-
2461
ᠬᠤᠨᠢᠨ ᠦ ᠪᠤᠷᠤᠯᠠᠭ
2018-04-27 11:12
115
0
ᠬᠤᠨᠢᠨ ᠦ
ᠨᠠᠷᠠ ᠰᠠᠯᠬᠢᠨ ᠳᠤ ᠭᠠᠵᠠᠷᠯᠠᠵᠤ ᠶᠠᠪᠤᠭ᠎ᠠ ᠦᠭᠡᠢ
ᠬᠤᠷᠢᠮ ᠬᠦᠷ ᠲᠤ ᠤᠨᠤᠬᠤ ᠬᠦᠮᠦᠨ ᠦᠭᠡᠢ
ᠬᠣᠨᠢᠨ ᠳᠤ ᠭᠡᠪᠡᠯ ᠤᠨᠤᠬᠤ ᠬᠦᠮᠦᠨ ᠦᠭᠡᠢ
ᠬᠤᠳᠠ ᠪᠡᠯᠴᠢᠭᠡᠷ ᠲᠤ ᠪᠠᠨ ᠬᠤᠷᠤᠭᠤᠳᠠᠵᠤ ᠰᠤᠷᠤᠭᠰᠠᠨ
ᠬᠤᠨᠢᠨ ᠤ ᠪᠤᠷᠤᠯᠠᠭ ᠲᠤ ᠪᠠᠨ ᠪᠢ ᠬᠠᠢᠷᠠᠳᠠᠢ
ᠨᠢᠭᠡ ᠨᠠᠰᠤ ᠪᠠᠷ ᠢᠶᠠᠨ ᠶᠠᠪᠠᠭᠠᠨ ᠭᠦᠶᠦᠯ᠎ᠡ ᠭᠡᠵᠦ
ᠨᠢᠭᠡᠳᠦᠯ ᠡᠴᠡ ᠵᠦᠪᠰᠢᠶᠡᠷᠡᠯ ᠲᠠᠢ ᠠᠪᠤ ᠶᠢᠨ ᠤᠨᠤᠭᠠᠷᠢ
ᠡᠮᠡᠭᠡᠯ ᠲᠠᠭᠠᠭᠠᠮᠠᠷ ᠦᠭᠡᠢ ᠬᠦᠭᠡᠷᠦᠬᠦᠢ ᠶᠤᠮ ᠳ᠋ᠠ ᠭᠡᠵᠦ
ᠡᠴᠢᠭᠡ ᠮᠢᠨᠢ ᠲᠡᠭᠦᠨ ᠢ ᠤᠨᠤᠯ ᠦᠭᠡᠢ ᠦᠯᠡᠳᠡᠭᠡᠵᠦ
ᠡᠷᠭᠢᠬᠦ ᠶᠢᠨ ᠬᠠᠪᠤᠷ ᠲᠤ ᠨᠢ ᠰᠤᠶᠤᠭᠠᠯᠠᠩ ᠪᠤᠯᠠᠬᠤ ᠪᠠᠷ
ᠡᠷ᠎ᠡ ᠶᠢ ᠨᠢ ᠬᠠᠭᠰᠠᠭᠠᠵᠤ ᠰᠤᠷᠭᠠᠭᠰᠠᠨ ᠯᠡ ᠶᠤᠮᠰᠠᠨ
ᠠᠷᠪᠢᠨ ᠬᠡᠥᠬᠡᠳ ᠲᠠᠢ ᠮᠠᠨ ᠤ ᠬᠢᠨ ᠳᠤ ᠬᠡᠯᠡᠪᠡᠯ
ᠠᠯᠢ ᠨᠢ ᠴᠦ ᠭᠡᠰᠡᠨ ᠤᠨᠤᠬᠤ ᠶᠢ ᠲᠤᠷᠠᠯᠠᠨᠠ
ᠠᠪᠤ ᠠᠴᠠ ᠲᠠᠯᠳᠠᠭᠤᠷ ᠬᠤᠨᠢᠨ ᠤ ᠪᠤᠷᠤᠯᠠᠭ ᠢ
ᠠᠬ᠎ᠠ ᠠᠴᠠ ᠲᠦᠷᠦᠭᠦᠳᠡᠢ ᠲᠦᠷᠦᠭᠦᠯᠡᠵᠦ ᠭᠣᠷᠢᠯᠠᠨᠠ
ᠬᠣᠨᠢᠨ ᠤ ᠲᠦᠷᠦᠭᠦᠴᠢ ᠨᠢ ᠦᠵᠡᠭᠳᠡᠬᠦ ᠪᠠᠨ ᠪᠠᠢᠯ᠎ᠠ
ᠬᠣᠢᠨ᠎ᠠ ᠡᠴᠡ ᠨᠢ ᠮᠣᠷᠳᠠᠬᠤ ᠤᠤ ᠠᠪᠤ ᠭᠡᠵᠦ
ᠬᠣᠷᠤᠬᠠᠢᠳᠠᠢ ᠨᠢ ᠠᠷᠭ᠎ᠠ ᠦᠭᠡᠢ ᠠᠬ᠎ᠠ ᠳᠡᠭᠦᠦ ᠭᠡᠵᠦ
ᠬᠣᠷᠢᠶᠠᠨ ᠰᠢᠪᠡᠭᠡ ᠵᠦᠭ ᠨᠢᠳᠦ ᠭᠦᠶᠦᠯᠭᠡᠨ᠎ᠡ
ᠠᠯᠬᠤᠬᠤ ᠬᠦᠯ ᠨᠢ ᠲᠠᠮᠪᠠᠷᠠᠭᠰᠠᠨ ᠲᠠᠮᠰᠢᠭ ᠤᠳ
ᠠᠮᠢᠳᠠᠨ ᠤ ᠤᠢᠯᠡ ᠶᠢ ᠪᠠᠷᠠᠬᠤ ᠨᠢ ᠦᠦ ᠭᠡᠵᠦ
ᠠᠪᠤ ᠵᠦᠡᠭᠳᠡᠭᠡᠨ ᠠᠭᠤᠷᠯᠠᠳᠠᠭ ᠪᠠᠢᠯ᠎ᠠ ᠴᠦ
ᠠᠯᠢ ᠬᠡᠳᠦᠢᠨ ᠯᠡ ᠴᠤᠭᠬᠢᠭᠤᠯᠴᠢᠬᠠᠭᠰᠠᠨ ᠪᠠᠢᠳᠠᠭ
ᠪᠤᠳᠤᠪᠠᠯ ᠪᠠᠰᠠ ᠭᠦᠭᠡᠷᠦᠭᠦᠢ ᠴᠦ ᠶᠤᠮ ᠰᠢᠦ
ᠪᠤᠷᠦᠯᠠᠭ ᠮᠣᠷᠢ ᠪᠢᠳᠡᠨ ᠳᠤ ᠭᠣᠮᠤᠳᠠᠭᠠ ᠦᠭᠡᠢ
ᠪᠣᠯᠵᠠᠢ ᠳ᠋ᠠ ᠭᠦᠭᠡᠷᠦᠬᠦᠢ ᠬᠡᠥᠬᠡᠳ ᠶᠤᠮ ᠴᠢᠨᠢ ᠳ᠋ᠠ ᠭᠡᠬᠦ ᠰᠢᠭ
ᠪᠣᠰᠣᠭ᠎ᠠ ᠲᠠᠪᠠᠮᠠᠭᠴᠠ ᠭᠦᠬᠦᠳᠦᠨᠡᠨ ᠳᠠᠭᠤᠳᠠᠳᠠᠭ ᠰᠠᠨ
ᠠᠯᠤᠰ ᠲᠦ ᠶᠠᠪᠤᠭ᠎ᠠ ᠦᠭᠡᠢ᠂ ᠠᠳᠤᠭᠤᠨ ᠳ᠋ᠦ ᠨᠡᠢᠯᠡᠭᠡ ᠦᠭᠡᠢ
ᠠᠪᠤ ᠶᠢᠨ ᠪᠣᠷᠤᠯᠠᠭ ᠲᠦ ᠪᠠᠨ ᠪᠢ ᠬᠠᠢᠷᠠᠳᠠᠢ
ᠠᠷᠠᠳ ᠤᠨ ᠬᠣᠨᠢᠴᠢᠨ ᠤ ᠬᠦᠯ ᠢ ᠠᠮᠠᠷᠠᠭᠠᠭᠰᠠᠨ
ᠠᠩᠬᠠᠨ ᠤ ᠬᠢᠨᠢ ᠤᠨᠤᠭᠠᠷᠢ ᠲᠡᠷᠡ ᠯᠡ ᠪᠠᠢᠭᠰᠠᠨ ᠶᠤᠮ᠃