 



2026-04-23 22:21
  5
  0
ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ ᠳᠠᠭᠠᠯᠳᠤᠭᠤᠯᠤᠯ ᠪᠦᠯᠦᠭ-7
Сүлдийн соёлын судлал – Минжуурдагалдуулал бүлэг -7


ᠳᠠᠭᠠᠯᠳᠤᠭᠤᠯᠤᠯ ᠪᠦᠯᠦᠭ ᠬᠢᠨᠠᠨ ᠦᠨᠡᠯᠡᠯᠲᠡ ᠶᠢᠨ ᠵᠣᠬᠢᠶᠠᠯ
ᠠᠯᠠᠭ ᠲᠤᠭ ᠤ᠋ᠨ ᠲᠤᠬᠠᠢ ᠮᠡᠳᠡᠭᠡᠯᠡᠯ ᠢ᠋ ᠤᠩᠰᠢᠭᠰᠠᠨ ᠲᠥᠷᠥᠭᠳᠡᠯ

   《ᠥᠪᠥᠷ ᠮᠣᠩᠭᠣᠯ ᠤ᠋ᠨ ᠡᠳᠦᠷ ᠦ᠋ᠨ ᠰᠣᠨᠢᠨ》 ᠤ᠋ 《ᠰᠣᠶᠣᠯ ᠲᠡᠦᠬᠡ》 ᠶ᠋ᠢᠨ ᠪᠤᠯᠤᠩ ᠢ᠋ ᠰᠡᠬᠦᠵᠦ ᠦᠵᠡᠬᠦᠯ᠎ᠡ ᠲᠣᠮᠣ ᠦᠰᠦᠭ ᠢ᠋ᠶ᠋ᠡᠷ ᠳᠠᠷᠤᠮᠠᠯᠯᠠᠭᠰᠠᠨ 《ᠶᠡᠬᠡ ᠶᠤᠸᠠᠨ ᠤᠯᠤᠰ ᠤᠨ ᠠᠯᠠᠭ ᠰᠦᠯᠳᠡ》 ᠭᠡᠰᠡᠨ ᠮᠡᠳᠡᠭᠡᠯᠡᠯ ᠦ᠋ᠨ ᠵᠣᠬᠢᠶᠠᠯ ᠨᠢᠳᠦᠨ ᠦ᠌ ᠡᠮᠦᠨ᠎ᠡ ᠲᠣᠳᠣᠷᠠᠵᠤ ᠪᠢᠯᠡ᠃ ᠲᠡᠭᠦᠨ ᠢ᠋ ᠴᠢᠨᠠᠭᠰᠢ ᠨᠠᠷᠢᠪᠴᠢᠯᠠᠨ ᠦᠵᠡᠪᠡᠯ 《ᠥᠪᠥᠷ ᠮᠣᠩᠭᠣᠯ ᠤ᠋ᠨ ᠡᠳᠦᠷ ᠦ᠋ᠨ ᠰᠣᠨᠢᠨ》 ᠤ᠋ ᠰᠤᠷᠪᠤᠯᠵᠢᠯᠠᠭᠴᠢ ᠲ· ᠰᠡᠴᠡᠨ ᠮᠢᠩᠵᠤᠤᠷ ᠨᠥᠬᠥᠷ ᠢ᠋ ᠰᠤᠷᠪᠤᠯᠵᠢᠯᠠᠨ ᠪᠢᠴᠢᠭᠰᠡᠨ ᠶᠡᠬᠡ ᠶᠤᠸᠠᠨ ᠤᠯᠤᠰ ᠤ᠋ᠨ ᠠᠯᠠᠭ ᠰᠦᠯᠳᠡ ᠶ᠋ᠢᠨ ᠲᠤᠬᠠᠢ ᠲᠠᠨᠢᠯᠴᠠᠭᠤᠯᠤᠭᠰᠠᠨ ᠵᠣᠬᠢᠶᠠᠯ ᠪᠠᠢᠯ᠎ᠠ᠃ ᠮᠢᠩᠵᠤᠤᠷ ᠨᠥᠬᠥᠷ ᠢ᠋ ᠤᠷᠢᠳ ᠨᠢ ᠲᠠᠨᠢᠬᠤ ᠦᠭᠡᠢ᠃ ᠲᠡᠭᠦᠨ ᠦ᠌ ᠡᠬᠡᠨᠡᠷ ᠨᠢ ᠣᠢᠷ᠎ᠡ ᠶ᠋ᠢᠨ ᠬᠡᠳᠦᠨ ᠵᠢᠯ ᠪᠦᠷ ᠮᠠᠨ ᠤ᠋ ᠡᠭᠦᠳᠡᠨ ᠪᠥᠮᠪᠥᠭᠡ ᠶ᠋ᠢᠨ ᠠᠩᠭᠢ ᠳ᠋ᠤ᠌ ᠪᠢᠳᠡᠨ ᠲᠡᠢ ᠬᠠᠮᠲᠤ ᠡᠭᠦᠳᠡᠨ ᠪᠥᠮᠪᠥᠭᠡ ᠴᠣᠬᠢᠵᠤ ᠪᠠᠢᠭᠰᠠᠨ ᠶᠤᠮ᠃ ᠲᠡᠷᠡ ᠴᠢᠯᠥᠭᠡ ᠲᠡᠢ ᠦᠶ᠎ᠡ ᠳ᠋ᠡᠭᠡᠨ ᠬᠠᠶᠠ ᠢᠷᠡᠵᠦ᠂ ᠪᠢᠳᠡᠨ ᠦ᠌ ᠡᠭᠦᠳᠡᠨ ᠪᠥᠮᠪᠥᠭᠡ ᠶ᠋ᠢᠨ ᠤᠷᠤᠯᠳᠤᠭᠠᠨ ᠢ᠋ ᠰᠣᠨᠢᠷᠬᠠᠨ ᠦᠵᠡᠳᠡᠭ᠃ ᠡᠭᠦᠨ ᠡᠴᠡ ᠲᠡᠭᠦᠨ ᠲᠡᠢ ᠲᠠᠨᠢᠯᠴᠠᠭᠰᠠᠨ ᠪᠢᠯᠡ᠃《ᠶᠡᠬᠡ ᠶᠤᠸᠠᠨ ᠤᠯᠤᠰ ᠤ᠋ᠨ ᠠᠯᠠᠭ ᠰᠦᠯᠳᠡ》 ᠭᠡᠰᠡᠨ ᠭᠠᠷᠴᠠᠭ ᠲᠠᠢ ᠰᠤᠷᠪᠤᠯᠵᠢᠯᠠᠭ᠎ᠠ ᠶ᠋ᠢᠨ ᠵᠣᠬᠢᠶᠠᠯ ᠢ᠋ ᠨᠢᠭᠡ ᠦᠭᠡᠢ ᠬᠣᠶᠠᠷ ᠤᠳᠠᠭ᠎ᠠ ᠦᠵᠡᠵᠡᠢ᠃ᠤᠤᠯ ᠨᠢ ᠶᠡᠬᠡ ᠶᠤᠸᠠᠨ ᠤᠯᠤᠰ ᠤ᠋ᠨ ᠦᠶ᠎ᠡ ᠶ᠋ᠢᠨ ᠠᠯᠠᠭ ᠲᠤᠭ ᠤ᠋ᠨ ᠲᠤᠬᠠᠢ ᠮᠡᠳᠡᠬᠦ ᠦᠭᠡᠢ ᠪᠠᠢᠯ᠎ᠠ᠂ ᠮᠢᠩᠵᠤᠤᠷ ᠨᠥᠬᠥᠷ ᠦ᠋ᠨ ᠲᠠᠨᠢᠯᠴᠠᠭᠤᠯᠭ᠎ᠠ ᠶᠢ ᠦᠵᠡᠭᠡᠳ ᠰᠠᠶᠢ ᠠᠯᠠᠭ ᠰᠦᠯᠳᠡ ᠶ᠋ᠢᠨ ᠲᠤᠬᠠᠢ ᠵᠢᠭᠠᠬᠠᠨ ᠣᠢᠯᠠᠭᠠᠯᠲᠠ ᠲᠠᠢ ᠪᠣᠯᠪᠠ᠃《ᠶᠤᠸᠠᠨ ᠤᠯᠤᠰ ᠤ᠋ᠨ ᠲᠡᠦᠬᠡ》 ᠡᠴᠡ ᠬᠣᠪᠣᠷ ᠴᠤᠬᠠᠭ ᠦᠭᠡᠰ ᠢ᠋ ᠬᠠᠢᠨ ᠣᠯᠵᠤ᠂ ᠵᠠᠳᠠᠯᠤᠨ ᠰᠢᠨᠵᠢᠯᠡᠬᠦ ᠪᠡᠷ ᠳᠠᠮᠵᠢᠨ᠂ ᠶᠤᠸᠠᠨ ᠤᠯᠤᠰ ᠤ᠋ᠨ ᠠᠯᠠᠭ ᠰᠦᠯᠳᠡ ᠶ᠋ᠢᠨ ᠲᠠᠬᠢᠯᠭ᠎ᠠ ᠪᠠ ᠤᠯᠠ ᠮᠥᠷ ᠢ᠋ ᠲᠣᠳᠣᠷᠠᠭᠤᠯᠤᠨ ᠲᠠᠨᠢᠯᠴᠠᠭᠤᠯᠤᠭᠰᠠᠨ ᠢ᠋ ᠣᠯᠵᠤ ᠦᠵᠡᠭᠡᠳ ᠲᠡᠭᠦᠨ ᠢ᠋ ᠶᠡᠬᠡᠯ᠎ᠡ ᠪᠢᠰᠢᠷᠡᠭᠰᠡᠨ ᠶᠦᠮ᠃ ᠣᠷᠳᠣᠰ ᠲᠤ᠌ ᠠᠯᠠᠭ ᠰᠦᠯᠳᠡ ᠶ᠋ᠢ ᠲᠠᠬᠢᠵᠤ ᠪᠠᠢᠭᠰᠠᠨ ᠭᠡᠳᠡᠭ᠂ ᠭᠡᠪᠴᠦ ᠲᠡᠷᠡ ᠨᠢ ᠠᠯᠲᠠᠨ ᠣᠷᠳᠣᠨ ᠤ᠋ ᠠᠯᠠᠭ ᠲᠤᠭ ᠮᠥᠨ ᠡᠰᠡᠬᠦ ᠶ᠋ᠢ ᠮᠡᠳᠡᠬᠦ ᠦᠭᠡᠢ ᠮᠥᠨ ᠪᠣᠯ ᠶᠠᠭᠠᠬᠢᠭᠠᠳ ᠣᠷᠳᠣᠰ ᠲᠤ᠌ ᠨᠤᠲᠤᠭᠰᠢᠭᠰᠠᠨ ᠶᠤᠮ ? ᠪᠦᠷ ᠲᠣᠳᠣᠷᠬᠠᠢ ᠦᠭᠡᠢ ᠪᠠᠢᠯ᠎ᠠ᠃ ᠣᠳᠣ ᠬᠠᠷᠢᠨ ᠲᠡᠮᠦᠷ· ᠮᠢᠩᠵᠤᠣᠷ ᠤ᠋ᠨ ᠲᠠᠨᠢᠯᠴᠠᠭᠤᠯᠭ᠎ᠠ ᠠ᠋ᠴᠠ ᠠᠯᠲᠠᠨ ᠣᠷᠳᠣᠨ ᠤ᠋ ᠠᠯᠠᠭ ᠲᠤᠭ ᠨᠢ ᠯᠢᠭᠳᠡᠨ ᠬᠠᠭᠠᠨ ᠤ᠋ ᠲᠤᠭ ᠤ᠋ᠨ ᠲᠤᠰᠬᠠᠢ ᠠᠯᠪᠠᠲᠤ ᠢᠷᠭᠡᠳ ᠲᠡᠢ ᠬᠠᠮᠲᠤ ᠣᠷᠳᠣᠰ ᠲᠤ᠌ ᠨᠤᠲᠤᠭᠰᠢᠭᠰᠠᠨ ᠢ᠋ ᠣᠢᠯᠠᠭᠠᠵᠤ ᠮᠡᠳᠡᠯ᠎ᠡ᠃ ᠭᠡᠪᠡᠴᠦ ᠲᠡᠭᠦᠨ ᠢ᠋ ᠶᠤᠸᠠᠨ ᠤᠯᠤᠰ ᠤ᠋ᠨ ᠬᠠᠲᠠᠨᠲᠠᠢ ᠠᠭᠤᠯᠠᠨ ᠳᠡᠭᠡᠷ᠎ᠡ ᠪᠣᠰᠬᠠᠵᠤ ᠪᠠᠢᠭᠰᠠᠨ ᠠᠯᠠᠭ ᠲᠤᠭ ᠮᠥᠨ ᠭᠡᠵᠦ ᠬᠡᠯᠡᠬᠦ ᠶ᠋ᠢᠨ ᠠᠷᠭ᠎ᠠ ᠦᠭᠡᠢ᠂ ᠤᠴᠢᠷ ᠨᠢ ᠣᠷᠳᠣᠰ ᠲᠤ᠌ ᠣᠳᠣ ᠭᠤᠷᠪᠠᠨ ᠠᠯᠠᠭ ᠲᠤᠭ ᠪᠠᠢᠨ᠎ᠠ᠂ ᠲᠡᠭᠦᠨ ᠦ᠌ ᠬᠢᠯᠦᠪᠠᠷ ᠨᠢ ᠬᠠᠷᠢᠯᠴᠠᠨ ᠠᠳᠠᠯᠢ ᠦᠭᠡᠢ᠂ ᠡᠢᠮᠦ ᠡᠴᠡ ᠠᠯᠢ ᠨᠢ ᠮᠥᠨ᠂ ᠠᠯᠢ ᠨᠢ ᠪᠢᠰᠢ ᠭᠡᠬᠦ ᠶ᠋ᠢᠨ ᠠᠷᠭ᠎ᠠ ᠦᠭᠡᠢ᠃ᠡᠢᠮᠦ ᠡᠴᠡ ᠬᠠᠲᠠᠨᠲᠠᠶ ᠠᠭᠤᠯᠠ ᠶ᠋ᠢᠨ ᠠᠯᠠᠭ ᠲᠤᠭ ᠤ᠋ᠨ ᠬᠢᠯᠣᠪᠠᠷ ᠤ᠋ᠨ ᠳᠦᠷᠰᠦ ᠪᠣᠯ ᠶᠤᠸᠠᠨ ᠤᠯᠤᠰ ᠤ᠋ᠨ ᠦᠶ᠎ᠡ ᠶ᠋ᠢᠨ ᠵᠢᠳᠠ ᠶ᠋ᠢᠨ ᠬᠡᠯᠪᠡᠷᠢᠲᠡᠢ ᠭᠡᠵᠦ ᠮᠠᠭᠠᠳᠯᠠᠬᠤ ᠨᠢ ᠣᠨᠣᠪᠴᠢᠲᠠᠢ ᠪᠠᠢᠨ᠎ᠠ᠃ᠶᠡᠷᠦᠩᠬᠡᠢᠯᠡᠪᠡᠯ ᠮᠢᠩᠵᠤᠤᠷ ᠨᠥᠬᠥᠷ ᠦ᠋ᠨ ᠠᠯᠠᠭ ᠲᠤᠭ ᠤ᠋ᠨ ᠲᠤᠬᠠᠢ ᠲᠠᠨᠢᠯᠴᠠᠭᠤᠯᠭ᠎ᠠ ᠳ᠋ᠤ᠌ ᠨᠡᠯᠢᠶᠡᠳ ᠬᠡᠳᠦᠨ ᠵᠦᠢᠯ ᠢ᠋ ᠵᠥᠪ ᠣᠨᠣᠪᠴᠢᠲᠠᠢ ᠲᠣᠳᠣᠷᠠᠭᠤᠯᠤᠨ ᠥᠭᠦᠯᠡᠵᠡᠢ᠃ᠡᠢᠮᠦ ᠡᠴᠡ ᠵᠣᠷᠢᠭᠵᠢᠭᠤᠯᠤᠯ ᠪᠠ ᠪᠢᠰᠢᠷᠡᠭᠰᠡᠨ ᠰᠡᠳᠬᠢᠯ ᠢ᠋ᠶ᠋ᠡᠨ ᠢᠯᠡᠳᠬᠡᠬᠦ ᠶ᠋ᠢᠨ ᠲᠤᠰᠠᠳᠠ ᠲᠡᠭᠦᠨ ᠢ᠋ ᠲᠠᠨᠢᠯᠴᠠᠭᠤᠯᠤᠭᠰᠠᠨ ᠵᠣᠬᠢᠶᠠᠯ ᠢ᠋ ᠨᠡᠢᠲᠡᠯᠡᠭᠰᠡᠨ 《ᠥᠪᠥᠷ ᠮᠣᠩᠭᠣᠯ ᠤ᠋ᠨ ᠡᠳᠦᠷ ᠦ᠋ᠨ ᠰᠣᠨᠢᠨ》 ( 2009 ᠣᠨ ᠤ᠋ 12 ᠰᠠᠷ᠎ᠠ ᠶ᠋ᠢᠨ 25 ᠤ᠋ ᠡᠳᠦᠷ)  ᠤ ᠬᠥᠪᠡᠭᠡᠨ ᠳᠡᠭᠡᠷ᠎ᠡ ᠨᠢ :《ᠮᠢᠩᠵᠤᠣᠷ ᠲᠠᠨ ᠤ᠋ ᠠᠯᠠᠭ ᠰᠦᠯᠳᠡ ᠶ᠋ᠢᠨ ᠲᠤᠬᠠᠢ ᠲᠠᠨᠢᠯᠴᠠᠭᠤᠯᠭ᠎ᠠ ᠶ᠋ᠢ ᠦᠵᠡᠵᠦ᠂ ᠠᠯᠠᠭ ᠰᠦᠯᠳᠡ ᠶ᠋ᠢᠨ ᠲᠤᠬᠠᠢ ᠠᠩᠬᠠᠨ ᠤ᠋ ᠲᠠᠨᠢᠯᠲᠠ ᠲᠠᠢ ᠪᠣᠯᠵᠠᠢ᠃ ᠲᠠ ᠠᠷᠪᠢᠨ ᠪᠢᠴᠢᠭ ᠤᠩᠰᠢᠳᠠᠭ ᠰᠠᠢᠨ ᠵᠠᠩᠰᠢᠯ ᠲᠠᠢ ᠬᠥᠮᠦᠨ ᠪᠠᠢᠨ᠎ᠠ᠃ ᠤᠯᠤᠰ ᠦᠨᠳᠦᠰᠦᠲᠡᠨ ᠦ᠌ ᠪᠡᠨ ᠰᠣᠶᠣᠯ ᠤ᠋ᠨ ᠥᠪ ᠬᠥᠷᠥᠩᠭᠡ ᠶ᠋ᠢᠨ ᠤᠯᠠᠮ ᠠᠷᠪᠢᠨ ᠵᠦᠢᠯ ᠢ᠋ ᠲᠠᠨᠢᠯᠴᠠᠭᠤᠯᠤᠨ ᠥᠭᠬᠦ ᠪᠣᠯᠪᠠᠤ᠂ ᠲᠠᠨ ᠤ᠋ ᠴᠢᠷᠮᠠᠢᠨ ᠰᠤᠷᠤᠯᠴᠠᠳᠠᠭ ᠲᠤ᠌ ᠲᠠᠯᠠᠷᠬᠠᠶ᠎ᠠ!》 ᠭᠡᠵᠦ ᠪᠢᠴᠢᠭᠡᠳ ᠮᠢᠩᠵᠤᠤᠷ ᠨᠥᠬᠥᠷ ᠲᠦ᠍ ᠥᠭᠭᠦᠭᠰᠡᠨ ᠶᠦᠮ᠃ ᠲᠡᠭᠦᠨ ᠦ᠌ ᠲᠠᠨᠢᠯᠴᠠᠭᠤᠯᠭ᠎ᠠ ᠶ᠋ᠢᠨ ᠵᠣᠬᠢᠶᠠᠯ ᠤ᠋ᠨ ᠠᠰᠢᠭᠯᠠᠭᠰᠠᠨ ᠡᠰᠢ ᠪᠠᠷᠢᠮᠲᠠ ᠪᠠ ᠬᠢᠭᠰᠡᠨ ᠨᠤᠲᠠᠯᠠᠯᠲᠠ ᠨᠢ ᠶᠡᠬᠡ ᠵᠥᠪ ᠪᠠᠢᠨ᠎ᠠ᠃ ᠡᠢᠮᠦ ᠡᠴᠡ ᠦᠨᠳᠦᠰᠦᠲᠡᠨ ᠦ᠌ ᠰᠣᠶᠣᠯ ᠤ᠋ᠨ ᠥᠪ ᠬᠥᠷᠥᠩᠭᠡ ᠡᠴᠡ ᠤᠯᠠᠮ ᠠᠷᠪᠢᠨ ᠵᠦᠢᠯ ᠢ᠋ ᠲᠠᠨᠢᠯᠴᠠᠭᠤᠯᠤᠨ ᠥᠭᠬᠦ ᠶ᠋ᠢ ᠬᠦᠰᠡᠭᠰᠡᠨ ᠶᠦᠮ᠃ᠣᠳᠣ ᠪᠣᠯᠬᠤ ᠳ᠋ᠤ᠌ ᠨᠢᠭᠡᠨᠲᠡ ᠲᠠᠪᠤᠨ ᠵᠢᠯ ᠥᠩᠭᠡᠷᠡᠯ᠎ᠡ᠃ ᠣᠳᠣ ᠰᠣᠨᠣᠰᠬᠤ ᠳ᠋ᠤ᠌ ᠮᠢᠩᠵᠤᠤᠷ ᠨᠥᠬᠥᠷ ᠭᠠᠭᠴᠠ ᠨᠢᠭᠡ ᠵᠣᠬᠢᠶᠠᠯ ᠪᠢᠴᠢᠭᠰᠡᠨ ᠪᠢᠰᠢ᠂ ᠬᠠᠷᠢᠨ ᠨᠢᠭᠡ ᠨᠣᠮ ᠭᠠᠷᠭᠠᠬᠤ ᠬᠡᠮᠵᠢᠶᠡᠨ ᠳ᠋ᠦ᠍ ᠬᠦᠷᠴᠡᠢ᠃ ᠡᠢᠮᠦ ᠡᠴᠡ ᠥᠪᠡᠷ ᠦ᠋ᠨ ᠲᠥᠷᠥᠭᠳᠡᠯ ᠢ᠋ᠶ᠋ᠡᠨ ᠪᠢᠴᠢᠵᠦ᠂ ᠲᠠᠨ ᠳ᠋ᠤ᠌ ᠮᠣᠩᠭᠣᠯ ᠦᠨᠳᠦᠰᠦᠲᠡᠨ ᠪᠠ ᠬᠣᠢᠴᠢ ᠦᠶ᠎ᠡ ᠶ᠋ᠢᠨ ᠦᠷ᠎ᠡ ᠬᠡᠦᠬᠡᠳ ᠲᠡᠭᠡᠨ ᠠᠴᠢ ᠲᠤᠰᠠ ᠲᠠᠢ ᠠᠵᠢᠯ ᠬᠢᠵᠦ ᠶᠠᠪᠤᠭ᠎ᠠ ᠠᠤᠭ᠎ᠠ ᠵᠣᠷᠢᠭ ᠰᠠᠨᠠᠭ᠎ᠠ ᠶ᠋ᠢ ᠴᠢᠨᠢ ᠪᠢᠰᠢᠷᠡᠨ ᠮᠠᠭᠲᠠᠵᠤ ᠪᠠᠢᠭ᠎ᠠ ᠰᠡᠳᠬᠢᠯ ᠢ᠋ᠶ᠋ᠡᠨ ᠳᠠᠬᠢᠨᠲᠠ ᠢᠯᠡᠳᠬᠡᠵᠦ᠂ ᠨᠣᠮ ᠤ᠋ᠨ ᠴᠠᠭᠠᠨ ᠪᠤᠶᠠᠨ ᠳᠡᠯᠭᠡᠷᠡᠲᠦᠭᠡᠢ ᠭᠡᠰᠡᠨ ᠥᠯᠵᠡᠢᠲᠡᠢ ᠢᠷᠦᠭᠡᠯ ᠢ᠋ᠶ᠋ᠡᠨ ᠳᠡᠪᠰᠢᠭᠦᠯᠦᠶ᠎ᠡ!

           ᠪᠦᠷᠢᠨᠮᠠᠨᠳᠤᠬᠤ
             《ᠰᠢᠯᠢ ᠶ᠋ᠢᠨ ᠭᠣᠣᠯ ᠠᠢᠮᠠᠭ ᠤ᠋ᠨ ᠠᠷᠠᠳ ᠤ᠋ᠨ ᠲᠥᠯᠥᠭᠡᠯᠡᠭᠴᠢᠳ ᠦ᠋ᠨ
              ᠶᠡᠬᠡ ᠬᠤᠷᠠᠯ ᠤ᠋ᠨ ᠠᠵᠢᠯᠯᠠᠬᠤ ᠵᠥᠪᠯᠡᠯ ᠦ᠋ᠨ ᠤᠤᠯ ᠤ᠋ᠨ ᠡᠷᠬᠢᠯᠡᠭᠴᠢ)
                               ᠰᠢᠯᠢ ᠶ᠋ᠢᠨ ᠬᠣᠲᠠᠨ᠎ᠠ  







 



  
     
     