-
1061
ᠮᠤᠩᠭᠤᠯ ᠣᠪᠣᠭ ᠤᠨ ᠲᠣᠪᠴᠢᠶᠠᠨ ᠠᠴᠠ
2026-06-03 22:51
0
0
ᠬᠡᠷᠡᠢᠳ ᠦᠨ ᠡᠭᠦᠰᠦᠯ ᠭᠠᠷᠤᠯ ᠤᠨ ᠲᠤᠬᠠᠢ ᠳᠣᠲᠣᠭᠠᠳᠤ ᠭᠠᠳᠠᠭᠠᠳᠤ ᠶᠢᠨ ᠰᠤᠷᠪᠤᠯᠵᠢ ᠲᠡᠦᠬᠡ ᠰᠤᠳᠤᠷ ᠲᠤ ᠣᠯᠠᠨᠲᠠ ᠲᠡᠮᠲᠡᠭᠯᠡᠭᠰᠡᠨ ᠪᠠᠢᠳᠠᠭ᠃ ᠬᠡᠷᠡᠢᠳ ᠦᠨ ᠴᠤᠬᠤᠮ ᠨᠡᠷ᠎ᠡ ᠨᠢ ᠭᠡᠷᠡᠢ᠂ ᠬᠠᠷ᠎ᠠ ᠪᠠᠷᠠᠭᠠᠨ ᠬᠡᠮᠡᠬᠦ ᠦᠭᠡ ᠶᠢᠨ ᠨᠡᠷ᠎ᠡ ᠡᠴᠡ ᠢᠷᠡᠯ ᠲᠠᠢ ᠭᠡᠳᠡᠭ᠂ ᠬᠡᠷᠡᠢᠳ ᠦᠨ ᠡᠭᠦᠰᠦᠯ ᠭᠠᠷᠤᠯ ᠤᠨ ᠲᠤᠬᠠᠢ ᠳᠣᠲᠣᠭᠠᠳᠤ ᠭᠠᠳᠠᠭᠠᠳᠤ ᠶᠢᠨ ᠰᠤᠷᠪᠤᠯᠵᠢ ᠲᠡᠦᠬᠡ ᠰᠤᠳᠤᠷ ᠲᠤ ᠣᠯᠠᠨᠲᠠ ᠲᠡᠮᠲᠡᠭᠯᠡᠭᠰᠡᠨ ᠪᠠᠢᠳᠠᠭ᠃ ᠬᠡᠷᠡᠢᠳ ᠦᠨ ᠴᠤᠬᠤᠮ ᠨᠡᠷ᠎ᠡ ᠨᠢ ᠭᠡᠷᠡᠢ᠂ ᠬᠠᠷ᠎ᠠ ᠪᠠᠷᠠᠭᠠᠨ ᠬᠡᠮᠡᠬᠦ ᠦᠭᠡ ᠶᠢᠨ ᠨᠡᠷ᠎ᠡ ᠡᠴᠡ ᠢᠷᠡᠯ ᠲᠠᠢ ᠭᠡᠳᠡᠭ᠂ ᠬᠡᠷᠡᠢᠳ ᠪᠣᠯ ᠬᠡᠷᠠᠢ ᠶᠢᠨ ᠣᠯᠠᠨ ᠲᠣᠭ᠎ᠠ ᠶᠢ ᠵᠢᠭᠠᠭᠰᠠᠨ ᠪᠤᠶᠤ᠂ ᠬᠠᠩᠯᠢᠨ ᠯᠤᠭ᠎ᠠ ᠤᠭᠰᠠᠭ᠎ᠠ ᠨᠢᠭᠡᠲᠠᠢ ᠴᠦ ᠭᠡᠳᠡᠭ᠃ ᠲᠦᠷᠭᠦᠦᠳ ᠤᠭᠰᠠᠭᠠᠲᠠᠨ ᠳᠤ ᠪᠠᠭᠲᠠᠳᠠᠭ᠃ ᠳᠦᠷᠪᠡᠲᠦᠭᠡᠷ ᠵᠠᠭᠤᠨ ᠤ ᠦᠶ᠎ᠡ ᠳᠦ ᠬᠣᠨᠣᠳ ᠤᠨ ᠴᠠᠠ ᠢᠦᠢ ᠬᠡᠷᠡᠢᠳ ᠭᠤᠷᠪᠠᠨ ᠲᠦᠮᠡᠨ ᠲᠠᠪᠤᠨ ᠮᠢᠩᠭᠠᠨ ᠡᠷᠦᠬᠡ ᠪᠡᠨ ᠠᠪᠴᠦ ᠳ᠋ᠠᠢ ᠵᠢᠶᠦ᠋ᠨ ᠦ ᠫᠢᠩ ᠳᠣᠯᠣᠭ᠎ᠠ︱ ᠶᠢᠰᠦᠳᠦᠭᠡᠷ ᠵᠠᠭᠤᠨ ᠤ ᠦᠶ᠎ᠡ ᠳᠦ ᠪᠠᠢᠭᠠᠯ ᠨᠠᠭᠤᠷ ᠠᠴᠠ ᠪᠠᠷᠠᠭᠤᠨᠰᠢ᠂ ᠺᠧᠮ ᠮᠦᠷᠡᠨ ᠦ ᠰᠠᠪᠠ ᠭᠠᠵᠠᠷ ᠨᠤᠲᠤᠭᠯᠠᠵᠤ ᠪᠠᠢᠪᠠ᠃ ᠶᠢᠰᠦᠳᠦᠭᠡᠷ ᠵᠠᠭᠤᠨ ᠤ ᠳᠤᠮᠳᠠᠴᠢ ᠪᠠᠷ ᠡᠮᠤᠨᠡᠰᠢ ᠣᠷᠬᠣᠨ᠂ ᠲᠤᠤᠯᠠ ᠬᠣᠶᠠᠷ ᠭᠣᠣᠯ ᠤᠨ ᠰᠠᠪᠠ᠂ ᠬᠠᠷᠠᠬᠤᠷᠠᠮ ᠤᠷᠴᠢᠮ ᠨᠡᠭᠦᠵᠦ ᠣᠴᠢᠪᠠ᠃ ᠲᠡᠳᠡ᠂ ᠵᠡᠭᠦᠨᠰᠢ ᠮᠣᠩᠭᠣᠯ᠂ ᠪᠠᠷᠠᠭᠤᠨᠰᠢ ᠨᠠᠢ᠌ᠮᠠᠨ᠂ ᠡᠮᠦᠨᠡᠰᠢ ᠭᠣᠪᠢ᠂ ᠤᠮᠠᠷᠠᠰᠢ ᠮᠡᠷᠭᠢᠳ ᠲᠠᠢ ᠵᠠᠬ᠎ᠠ ᠵᠠᠯᠭᠠᠨ ᠬᠦᠷᠰᠢᠯᠡᠵᠦ ᠪᠠᠢᠵᠠᠢ᠃ ᠠᠷᠪᠠᠨ ᠨᠢᠭᠡᠳᠦᠭᠡᠷ ᠵᠠᠭᠤᠨ ᠤ ᠦᠶ᠎ᠡ ᠳᠦ ᠬᠣᠷᠢᠨ ᠲᠦᠮᠡᠨ ᠬᠦᠮᠣᠨ ᠠᠮᠠ ᠲᠠᠢ ᠬᠦᠴᠦᠷᠬᠡᠭ ᠤᠯᠤᠰ ᠤᠨ ᠨᠢᠭᠡ ᠪᠡᠷ ᠭᠣᠪᠢ ᠶᠢᠨ ᠠᠷᠤ ᠳᠤ ᠮᠠᠨᠳᠤᠵᠤ ᠪᠠᠢᠭᠰᠠᠨ ᠶᠤᠮ᠃ᠬᠡᠷᠡᠢᠳ ᠨᠡᠷ᠎ᠡ ᠠᠩᠬ᠎ᠠ ᠤᠳᠠᠭ᠎ᠠ ᠶᠡᠬᠡ ᠲᠠᠩ ᠤᠯᠤᠰ ᠤᠨ ᠪᠠᠷᠠᠭᠤᠨ ᠣᠷᠣᠨ ᠤ ᠲᠡᠮᠳᠡᠭᠯᠡᠯ ᠳᠦ ᠢᠯᠡᠷᠡᠵᠦ ᠰᠢᠷ᠎ᠠ ᠬᠡᠷᠡᠢᠳ ᠬᠡᠮᠡᠨ ᠲᠡᠮᠳᠡᠭᠯᠡᠭᠳᠡᠪᠡ᠃ ᠲᠡᠳᠡ ᠪᠠᠷᠠᠭᠤᠨ ᠬᠢᠵᠠᠭᠠᠷ ᠲᠦ ᠬᠠᠷ᠎ᠠ ᠬᠡᠷᠡᠢᠳ ᠦᠨ ᠱᠤ ᠯᠧ᠂ ᠰᠢᠷ᠎ᠠ ᠬᠡᠷᠡᠢᠳ ᠦᠨ ᠺᠠᠱᠠᠭᠠᠷ ᠬᠡᠮᠡᠬᠦ ᠤᠯᠤᠰ ᠢ ᠡᠭᠦᠳᠦᠨ ᠪᠠᠢᠭᠤᠯᠤᠭᠰᠠᠨ ᠲᠡᠤᠬᠡ ᠲᠠᠢ᠃ ᠪᠠᠷᠠᠭᠤᠨ ᠵᠢᠨ ᠤᠯᠤᠰ ᠤᠨ ᠲᠡᠤᠬᠡ ᠳᠤ ᠱᠤ ᠯᠧ ᠤᠯᠤᠰ ᠪᠣᠯᠪᠠᠰᠤ ᠪᠠᠷᠠᠭᠤᠨᠰᠢ ᠫᠠᠮᠢᠷ ᠤᠨ ᠦᠨᠳᠦᠷᠯᠢᠭ᠂ ᠵᠡᠭᠦᠨᠰᠢ ᠡᠤ ᠸᠸᠢ᠂ ᠤᠮᠠᠷᠠᠰᠢ ᠲᠡᠭᠷᠢ ᠠᠭᠤᠯᠠ᠂ ᠡᠮᠦᠨᠡᠰᠢ ᠺᠦᠨᠯᠦᠨ ᠨᠢᠷᠤᠭᠤᠨ ᠬᠦᠷᠴᠦ ᠡᠮᠦᠨ᠎ᠡ ᠪᠡᠨ ᠵᠡᠭᠦᠨ ᠰᠢᠨᠵᠢᠶᠠᠩ ᠢ ᠪᠠᠭᠳᠠᠭᠠᠭᠰᠠᠨ ᠦᠷᠭᠡᠨ ᠠᠭᠤᠳᠠᠮ ᠨᠣᠳᠣᠭ ᠲᠠᠢ ᠬᠡᠮᠡᠨ ᠲᠡᠮᠳᠡᠭᠯᠡᠭᠰᠡᠨ ᠪᠢᠯᠡ᠃ ᠸᠧᠢ ᠤᠯᠤᠰ᠂ ᠵᠢᠨ ᠤᠯᠤᠰ ᠤᠨ ᠦᠶ᠎ᠡ ᠳᠦ ᠪᠦᠷ ᠭᠡᠷᠡᠢ ᠣᠪᠣᠭ ᠢᠶᠠᠷ ᠲᠡᠮᠳᠡᠭᠯᠡᠭᠳᠡᠵᠦ ᠾᠸ ᠯᠠᠢ (贺赖种)ᠤᠳᠤᠮ ᠭᠡᠳᠡᠭ᠃ ᠲᠤᠬᠠᠢ ᠶᠢᠨ ᠦᠶ᠎ᠡ ᠳᠦ ᠬᠡᠷᠡᠢᠳ ᠪᠠᠷᠠᠭᠤᠨ ᠣᠷᠣᠨ ᠤ ᠤᠭᠰᠠᠭ᠎ᠠ ᠦᠨᠳᠦᠰᠦᠲᠡᠨ ᠳᠦ ᠪᠠᠭᠲᠠᠯᠴᠠᠵᠤ ᠪᠠᠢᠵᠠᠢ᠃ ᠪᠠᠪᠢᠯᠤᠨ ᠤ ᠲᠡᠤᠬᠡ᠂ ᠠᠰᠤᠷᠢ ᠶᠢᠨ ᠲᠡᠤᠬᠡ᠂ ᠫᠸ᠋ᠷᠰ ᠦᠨ ᠲᠡᠦᠬᠡ᠂ ᠭᠷᠸ᠋ᠭ ᠦᠨ ᠲᠡᠦᠬᠡ᠂ ᠷᠤᠮ ᠤᠨ ᠲᠡᠦᠬᠡ ᠳᠦ ᠬᠡᠷᠡᠢᠳ ᠢ ᠮᠣᠩᠭᠣᠯ ᠣᠪᠣᠭ ᠶᠠᠰᠤᠲᠠᠨ ᠢᠶᠠᠷ ᠲᠡᠮᠲᠡᠭᠯᠡᠨ ᠵᠢᠭᠰᠠᠭᠠᠭᠰᠠᠨ ᠨᠢ ᠪᠠᠷᠠᠭᠤᠨ ᠣᠷᠣᠨ ᠳᠤ ᠨᠤᠲᠤᠭᠯᠠᠵᠤ ᠪᠠᠢᠭᠰᠠᠨ ᠤ ᠭᠡᠷᠡᠴᠢ ᠪᠢᠯᠡ᠃︵ ᠵᠠᠯᠭᠠᠮᠵᠢ︶︶