢᠭᠯᠠᠳᠠᠭ ᠦᠭᠡᠢ ᠪᠦᠳᠦᠭᠦᠯᠢᠭ ᠪᠤᠶᠤ ᠮᠣᠳᠤᠯᠢᠭ ᠲᠥᠷᠥᠯ ᠦᠨ ᠤᠷᠭᠤᠮᠠᠯ ᠢ ᠨᠢ ᠭᠣᠯᠣᠬᠤ ᠦᠭᠡᠢ ᠢᠳᠡᠳᠡᠭ᠃
ᠲᠡᠮᠡᠭᠡ ᠪᠣᠯ ᠠᠷᠠᠴᠢᠯᠠᠭ᠎ᠠ ᠮᠠᠯᠵᠢᠯᠭ᠎ᠠ ᠶᠢᠨ ᠪᠡᠯᠡ ᠣᠷᠣᠭᠤᠯᠤᠯᠲᠠ ᠳᠣᠩ ᠪᠠᠭ᠎ᠠ᠂ ᠪᠡᠯᠴᠢᠭᠡᠷ ᠡᠪᠡᠰᠦᠨ ᠳᠦ ᠭᠠᠮᠲᠠᠢ᠂ ᠨᠣᠣᠰᠤ ᠨᠣᠯᠤᠤᠷ᠂ ᠰᠦ᠋᠂ ᠮᠢᠬ᠎ᠠ ᠵᠡᠷᠭᠡ ᠣᠨᠴᠠ ᠰᠢᠯᠢᠳᠡᠭ ᠰᠠᠶᠢᠨ ᠣᠯᠠᠨ ᠵᠦᠢᠯ ᠦᠨ ᠭᠠᠷᠣᠯᠲᠠ ᠲᠠᠢ᠂ ᠮᠠᠯᠵᠢᠬᠤ ᠳᠤ ᠠᠰᠢᠭ ᠣᠯᠵᠠᠪᠤᠷᠢ ᠶᠡᠬᠡᠲᠡᠢ᠂ ᠪᠠᠶᠢᠭᠠᠯᠢ ᠣᠷᠴᠢᠨ ᠠᠬᠤᠢ ᠶᠢᠨ ᠨᠥᠬᠦᠴᠡᠯ ᠮᠠᠭᠤᠲᠠᠢ ᠭᠠᠵᠠᠷ ᠣᠷᠣᠨ ᠳᠤ ᠮᠠᠯᠵᠢᠵᠣ ᠪᠣᠯᠬᠤ ᠵᠡᠷᠭᠡ ᠣᠯᠠᠨ ᠠᠷᠪᠢᠨ ᠳᠠᠪᠠᠭᠤᠯᠢᠭ ᠲᠠᠯ᠎ᠠ ᠲᠠᠢ᠂ ᠳᠡᠯᠡᠬᠡᠢ ᠳᠦ ᠬᠣᠪᠤᠷᠬᠠᠨ ᠰᠢᠯᠢᠳᠡᠭ ᠰᠠᠶᠢᠨ ᠡᠭᠦᠯᠳᠡᠷ ᠤᠨ ᠲᠡᠮᠡᠭᠡ ᠪᠣᠯᠬᠣᠷ᠂ ᠬᠣᠶᠢᠰᠢᠳᠠ ᠲᠡᠭᠦᠨ ᠦ ᠡᠳᠡᠭᠡᠷ ᠬᠣᠪᠤᠷ ᠨᠠᠨᠳᠢᠨ ᠳᠠᠪᠠᠭᠤᠯᠢᠭ ᠲᠠᠯ᠎ᠠ ᠶᠢ ᠨᠢ ᠲᠤᠬᠠᠢ ᠶᠢᠨ ᠭᠠᠵᠠᠷ ᠣᠷᠣᠨ ᠤ ᠪᠠᠨ ᠬᠡᠷᠡᠭᠴᠡᠭᠡ ᠱᠠᠭᠠᠷᠳᠠᠯᠭ᠎ᠠ ᠳᠠᠭᠠᠨ ᠵᠣᠬᠢᠴᠠᠭᠤᠯᠤᠨ ᠤᠯᠠᠮ ᠰᠠᠶᠢᠨ ᠢᠶᠠᠷ ᠠᠰᠢᠭᠯᠠᠬᠤ ᠶᠢ ᠠᠩᠬᠠᠷᠤᠯ ᠳᠠᠭᠠᠨ ᠠᠪᠴᠤ᠂ ᠡᠭᠦᠯᠳᠡᠷ ᠦᠨ ᠳᠣᠲᠣᠷ᠎ᠠ ᠨᠢ ᠰᠢᠯᠢᠨ ᠰᠤᠩᠭᠤᠵᠤ ᠪᠣᠶᠢᠵᠢᠭᠤᠯᠤᠨ᠂ ᠲᠡᠭᠦᠨ ᠦ ᠰᠢᠯᠢᠳᠡᠭ ᠰᠠᠶᠢᠨ ᠤᠳᠤᠮᠰᠢᠯ ᠤᠨ ᠰᠢᠨᠵᠢ ᠴᠢᠨᠠᠷ ᠢ ᠨᠢ ᠴᠡᠪᠡᠷ ᠢᠶᠡᠷ ᠨᠢ ᠬᠠᠮᠠᠭᠠᠯᠠᠨ ᠬᠠᠳᠠᠭᠠᠯᠠᠬᠤ ᠶᠢ ᠴᠢᠬᠤᠯᠴᠢᠯᠠᠵᠣ᠂ ᠶᠠᠰᠤ ᠴᠢᠨᠠᠷ ᠢ ᠨᠢ ᠤᠯᠠᠮ ᠰᠠᠶᠢᠵᠢᠷᠠᠭᠤᠯᠤᠨ ᠰᠢᠯᠢᠳᠡᠭᠵᠢᠭᠦᠯᠵᠦ ᠰᠠᠶᠢᠳᠤᠷ ᠠᠰᠢᠭᠯᠠᠪᠠᠯ ᠵᠣᠬᠢᠨ᠎ᠠ᠃