 

ᠬᠠᠮᠲᠦ ᠪᠠᠷ ᠴᠢᠨᠡᠯᠢᠭᠵᠢᠬᠦ

2025-05-14 19:25
  13
  0
ᠬᠠᠮᠲᠦ ᠪᠠᠷ ᠴᠢᠨᠡᠯᠢᠭᠵᠢᠬᠦ 
ᠬᠠᠮᠲᠦ ᠪᠠᠷ ᠴᠢᠨᠡᠯᠢᠭᠵᠬᠦ ᠪᠣᠯ ᠨᠡᠶᠢᠭᠡᠮ ᠵᠢᠷᠦᠮᠲᠦ ᠨᠡᠶᠢᠭᠡᠮ ᠦᠨ ᠮᠦᠨ ᠴᠢᠨᠠᠷ ᠤᠨ ᠱᠠᠭᠠᠷᠳᠤᠯᠭ᠎ᠠ︵社会主义社会本质要求︶᠂ ᠠᠷᠡᠳ ᠲᠦᠮᠡᠨ ᠦ ᠬᠠᠮᠲᠤ ᠶᠢᠨ ᠭᠦᠰᠡᠯ ᠡᠷᠡᠮᠡᠯᠵᠡᠯ᠃ ᠳᠤᠮᠳᠠᠳᠦ ᠤᠯᠤᠰ ᠤᠨ ᠣᠨᠴᠠᠯᠠᠭ ᠪᠦᠬᠦᠢ ᠣᠳᠣᠬᠢᠴᠢᠯᠠᠯᠲᠠ ᠶᠢᠨ ᠭᠣᠣᠯ ᠴᠢᠬᠣᠯ᠎ᠠ ᠬᠡᠰᠡᠭ᠂ ᠳᠣᠮᠳᠠᠳᠤ ᠶᠢᠨ ᠦᠨᠳᠦᠰᠦᠲᠡᠨ ᠦ ᠠᠭᠣᠣ ᠶᠡᠬᠡ ᠰᠡᠷᠭᠦᠭᠡᠨ ᠮᠠᠨᠳᠤᠯᠲᠠ ᠶᠢ ᠪᠡᠶᠡᠯᠡᠭᠦᠯᠬᠦ ᠵᠠᠶᠢᠯᠠᠰᠢ ᠦᠭᠡᠢ ᠵᠠᠪᠤᠬᠤ ᠵᠠᠮ᠂ ᠮᠦᠨ ᠴᠦ ᠪᠦᠬᠦᠶᠢᠯᠡ ᠬᠦᠮᠦᠨ ᠲᠦᠷᠦᠯᠬᠡᠶᠢᠲᠡᠨ ᠦ ᠬᠠᠮᠲᠦ ᠶᠢᠨ ᠬᠦᠰᠡᠯ ᠪᠤᠯᠤᠨ᠎ᠠ᠃ 
ᠨᠡᠶᠢᠬᠡᠮ ᠵᠢᠷᠦᠮ ᠦᠨ ᠣᠣᠯ ᠴᠢᠨᠠᠷ ᠪᠣᠯ᠂ ᠦᠢᠯᠡᠳᠪᠦᠷᠢᠯᠡᠯ ᠦᠨ ᠬᠦᠴᠦᠨ ᠢ ᠴᠢᠯᠦᠭᠡᠯᠡᠬᠦ ᠬᠦᠭᠵᠢᠭᠦᠯᠬᠦ᠂ ᠮᠦᠯᠵᠢᠯ ᠢ ᠤᠰᠠᠳᠬᠠᠬᠤ᠂ ᠬᠣᠶᠠᠷ ᠲᠤᠶᠢᠯᠰᠢᠷᠠᠯᠲᠠ ᠶᠢ ᠦᠭᠡᠶᠢᠰᠬᠡᠬᠦ᠂ ᠬᠠᠮᠤᠭ ᠤᠨ ᠡᠴᠦᠰ ᠲᠦ ᠠᠷᠠᠳ ᠣᠯᠠᠨ ᠤ ᠬᠠᠮᠲᠤ ᠪᠠᠷ ᠪᠠᠶᠠᠵᠢᠬᠤ ᠪᠡᠶᠡᠯᠡᠭᠦᠯᠬᠦ ᠤᠴᠢᠷ ᠪᠣᠯᠤᠨ᠎ᠠ᠃ ᠮᠠᠨ ᠤ ᠨᠠᠮ ᠰᠢᠨ᠎ᠡ ᠲᠤᠮᠳᠠᠳᠦ ᠤᠯᠤᠰ ᠪᠠᠶᠢᠭᠤᠯᠤᠭᠳᠠᠭᠰᠠᠨ ᠠᠴᠠ ᠨᠠᠭᠠᠰᠢ ᠲᠠᠰᠤᠷᠠᠰᠢ ᠦᠭᠡᠢ ᠪᠡᠷ ᠠᠷᠠᠳ ᠣᠯᠠᠨ ᠢ ᠴᠢᠨᠡᠯᠡᠭᠵᠢᠭᠦᠯᠬᠦ ᠠᠷᠭ᠎ᠠ ᠵᠠᠮ ᠢ ᠰᠦᠪᠡᠭᠴᠢᠯᠡᠭᠰᠡᠭᠡᠷ ᠢᠷᠡᠵᠠᠢ᠃ 
ᠨᠠᠮ ᠤᠨ ᠳ᠋ᠤᠭᠠᠷ ᠬᠤᠭᠤᠴᠠᠭᠠᠨ ᠤ ᠳᠠᠪᠤᠳᠤᠭᠠᠷ ᠪᠦᠭᠦᠳᠡ ᠬᠤᠷᠠᠯ ᠠᠴᠠ ᠯᠠᠪᠳᠤᠭᠤᠨ ᠪᠠᠲᠤᠲᠠᠢ ᠪᠠᠷ ᠬᠠᠮᠳᠤ ᠪᠠᠷ ᠴᠢᠨᠡᠯᠡᠭᠵᠢᠬᠦ ᠶᠢ ᠠᠬᠢᠭᠤᠯᠬᠤ ᠴᠢᠬᠣᠯ᠎ᠠ ᠶᠡᠬᠡ ᠪᠠᠶᠢᠯᠳᠤᠬᠤ ᠪᠣᠳᠣᠯᠭ᠎ᠠ ᠶᠢᠨ ᠪᠠᠶᠢᠷᠢᠰᠢᠭᠤᠯᠤᠯᠲᠠ ᠬᠢᠪᠡ᠃ ᠠᠷᠪᠠᠨ ᠳᠥᠷᠪᠡᠳᠦᠭᠡᠷ ᠲᠠᠪᠤᠨ ᠵᠢᠯ ᠦᠨ ᠲᠦᠯᠦᠪᠡᠯᠯᠭᠡ ᠶᠢᠨ︽ ᠬᠦᠲᠡᠯᠪᠦᠷᠢ︾ ᠳᠦ ᠣᠨ ᠤ ᠠᠯᠤᠰ ᠤᠨ ᠬᠠᠷᠠᠯᠲᠠ ᠪᠣᠯ︽ ᠬᠦᠮᠦᠨ ᠦ ᠪᠦᠬᠦ ᠲᠠᠯ᠎ᠠ ᠶᠢᠨ ᠬᠦᠭᠵᠢᠯᠯᠲᠡ ᠪᠣᠯᠤᠨ ᠪᠦᠬᠦ ᠠᠷᠠᠳ ᠬᠠᠮᠲᠦ ᠪᠠᠷ ᠴᠢᠨᠡᠯᠢᠭᠵᠢᠬᠦ︾ ᠳᠦ ᠨᠡᠭ ᠢᠯᠡ ᠲᠣᠳᠤ ᠪᠣᠳᠠᠲᠦ ᠴᠢᠨᠠᠷ ᠲᠠᠢ ᠬᠦᠭᠵᠢᠯᠲᠡ ᠳᠦ ᠬᠦᠷᠬᠦ ᠬᠠᠷᠠᠯᠲᠠ ᠶᠢ ᠲᠣᠭᠲᠠᠭᠠᠪᠠ᠃ ᠳ᠋ᠤᠭᠠᠷ ᠬᠤᠷᠠᠯ ᠠᠴᠠ ᠬᠠᠮᠲᠤ ᠪᠠᠷ ᠴᠢᠨᠡᠭᠡᠯᠢᠭᠵᠢᠬᠦ ᠶᠢ ᠨᠡᠭ ᠴᠢᠬᠤᠯᠠ ᠪᠠᠶᠢᠷᠢ ᠳᠤ ᠲᠠᠯᠪᠢᠵᠦ ᠬᠠᠮᠲᠦ ᠪᠠᠷ ᠴᠢᠨᠡᠯᠢᠭᠵᠢᠬᠦ ᠶᠢ ᠪᠡᠶᠡᠯᠡᠭᠦᠯᠬᠦ ᠵᠣᠷᠢᠯᠲᠠ ᠶᠢ ᠨᠠᠮ ᠤᠨ ᠲᠦᠷᠢᠮ ᠳᠦ ᠪᠢᠴᠢᠨ ᠣᠷᠤᠭᠤᠯᠵᠠᠢ᠃ 
ᠲᠡᠭᠡᠪᠡᠯ ᠶᠠᠭᠤ ᠶᠢ ᠬᠠᠮᠲᠦ ᠪᠠᠷ ᠴᠢᠨᠡᠯᠢᠭᠵᠢᠬᠦ ᠭᠡᠳᠡᠭ ᠪᠣᠢ︖ ᠬᠠᠮᠲᠦ ᠪᠡᠷ ᠴᠢᠨᠡᠯᠡᠭᠵᠢᠬᠦ ᠶᠢ ᠬᠡᠷᠬᠢᠨ ᠪᠡᠶᠡᠯᠡᠭᠦᠯᠬᠦ ᠪᠣᠢ? ᠡᠨᠡ ᠪᠣᠯ ᠲᠠᠷᠤᠢ ᠬᠠᠮᠤᠭ ᠠᠴᠠ ᠶᠡᠬᠡ ᠰᠣᠳᠣᠯᠠᠭᠤᠰᠢᠲᠠᠢ ᠠᠰᠠᠭᠤᠳᠠᠯ ᠪᠣᠯᠵᠤ ᠪᠠᠶᠢᠨ᠎ᠠ︕ 
ᠱᠢ ᠵᠢᠨ ᠫᠢᠩ ᠲᠡᠷᠢᠭᠦᠯᠦᠭᠴᠢ ᠡᠴᠡ ᠵᠢᠭᠠᠬᠤ ᠳᠠᠭᠠᠨ︽ ᠪᠢᠳᠡ ᠳᠦᠭ᠌ᠰᠢᠭᠤᠷ ᠠᠷᠠᠳ ᠲᠦᠮᠡᠨ ᠦ ᠬᠠᠮᠲᠤ ᠪᠡᠷ ᠴᠢᠨᠡᠯᠢᠭᠵᠢᠭᠦᠯᠬᠦ ᠳᠦ ᠡᠷᠬᠡᠪᠡᠰᠢ ᠯᠠᠪᠳᠠᠭᠤᠨ ᠪᠠᠲᠠᠲᠠᠢ᠂ ᠤᠷᠲᠤ ᠤᠳᠠᠭᠠᠨ ᠪᠠᠶᠢᠬᠤ ᠬᠡᠷᠭ᠌ᠲᠠᠢ᠂ ᠬᠠᠮᠲᠤ ᠪᠠᠷ ᠴᠢᠨᠡᠯᠢᠭᠵᠢᠬᠦ ᠳᠦ ᠠᠯᠢᠪᠠ ᠬᠦᠮᠦᠨ ᠪᠦᠬᠦᠨ ᠵᠡᠷᠬᠡ ᠪᠡᠷ ᠪᠠᠶᠠᠵᠢᠬᠤ ᠪᠢᠰᠢ᠂ ᠮᠦᠨ ᠴᠦ ᠪᠦᠬᠦ ᠭᠠᠵᠠᠷ ᠣᠷᠤᠨ ᠵᠡᠷᠭᠡ  ᠪᠡᠷ ᠪᠠᠶᠠᠵᠢᠬᠤ ᠪᠠᠷᠢᠮᠵᠢᠶ᠎ᠠ ᠲᠦᠪᠡᠰᠢᠨ ᠳᠦ ᠬᠦᠷᠬᠦ ᠶᠠᠪᠤᠳᠠᠯ ᠪᠢᠰᠢ᠃ ᠠᠳᠠᠯᠢ ᠪᠣᠰᠤ ᠬᠦᠮᠦᠰ ᠦᠨ ᠴᠢᠨᠡᠯᠢᠭᠵᠢᠬᠦ ᠬᠢᠷᠢ ᠬᠡᠮᠵᠢᠶ᠎ᠡ ᠦᠨᠳᠦᠷ ᠪᠣᠭᠤᠨᠢ ᠲᠠᠢ ᠴᠢᠨᠡᠭᠡᠯᠢᠭᠵᠢᠬᠦ ᠴᠠᠭ ᠬᠤᠭᠤᠴᠠᠭ᠎ᠠ ᠴᠦ ᠡᠮᠦᠨ᠎ᠡ ᠬᠣᠶᠢᠨ᠎ᠠ ᠲᠠᠢ᠂ ᠬᠠᠮᠲᠦ ᠪᠠᠷ ᠴᠢᠨᠡᠯᠢᠭᠵᠢᠬᠦ ᠪᠣᠯ ᠨᠢᠭᠡᠨ ᠬᠦᠳᠡᠯᠦᠭᠭᠦᠢ ᠬᠦᠭᠵᠢᠯᠲᠡ ᠶᠢᠨ ᠶᠠᠪᠣᠴᠠ᠂ ᠡᠷᠬᠡᠪᠡᠰᠢ ᠦᠷᠭᠦᠯᠵᠢᠯᠡᠨ ᠲᠦᠯᠬᠢᠨ ᠠᠬᠢᠭᠤᠯᠵᠦ᠂ ᠲᠠᠰᠠᠷᠤᠯᠲᠠ ᠦᠭᠡᠢ ᠠᠮᠠᠵᠢᠯᠲᠠ ᠶᠢ ᠣᠯᠬᠤ ᠬᠡᠷᠡᠭᠲᠡᠢ︾᠃ ᠨᠠᠮ ᠤᠨ ᠠᠷᠪᠠᠨ ᠨᠠᠢᠮᠠᠳᠤᠭᠠᠷ ᠬᠤᠷᠠᠯ ᠠᠴᠠ ᠬᠣᠶᠢᠰᠢ᠂ ᠨᠠᠮ ᠤᠨ ᠲᠦᠪ ᠬᠣᠷᠢᠶ᠎ᠠ ᠰᠢᠨ᠎ᠡ ᠬᠦᠭᠵᠢᠯᠲᠡ ᠬᠣᠪᠢᠷᠠᠯᠲᠠ ᠶᠢ ᠠᠳᠬᠠᠨ᠂ᠪᠦᠬᠦ ᠠᠷᠠᠳ ᠤᠨ ᠬᠠᠮᠲᠦ ᠪᠠᠷ ᠪᠠᠶᠠᠵᠢᠬᠤ ᠶᠢ ᠠᠬᠢᠭᠤᠯᠬᠤ ᠶᠡᠷᠦᠭᠬᠡᠢ ᠰᠡᠳᠬᠡᠮᠵᠢ ᠶᠢ ᠲᠤᠷᠠᠳᠤᠵᠠᠢ᠃ ᠳᠠᠷᠤᠢ ᠠᠷᠠᠳ ᠲᠦᠮᠡᠨ ᠢᠶᠡᠷ ᠭᠤᠤᠯ ᠪᠣᠯᠭᠠᠬᠤ ᠬᠦᠭᠵᠢᠯᠲᠡ ᠶᠢᠨ ᠦᠵᠡᠯ ᠰᠠᠨᠠᠭ᠎ᠠ ᠶᠢ ᠪᠠᠷᠢᠮᠲᠠᠯᠠᠵᠦ᠂ ᠦᠨᠳᠦᠷ ᠴᠢᠨᠠᠷ ᠤᠨ ᠬᠦᠭᠵᠢᠯᠲᠡ ᠶᠢᠨ ᠲᠤᠮᠳᠠ ᠬᠠᠮᠲᠦ ᠪᠠᠷ ᠪᠠᠶᠠᠵᠢᠬᠤ ᠦᠷ᠎ᠡ ᠪᠦᠲᠦᠮᠵᠢ ᠪᠣᠯᠤᠨ ᠡᠷᠬᠡ ᠲᠡᠭᠰᠢ ᠶᠢᠨ ᠬᠠᠷᠢᠴᠠᠭ᠎ᠠ ᠶᠢ ᠵᠦᠪ ᠰᠡᠶᠢᠳᠪᠦᠷᠢᠯᠡᠵᠦ᠂ ᠠᠭᠬᠠᠳᠤᠭᠴᠢ ᠬᠣᠪᠢᠶᠠᠷᠯᠯᠲᠠ᠂ ᠳᠠᠬᠢᠨ ᠬᠣᠪᠢᠶᠠᠷᠯᠯᠲᠠ᠂ ᠭᠤᠷᠪᠠᠳᠠᠬᠢ ᠬᠣᠪᠢᠶᠠᠷᠯᠯᠯ ᠢ ᠵᠣᠬᠢᠴᠢᠭᠤᠯᠵᠦ᠂ ᠬᠢᠯᠬᠡᠵᠢᠭᠰᠡᠨ ᠰᠠᠭᠤᠷᠢ ᠳᠦᠷᠦᠮᠵᠢᠯ ᠢ ᠲᠣᠬᠢᠷᠠᠭᠤᠯᠵᠦ᠂ ᠭᠠᠶᠢᠯᠢ ᠳᠠᠳᠬᠠᠯ᠂ ᠰᠢᠯᠵᠢᠭᠦᠯᠦᠨ ᠲᠣᠭᠠᠴᠢᠨ ᠪᠣᠳᠤᠯᠲᠠ ᠵᠡᠷᠭᠡ ᠶᠢᠨ ᠲᠣᠬᠢᠷᠠᠭᠤᠯᠤᠯᠲᠠ ᠳᠤ ᠬᠦᠴᠦ ᠲᠠᠯᠪᠢᠨ᠂ ᠵᠦᠪ ᠣᠨᠤᠪᠴᠢ ᠶᠢᠨ ᠬᠡᠮᠵᠢᠶ᠎ᠡ ᠶᠢ ᠳᠡᠭᠡᠭᠰᠢᠯᠡᠭᠦᠯᠵᠦ᠂ ᠲᠤᠮᠳᠠ ᠵᠡᠷᠭᠡ ᠶᠢᠨ ᠣᠷᠤᠯᠭ᠎ᠠ ᠲᠠᠢ ᠬᠦᠮᠦᠰ ᠦᠨ ᠬᠣᠪᠢ ᠶᠢᠨ ᠵᠢᠭ ᠢ ᠨᠡᠮᠡᠭᠳᠡᠭᠦᠯᠵᠦ ᠲᠤᠮᠳᠠ ᠳ᠋ᠦ ᠪᠡᠨ ᠲᠣᠮᠤ ᠬᠣᠶᠠᠷ ᠦᠵᠦᠭᠦᠷ ᠲᠡᠭᠡᠨ ᠨᠠᠷᠢᠨ ᠠᠷᠤᠷ᠎ᠠ︵橄榄形状的︶ ᠶᠢᠨ ᠬᠡᠯᠪᠡᠷᠢ ᠲᠠᠢ ᠣᠷᠤᠯᠭ᠎ᠠ ᠶᠢᠨ ᠪᠦᠲᠦᠴᠡ ᠶᠢ ᠪᠠᠶᠢᠭᠣᠯᠨ᠎ᠠ ᠭᠡᠵᠠᠢ᠃ ᠬᠠᠮᠲᠤ ᠪᠠᠷ ᠴᠢᠨᠡᠯᠢᠭᠵᠢᠬᠦ ᠶᠢ ᠪᠡᠶᠡᠯᠡᠭᠦᠯᠬᠦ ᠳᠦ ᠡᠷᠬᠡᠪᠡᠰᠢ ᠬᠦᠮᠦᠨ ᠪᠦᠬᠦᠨ ᠡᠳ᠋ ᠪᠠᠶᠠᠯᠢᠭ ᠤᠨ ᠬᠣᠪᠢᠶᠠᠷᠯᠠᠯᠲᠠ ᠳᠤ ᠣᠷᠤᠯᠴᠠᠬᠤ ᠵᠠᠪᠰᠢᠶᠠᠨ ᠲᠣᠬᠢᠶᠠᠯ ᠢ ᠪᠣᠢ ᠪᠣᠯᠭᠠᠬᠤ ᠬᠡᠷᠡᠭᠲᠡᠢ᠃ 
ᠦᠪᠡᠷ ᠦᠨ ᠲᠦᠷᠦᠯᠬᠡᠢ ᠶᠢᠨ ᠠᠪᠢᠶᠠᠰ ᠴᠢᠳᠠᠪᠤᠷᠢ ᠪᠣᠯᠤᠨ ᠬᠣᠵᠢᠮ ᠤᠨ ᠴᠢᠷᠮᠠᠶᠢᠭ᠎ᠠ ᠶᠢᠨ ᠶᠡᠬᠡ ᠪᠠᠭ᠎ᠠ ᠪᠠᠷ ᠨᠡᠶᠢᠭᠡᠮ ᠦᠨ ᠡᠳ᠋ ᠪᠠᠶᠠᠯᠢᠭ ᠢ ᠪᠦᠲᠡᠭᠡᠬᠦ ᠶᠢ ᠵᠣᠬᠢᠰᠤᠲᠠᠢ ᠪᠠᠷ ᠵᠢᠱᠢᠵᠦ᠂ ᠡᠭᠦᠨ᠎ᠡ ᠤ ᠵᠡᠷᠭᠡᠴᠡᠭᠡ ᠪᠡᠷ ᠭᠠᠪᠢᠶᠠᠭ᠎ᠠ ᠵᠢᠳᠬᠦᠯ᠎  ᠤᠨ ᠬᠢᠨᠢ ᠶᠡᠬᠡ ᠪᠠᠭ᠎ᠠ ᠪᠠᠷ ᠨᠡᠶᠢᠭᠡᠮ ᠦᠨ ᠡᠳ᠋ ᠪᠠᠶᠠᠯᠢᠭ ᠢ ᠬᠣᠪᠢᠶᠠᠯᠴᠠᠬᠤ ᠲᠣᠬᠢᠶᠠᠯ ᠲᠠᠢ᠃ᠬᠦᠮᠦᠨ ᠪᠦᠬᠦᠨ ᠵᠦᠪᠬᠡᠨ ᠴᠠᠷᠮᠠᠶᠢᠨ ᠠᠵᠢᠯᠯᠵᠦ᠂ ᠡᠳ᠋ ᠪᠠᠶᠠᠯᠢᠭ ᠤᠨ ᠪᠦᠲᠦᠭᠡᠨ ᠪᠠᠶᠢᠭᠤᠯᠤᠯᠲᠠ ᠳᠤ ᠣᠷᠤᠯᠴᠠᠪᠠᠯ ᠳᠠᠷᠤᠢ ᠵᠢᠳᠬᠦᠯ ᠴᠠᠷᠮᠠᠶᠢᠭ᠎ᠠ ᠶᠢᠨ ᠪᠠᠨ ᠬᠡᠮᠵᠢᠶ᠎ᠡ ᠪᠡᠷ ᠪᠠᠶᠠᠯᠢᠭ ᠢ ᠬᠣᠪᠢᠶᠠᠬᠤ ᠪᠣᠯᠤᠨ᠎ᠠ᠃ ᠬᠦᠮᠦᠨ ᠪᠣᠯᠭᠠᠨ ᠡᠶᠢᠮᠦᠷᠬᠦ ᠲᠣᠬᠢᠶᠠᠯ ᠵᠠᠪᠰᠢᠶᠠᠨ ᠲᠠᠢ ᠪᠣᠯᠪᠠᠯ᠂ ᠨᠡᠶᠢᠭᠡᠮ ᠰᠠᠶ᠋ᠢ ᠡᠴᠦᠰ ᠳᠡᠬᠡᠨ ᠬᠠᠮᠲᠦ ᠪᠠᠷ ᠪᠠᠶᠠᠵᠢᠬᠤ ᠶᠢ ᠪᠡᠶᠡᠯᠡᠭᠦᠯᠵᠦ ᠲᠡᠶᠢᠯᠡᠬᠦ ᠶᠦᠮ᠃ 
 ᠬᠠᠮᠲᠦ ᠪᠠᠷ ᠪᠠᠶᠠᠵᠢᠬᠤ ᠨᠢ ᠲᠡᠭᠰᠢᠳᠬᠡᠬᠦ ᠦᠵᠡᠯ ᠪᠢᠰᠢ᠂ ᠬᠠᠷᠢᠨ ᠶᠠᠳᠠᠭᠤ ᠪᠠᠶᠠᠨ ᠤ ᠵᠦᠷᠢᠶ᠎ᠡ ᠶᠢ ᠣᠯᠣᠮ ᠪᠠᠭᠠᠰᠬᠠᠬᠤ ᠶᠠᠪᠤᠳᠠᠯ ᠮᠦᠨ᠃ ᠲᠡᠷᠡ ᠨᠢ ᠨᠡᠶᠢᠭᠡᠮ ᠶᠢᠨ ᠤᠷᠲᠤ ᠬᠤᠭᠤᠴᠠᠭ᠎ᠠ ᠲᠣᠭᠲᠠᠭᠤᠨ ᠢᠶᠠᠷ ᠦᠷᠭᠦᠯᠵᠢᠯᠡᠨ ᠬᠦᠭᠵᠢᠬᠦ ᠶᠢᠨ ᠰᠠᠭᠤᠷᠢ ᠪᠣᠯᠤᠨ᠎ᠠ᠃ 2021,8,17  ᠦ ᠡᠳᠦᠷ ᠲᠦᠪ ᠦᠨ ᠡᠳ᠋ ᠦᠨ ᠵᠠᠰᠠᠭ ᠤᠨ ᠬᠤᠷᠠᠯᠳᠤᠭᠠᠨ ᠲᠡᠭᠡᠷ᠎ᠡ ᠱᠢ ᠵᠢᠨ ᠫᠢᠩ ᠶᠡᠷᠦᠭᠬᠡᠢ ᠱᠦᠵᠢ ᠡᠴᠡ ᠵᠢᠭᠠᠵᠦ ᠬᠡᠯᠡᠭᠰᠡᠨ ᠨᠢ ᠬᠠᠮᠲᠦ ᠪᠠᠷ ᠪᠠᠶᠠᠵᠢᠬᠤ ᠪᠣᠯ ᠪᠦᠬᠦ ᠠᠷᠠᠳ ᠤᠨ ᠬᠠᠮᠲᠦ ᠪᠠᠷ ᠪᠠᠶᠠᠵᠢᠬᠤ ᠶᠠᠪᠤᠳᠠᠯ ᠮᠦᠨ᠂ ᠠᠷᠠᠳ ᠲᠦᠮᠡᠨ ᠦ ᠡᠳ᠋ ᠪᠠᠶᠠᠯᠢᠭ ᠤᠨ ᠠᠮᠢᠳᠤᠷᠠᠯ ᠪᠣᠯᠤᠨ ᠤᠶᠤᠨ ᠰᠠᠨᠠᠭᠠᠨ ᠤ ᠪᠠᠶᠠᠯᠢᠭ ᠤᠨ ᠪᠦᠬᠦ ᠲᠠᠯ᠎ᠠ ᠢᠶᠡᠷ ᠪᠠᠶᠠᠯᠢᠭ᠍ᠵᠢᠬᠦ ᠶᠠᠪᠤᠳᠠᠯ ᠪᠣᠯᠤᠨ᠎ᠠ ᠴᠦᠬᠡᠨ ᠲᠣᠭᠠᠨ ᠤ ᠬᠦᠮᠦᠰ ᠦᠨ ᠪᠠᠶᠠᠵᠢᠬᠦ ᠶᠠᠪᠤᠳᠠᠯ ᠪᠢᠰᠢ᠂ ᠱᠠᠲᠦ ᠬᠣᠪᠢᠶᠠᠨ ᠬᠠᠮᠲᠤ ᠪᠠᠷ ᠪᠠᠶᠠᠵᠢᠬᠤ ᠶᠢ ᠠᠬᠢᠭᠤᠯᠵᠦ᠂ ᠨᠡᠩ ᠣᠯᠠᠨ ᠬᠦᠮᠦᠰ ᠲᠦ ᠪᠠᠶᠠᠵᠢᠬᠤ ᠲᠣᠬᠢᠶᠠᠯ ᠢ ᠡᠭᠦᠳᠴᠦ᠂ ᠬᠦᠮᠦᠨ ᠬᠦᠮᠦᠨ ᠣᠷᠤᠯᠴᠬᠤ ᠭᠦᠭᠵᠢᠯᠡᠯᠲᠡ ᠶᠢᠨ ᠣᠷᠴᠢᠨ ᠲᠣᠭᠤᠷᠢᠨ ᠢ ᠪᠣᠢ ᠪᠣᠯᠭᠠᠵᠤ᠂ ᠬᠦᠮᠦᠨ ᠬᠦᠮᠦᠨ ᠠᠰᠢᠭ ᠬᠦᠷᠲᠡᠬᠦ ᠵᠦᠢ ᠵᠣᠬᠢᠰᠦᠲᠠᠢ ᠬᠣᠪᠢᠶᠠᠷᠤᠯᠯᠲᠠ ᠶᠢᠨ ᠪᠠᠶᠢᠷᠢᠰᠢᠯ  ᠢ ᠪᠣᠢ ᠪᠣᠯᠭᠠᠵᠦ᠂ ᠨᠢᠭᠡ ᠪᠦᠯᠦᠭ ᠬᠦᠮᠦᠰ ᠤᠷᠢᠳᠤᠭᠠᠷ ᠪᠠᠶᠠᠵᠢᠬᠤ ᠶᠢ ᠵᠦᠪᠰᠢᠶᠡᠷᠡᠨ ᠣᠷᠢᠳᠠᠭᠠᠷ ᠪᠠᠶᠠᠵᠢᠭᠰᠠᠨ ᠨᠢ ᠰᠡᠭᠦᠯᠡᠪᠡᠷ ᠪᠠᠶᠠᠵᠢᠬᠤ ᠶᠢ ᠳᠠᠭᠠᠭᠤᠯᠤᠨ᠎ᠠ ᠭᠡᠵᠦ ᠵᠢᠭᠠᠵᠠᠢ᠃
  ᠬᠠᠮᠲᠦ ᠪᠠᠷ ᠴᠢᠨᠡᠯᠢᠭᠵᠢᠭᠦᠯᠬᠦ ᠶᠢ ᠪᠡᠶᠡᠯᠡᠭᠦᠯᠬᠦ ᠠᠷᠭ᠎ᠠ ᠵᠠᠮ ᠪᠣᠯᠤᠨ ᠲᠦᠷᠦ ᠶᠢᠨ ᠪᠣᠳᠤᠯᠭ᠎ᠠ ᠶᠢᠨ ᠦᠢᠯᠡᠳᠦᠯᠭᠡᠵᠢᠯᠭᠡ᠄
ᠪᠦᠬᠦ ᠠᠷᠠᠳ ᠬᠠᠮᠲᠦ ᠪᠠᠷ ᠡᠳ᠋ᠯᠡᠬᠦ᠃ ᠪᠦᠬᠦ ᠲᠠᠯ᠎ᠠ ᠪᠠᠷ ᠴᠢᠨᠡᠯᠢᠭᠵᠢᠬᠦ᠃ ᠠᠯᠬᠤᠮ ᠠᠯᠬᠤᠮ ᠢᠶᠠᠷ ᠪᠡᠶᠡᠯᠡᠭᠦᠯᠬᠦ᠃ ᠬᠠᠮᠲᠦ ᠪᠠᠷ ᠪᠠᠶᠢᠭᠤᠯᠵᠦ ᠬᠠᠮᠲᠤ ᠪᠠᠷ ᠵᠠᠰᠠᠬᠤ᠃
  ᠠᠭ᠍ᠬᠠᠨ ᠤ ᠬᠣᠪᠢᠶ᠋ᠷᠠᠯᠯᠲᠠ︵初次分配︶ ᠲᠠᠬᠢᠨ ᠬᠣᠪᠢᠶᠠᠷᠯᠯᠲᠠ︵再次分配︶ ᠭᠤᠷᠪᠠᠳᠠᠬᠢ ᠬᠣᠪᠢᠶᠠᠷᠯᠯᠲᠠ(三次分配) ᠶᠢ ᠬᠢᠬᠦ᠃
  ᠠᠭ᠍ᠬᠠᠨ ᠤ ᠬᠣᠪᠢᠶᠠᠷᠯᠯᠲᠠ᠄ ᠬᠦᠳᠡᠯᠮᠦᠷᠢ ᠶᠢᠨ ᠬᠦᠯᠦᠰᠦ ᠬᠦᠷᠲᠡᠭᠡᠮᠵᠢ ᠶᠢᠨ ᠬᠣᠪᠢ ᠶᠢᠨ ᠵᠢᠭ ᠢ ᠨᠡᠮᠡᠭᠳᠡᠭᠦᠯᠬᠦ᠂ ᠬᠦᠳᠡᠯᠮᠦᠷᠴᠢᠳ ᠦᠨ ᠡᠷᠬᠡ ᠠᠰᠢᠭ ᠢ ᠬᠠᠮᠠᠭᠠᠯᠠᠬᠤ᠂ ᠬᠠᠮᠤᠭ ᠤᠨ ᠲᠣᠣᠷ᠎ᠠ ᠬᠦᠳᠡᠯᠮᠦᠷᠢ ᠶᠢᠨ ᠬᠦᠷᠲᠡᠭᠡᠮᠵᠢ᠂ ᠪᠠ ᠨᠡᠶᠢᠭᠡᠮ ᠦᠨ ᠳᠠᠳᠬᠠᠯ ᠢ ᠪᠠᠲᠠᠯᠠᠬᠤ᠃
  ᠳᠠᠬᠢᠨ ᠬᠣᠪᠢᠶᠠᠷᠯᠯᠲᠠ᠄ ᠭᠠᠶᠢᠯᠢ ᠶᠢᠨ ᠦᠭᠡᠷᠴᠢᠯᠯᠲᠡ᠂ ᠬᠣᠪᠢ ᠬᠦᠮᠦᠨ ᠦ ᠭᠠᠶᠢᠯᠢ᠂ ᠭᠡᠷ ᠬᠦᠷᠦᠭᠭᠡ ᠶᠢᠨ ᠭᠠᠶᠢᠯᠢ᠂ ᠦᠮᠴᠢᠯᠡᠯ ᠦᠨ ᠭᠠᠶᠢᠯᠢ᠂ ᠬᠡᠳᠦ ᠦᠨᠳᠦᠷ ᠣᠷᠤᠯᠭ᠎ᠠ ᠶᠢ ᠬᠢᠵᠠᠭᠠᠷᠯᠠᠬᠤ ᠲᠦᠷᠦ ᠶᠢᠨ ᠪᠣᠳᠤᠯᠭ᠎ᠠ᠃ ᠡᠳ᠋ ᠦᠨ ᠵᠠᠰᠠᠭ ᠤᠨ ᠲᠤᠰᠠᠯᠠᠮᠵᠢ ᠪᠠᠷ ᠬᠡᠳᠦ ᠬᠤᠴᠤᠷᠠᠭᠬᠤᠢ ᠣᠷᠤᠨ ᠢ ᠬᠦᠭᠵᠢᠭᠦᠯᠬᠦ᠂ ᠪᠠᠷᠠᠭᠤᠨ ᠣᠷᠤᠨ ᠢ ᠨᠡᠭᠡᠭᠡᠨ ᠬᠦᠭᠵᠢᠭᠦᠯᠬᠦ᠂ ᠵᠡᠭᠦᠨ ᠬᠣᠶᠢᠲᠦ ᠣᠷᠤᠨ ᠢ ᠬᠦᠭᠵᠢᠭᠦᠯᠬᠦ᠂ ᠨᠡᠶᠢᠲᠡ ᠶᠢᠨ ᠦᠢᠯᠡᠯᠴᠡᠯᠭᠡᠨ ᠢ ᠨᠡᠶᠢᠳᠡᠮᠵᠢᠭᠦᠯᠬᠦ᠂ ᠬᠣᠲᠠ ᠬᠦᠳᠡᠭᠡ ᠶᠢᠨ ᠨᠢᠭᠡᠳᠡᠯᠲᠠᠢ ᠰᠤᠷᠭᠠᠨ ᠬᠦᠮᠦᠵᠢᠯ᠂ ᠡᠮ ᠡᠮᠨᠡᠯᠭᠡ ᠶᠢᠨ ᠡᠬᠢ ᠪᠠᠶᠠᠯᠢᠭ ᠤᠨ︵︶ ᠡᠮ ᠡᠮᠨᠡᠯᠭᠡ ᠶᠢᠨ ᠮᠣᠵᠢ ᠠᠯᠠᠰᠤᠯᠠᠨ ᠲᠣᠭᠠᠴᠢᠭ᠎ᠠ ᠬᠢᠬᠦ ᠵᠡᠷᠭᠡ᠃
  ᠭᠤᠷᠪᠠᠳᠠᠬᠢ ᠬᠣᠪᠢᠶᠠᠷᠯᠯᠲᠠ᠄ ᠠᠵᠦ ᠠᠬᠤᠶᠢᠯᠠᠯ ᠪᠣᠯᠤᠨ ᠨᠡᠶᠢᠭᠡᠨ ᠦ ᠬᠦᠴᠦᠨ ᠠᠰᠠᠷᠠᠮᠵᠢ ᠶᠢᠨ ᠦᠢᠯᠡᠰ ᠲᠦ ᠣᠷᠤᠯᠴᠠᠬᠤ᠂ ᠠᠰᠠᠷᠠᠮᠵᠢ ᠶᠢᠨ ᠦᠢᠯᠡᠰ ᠢ ᠬᠦᠭᠵᠢᠭᠦᠯᠬᠦ ᠵᠡᠷᠭᠡ᠃
  ᠬᠠᠮᠲᠦ ᠪᠠᠷ ᠪᠠᠶᠠᠵᠢᠬᠦ ᠨᠢ ᠪᠠᠶᠠᠨ ᠠᠴᠠ ᠠᠪᠴᠦ ᠶᠠᠳᠠᠭᠤ ᠶᠢ ᠲᠡᠳᠬᠡᠬᠦ︵劫富济民︶ ᠤᠴᠢᠷ ᠪᠢᠰᠢ᠂ ᠬᠠᠷᠢᠨ ᠬᠠᠮᠲᠦ ᠪᠠᠷ ᠣᠷᠤᠯᠴᠠᠵᠦ᠂ ᠬᠠᠮᠲᠦ ᠪᠠᠷ ᠡᠳ᠋ᠯᠡᠬᠦ︵共建共享︶ ᠠᠷᠭ᠎ᠠ ᠬᠡᠯᠪᠡᠷᠢ ᠪᠣᠯᠤᠨ᠎ᠠ᠃



  
     
     