-
25862
ᠲᠠᠯ᠎ᠠ ᠶᠢᠨ ᠲᠠᠪᠤᠨ ᠡᠷᠳᠡᠨᠢ
2026-08-14 14:37
25
0
ᠲᠠᠯ᠎ᠠ ᠶᠢᠨ ᠲᠠᠪᠤᠨ ᠡᠷᠳᠡᠨᠢ
ᠳᠣᠯᠣᠳ•ᠨᠠᠮᠵᠢᠯ
ᠠᠯᠢ ᠡᠷᠲᠡ ᠳᠡᠭᠡᠷ᠎ᠡ ᠦᠶ᠎ᠡ᠂ ᠬᠦᠮᠦᠰ ᠵᠡᠷᠯᠢᠭ ᠮᠠᠯ ᠠᠮᠢᠲᠠᠨ ᠢ ᠭᠠᠷᠰᠢᠭᠤᠯᠤᠨ ᠲᠠᠰᠬᠠᠨ ᠮᠠᠯᠵᠢᠵᠣ ᠪᠠᠶᠢᠬᠤ ᠳᠤ᠂ ᠮᠣᠩᠭᠣᠯᠴᠤᠳ ᠤᠨ ᠳᠡᠭᠡᠳᠦᠰ ᠮᠥᠨ ᠠᠳᠠᠯᠢ ᠪᠠᠷ ᠠᠭᠤᠷ ᠠᠮᠢᠰᠬᠤᠯ ᠡᠷᠡᠰ ᠲᠠᠰᠤ ᠬᠤᠪᠢᠷᠢᠯᠲᠠ ᠶᠡᠬᠡᠲᠡᠢ ᠪᠠᠶᠢᠭᠠᠯᠢ ᠶᠢᠨ ᠬᠠᠲᠠᠭᠤ ᠪᠡᠷᠬᠡ ᠨᠥᠬᠦᠴᠡᠯᠲᠦ ᠮᠣᠩᠭᠣᠯ ᠤᠨ ᠥᠨᠳᠦᠷᠯᠢᠭ ᠢᠶᠠᠷ ᠲᠥᠪᠯᠡᠭᠰᠡᠨ ᠥᠷᠭᠡᠨ ᠠᠭᠤᠳᠠᠮ ᠭᠠᠵᠠᠷ ᠨᠤᠲᠤᠭ ᠲᠤ ᠣᠷᠣᠰᠢᠨ ᠰᠠᠭᠤᠵᠣ᠂ ᠤᠷᠲᠤ ᠤᠳᠠᠭᠠᠨ ᠲᠡᠦᠬᠡᠨ ᠬᠤᠭᠤᠴᠠᠭᠠᠨ᠎ᠠ᠂ ᠵᠡᠷᠯᠢᠭ ᠮᠠᠯ ᠠᠮᠢᠲᠠᠨ ᠢ ᠭᠠᠷᠰᠢᠭᠤᠯᠤᠨ ᠲᠠᠰᠬᠠᠨ ᠮᠠᠯᠵᠢᠵᠣ᠂ ᠪᠠᠶᠢᠭᠠᠯᠢ ᠣᠷᠴᠢᠨ ᠠᠬᠤᠢ ᠳᠠᠭᠠᠨ ᠵᠣᠬᠢᠴᠠᠭᠤᠯᠤᠨ᠂ ᠠᠮᠢᠳᠤᠷᠠᠯ ᠦᠢᠯᠡᠳᠪᠦᠷᠢᠯᠡᠯ ᠳᠡᠬᠡᠨ ᠠᠰᠢᠭᠯᠠᠵᠣ ᠬᠡᠷᠡᠭᠯᠡᠨ ᠪᠠᠶᠢᠭᠠᠯᠢ ᠶᠢᠨ ᠰᠢᠯᠭᠠᠷᠠᠯ ᠪᠣᠯᠣᠨ ᠣᠯᠠᠨ ᠲᠠᠯ᠎ᠠ ᠶᠢᠨ ᠬᠢᠨᠠᠯᠲᠠ ᠰᠢᠨᠵᠢᠯᠡᠯᠲᠡ᠂ ᠰᠠᠨᠠᠭᠠᠴᠢᠯᠭᠠᠲᠣ ᠴᠢᠩᠭ᠎ᠠ ᠰᠢᠯᠢᠯᠲᠡ ᠪᠡᠷ ᠢᠶᠠᠨ ᠬᠣᠨᠢ᠂ ᠦᠬᠡᠷ᠂ ᠠᠳᠤᠭᠤ᠂ ᠲᠡᠮᠡᠭᠡ᠂ ᠢᠮᠠᠭ᠎ᠠ ᠵᠡᠷᠭᠡ ᠲᠠᠪᠤᠨ ᠲᠥᠷᠥᠯ ᠦᠨ ᠮᠠᠯ ᠨᠢ ᠪᠠᠶᠢᠭᠠᠯᠢ ᠠᠬᠤᠢ ᠳᠦ ᠬᠠᠯᠠ ᠦᠭᠡᠢ᠂ ᠭᠣᠣᠯᠴᠢᠯᠠᠨ ᠢᠳᠡᠬᠦ ᠡᠪᠡᠰᠦᠨ ᠦ ᠲᠥᠷᠥᠯ ᠵᠦᠢᠯ ᠨᠢ ᠬᠣᠭᠣᠷᠣᠨᠳᠣ ᠪᠠᠨ ᠤᠨ ᠨᠡᠯᠢᠶᠡᠳ ᠵᠥᠷᠢᠶᠡᠨ ᠲᠠᠢ︵ ᠬᠣᠨᠢ᠂ ᠶᠡᠷᠦ ᠶᠢᠨ ᠪᠠᠶᠢᠭᠠᠯᠢ ᠪᠡᠯᠴᠢᠭᠡᠷ ᠲᠠᠬᠢ 1000 ᠭᠠᠷᠣᠢ ᠲᠥᠷᠥᠯ ᠦᠨ ᠡᠪᠡᠰᠦ ᠠᠴᠠ 600 ᠭᠠᠷᠣᠢ ᠲᠥᠷᠥᠯ ᠦᠨ ᠡᠪᠡᠰᠦ ᠶᠢ ᠯᠠ ᠢᠳᠡᠳᠡᠭ᠂ ᠲᠡᠮᠡᠭᠡ ᠪᠤᠰᠤᠳ ᠲᠥᠷᠥᠯ ᠦᠨ ᠮᠠᠯ ᠢᠳᠡᠵᠦ ᠠᠰᠢᠭᠯᠠᠬᠤ ᠦᠭᠡᠢ ᠪᠦᠳᠦᠭᠦᠯᠢᠭ ᠡᠪᠡᠰᠦ ᠤᠷᠭᠤᠮᠠᠯ ᠢ ᠢᠳᠡᠳᠡᠭ ᠭᠡᠬᠦ ᠮᠡᠲᠦ ︶ᠪᠥᠭᠡᠳ ᠬᠣᠯᠠ ᠣᠶᠢᠷ᠎ᠠ ᠪᠡᠯᠴᠢᠬᠦ ᠨᠢ ᠪᠠᠰᠠ ᠠᠳᠠᠯᠢ ᠦᠭᠡᠢ︵ᠠᠳᠤᠭᠤ᠂ ᠲᠡᠮᠡᠭᠡ ᠬᠣᠯᠠ ᠶᠢᠨ ᠪᠡᠯᠴᠢᠭᠡᠷ ᠢ ᠠᠰᠢᠭᠯᠠᠵᠣ᠂ ᠦᠬᠡᠷ᠂ ᠬᠣᠨᠢ᠂ ᠢᠮᠠᠭ᠎ᠠ ᠣᠶᠢᠷᠠᠯᠴᠠᠭ᠎ᠠ ᠪᠡᠯᠴᠢᠭᠡᠷ ᠢ ᠠᠰᠢᠭᠯᠠᠨ᠎ᠠ ︶᠂ ᠨᠢᠭᠡᠨ ᠭᠠᠵᠠᠷ ᠲᠦ ᠬᠠᠮᠲᠣ ᠮᠠᠯᠵᠢᠪᠠᠴᠣ ᠬᠠᠷᠢᠯᠴᠠᠨ ᠨᠥᠯᠥᠭᠡᠯᠡᠬᠦ ᠦᠭᠡᠢ︵ ᠦᠬᠡᠷ ᠦᠨᠳᠦᠷ ᠰᠢᠭ ᠡᠪᠡᠰᠦ ᠶᠢ ᠢᠳᠡᠬᠦ ᠳᠤᠷᠠᠲᠠᠢ᠂ ᠬᠣᠨᠢ ᠪᠣᠭᠤᠨᠢ ᠡᠪᠡᠰᠦ ᠶᠢ ᠢᠳᠡᠬᠦ ᠳᠤᠷᠠᠲᠠᠢ᠂ ᠢᠮᠠᠭ᠎ᠠ ᠨᠠᠪᠴᠢᠯᠢᠭ ᠡᠪᠡᠰᠦ ᠪᠣᠯᠣᠨ ᠵᠠᠷᠢᠮ ᠪᠤᠲᠠᠯᠢᠭ ᠮᠣᠳᠣᠨ ᠤ ᠨᠠᠪᠴᠢ ᠮᠥᠴᠢᠷ ᠲᠦ ᠳᠤᠷᠠᠲᠠᠢ ︶᠂ ᠪᠡᠯᠴᠢᠭᠡᠷ ᠤᠨ ᠠᠰᠢᠭᠯᠠᠮᠵᠢ ᠶᠢ ᠳᠡᠭᠡᠭᠰᠢᠯᠡᠭᠦᠯᠬᠦ ᠳᠦ ᠠᠰᠢᠭᠲᠠᠢ᠂ ᠠᠰᠢᠭ ᠰᠢᠮ᠎ᠡ ᠶᠢᠨ ᠭᠠᠷᠣᠯᠲᠠ ᠪᠣᠯᠣᠨ ᠬᠡᠷᠡᠭᠯᠡᠭᠡᠨ ᠦ ᠲᠠᠯ᠎ᠠ ᠪᠠᠷ ᠬᠠᠷᠢᠯᠴᠠᠨ ᠨᠥᠬᠦᠴᠡᠯᠳᠦᠵᠦ᠂ ᠬᠦᠮᠦᠰ ᠦᠨ ᠦᠨᠳᠦᠰᠦᠨ ᠠᠮᠢᠳᠤᠷᠠᠯ ᠦᠢᠯᠡᠳᠪᠦᠷᠢᠯᠡᠯ ᠦᠨ ᠬᠡᠷᠡᠭᠴᠡᠭᠡ ᠶᠢ ᠬᠠᠩᠭᠠᠵᠣ ᠴᠢᠳᠠᠬᠣ ᠪᠣᠯᠣᠮᠵᠢ ᠲᠠᠢ ᠪᠠᠶᠢᠬᠤ ᠶᠢ ᠦᠵᠡᠨ ᠭᠠᠷᠴᠤ᠂ ᠡᠨᠡ ᠲᠠᠪᠤᠨ ᠲᠥᠷᠥᠯ ᠦᠨ ᠮᠠᠯ ᠢ ᠰᠢᠯᠢᠨ ᠠᠪᠴᠤ ᠡᠷᠳᠡᠨᠢ ᠪᠣᠯᠭᠠᠨ ᠨᠠᠨᠳᠢᠩᠨᠠᠨ ᠬᠠᠶᠢᠷᠠᠯᠠᠵᠣ᠂ ᠤᠷ᠎ᠠ ᠤᠬᠠᠭᠠᠨ ᠢᠶᠠᠷ ᠢᠶᠠᠨ ᠡᠪ ᠵᠦᠢᠲᠡᠢ ᠰᠠᠶᠢᠬᠠᠨ ᠭᠠᠷᠰᠢᠭᠤᠯᠤᠨ ᠮᠠᠯᠵᠢᠵᠣ᠂ ᠳᠡᠯᠡᠬᠡᠢ ᠳᠦ ᠬᠣᠪᠣᠷᠬᠠᠨ ᠲᠡᠰᠪᠦᠷᠢ ᠳᠠᠭᠠᠭᠠᠴᠠᠲᠣ᠂ ᠶᠡᠷᠥᠩᠬᠡᠶᠢᠯᠡᠭᠰᠡᠨ ᠣᠯᠠᠨ ᠬᠡᠷᠡᠭᠴᠡᠭᠡᠲᠦ ᠰᠢᠯᠢᠳᠡᠭ ᠰᠠᠶᠢᠨ ᠮᠠᠯ ᠤᠨ ᠡᠭᠦᠯᠳᠡᠷ ᠢ ᠪᠣᠶᠢᠵᠢᠭᠤᠯᠵᠤ ᠥᠰᠭᠡᠨ ᠦᠷᠡᠵᠢᠭᠦᠯᠥᠭᠡᠳ᠂ ᠠᠮᠢᠳᠤᠷᠠᠯ ᠤᠨ ᠬᠡᠷᠡᠭᠰᠡᠯ ᠪᠣᠯᠣᠨ ᠦᠢᠯᠡᠳᠪᠦᠷᠢᠯᠡᠯ ᠦᠨ ᠪᠠᠭᠠᠵᠢ ᠪᠠᠷ ᠠᠰᠢᠭᠯᠠᠭᠰᠠᠭᠠᠷ ᠢᠷᠡᠵᠡᠢ᠃ ᠮᠣᠩᠭᠣᠯᠴᠤᠳ ᠂ ᠲᠠᠪᠤᠨ ᠬᠤᠰᠢᠭᠤ ᠮᠠᠯ ᠶᠢᠨ ᠰᠦ᠋ ᠶᠢ ᠢᠳᠡᠭᠡ ᠤᠮᠳᠠᠭᠠᠨ ᠳᠠᠭᠠᠨ ᠠᠰᠢᠭᠯᠠᠨ ; ᠬᠣᠨᠢ᠂ ᠢᠮᠠᠭ᠎ᠠ᠂ ᠦᠬᠡᠷ ᠤᠨ ᠮᠢᠬ᠎ᠠ ᠶᠢ ᠢᠳᠡᠰᠢᠨ ᠳᠦ ᠬᠡᠷᠡᠭᠯᠡᠵᠦ ; ᠬᠣᠨᠢ ᠢᠮᠠᠭᠠᠨ ᠤ ᠠᠷᠠᠰᠣ ᠪᠠᠷ ᠬᠤᠪᠴᠠᠰᠤ ᠬᠢᠬᠦ ; ᠬᠣᠨᠢᠨ ᠨᠣᠣᠰᠤ ᠪᠠᠷ ᠢᠰᠡᠬᠡᠢ ᠡᠳ᠋ᠯᠡᠯ ᠬᠢᠬᠦ᠂ ᠬᠣᠨᠢ᠂ ᠢᠮᠠᠭ᠎ᠠ᠂ ᠲᠡᠮᠡᠭᠡᠨ ᠨᠣᠯᠤᠤᠷ ᠢᠶᠠᠷ ᠭᠣᠶᠣᠮᠰᠣᠭ ᠳᠤᠯᠠᠭᠠᠨ ᠬᠤᠪᠴᠠᠰᠤ ᠬᠤᠨᠠᠷ ᠬᠢᠬᠦ ; ᠦᠬᠡᠷ᠂ ᠠᠳᠤᠭᠤ᠂ ᠲᠡᠮᠡᠭᠡᠨ ᠦ ᠠᠷᠠᠰᠤ ᠪᠠᠷ ᠰᠤᠷ᠂ ᠦᠳᠡᠭᠡᠷᠢ᠂ ᠰᠢᠷᠢ ᠡᠳ᠋ᠯᠡᠯ ᠬᠢᠬᠦ ;ᠠᠳᠤᠭᠤ ᠶᠢ ᠤᠨᠤᠭᠠᠷᠢ ᠳᠤ ᠪᠠᠨ ᠠᠰᠢᠭᠯᠠᠬᠤ ; ᠱᠠᠷ ᠢ ᠬᠥᠯᠥᠰᠢᠨ ᠳᠦ ᠠᠰᠢᠭᠯᠠᠬᠤ ;ᠲᠡᠮᠡᠭᠡ ᠶᠢ ᠤᠨᠤᠭᠠᠷᠢ᠂ ᠠᠴᠢᠶᠠᠨ ᠳᠤ ᠬᠡᠷᠡᠭᠯᠡᠬᠦ ᠭᠡᠬᠦ ᠮᠡᠲᠦ ᠪᠡᠷ ᠠᠰ ᠠᠰ ᠤᠨ ᠣᠨᠴᠠᠯᠢᠭ ᠳ᠋ᠤᠨᠢ ᠵᠣᠬᠢᠴᠠᠭᠤᠯᠤᠨ ᠡᠪᠯᠢᠭ ᠰᠠᠶᠢᠬᠠᠨ ᠠᠰᠢᠭᠯᠠᠨ᠂ ᠪᠡᠶ᠎ᠡ ᠪᠡᠨ ᠳᠠᠭᠠᠭᠠᠭᠰᠠᠨ ᠥᠪᠡᠷᠮᠢᠴᠡ ᠣᠨᠴᠠᠯᠢᠭᠲᠣ ᠪᠡᠯᠴᠢᠭᠡᠷ ᠦᠨ ᠮᠠᠯ ᠠᠵᠣ ᠠᠬᠤᠢ ᠶᠢ ᠡᠷᠬᠢᠯᠡᠵᠡᠢ ᠃
ᠮᠣᠩᠭᠣᠯᠴᠤᠳ᠂ ᠡᠶᠢᠨᠬᠦ ᠥᠪᠡᠷᠳᠡᠭᠡᠨ ᠭᠠᠷᠰᠢᠭᠤᠯᠤᠨ ᠮᠠᠯᠵᠢᠵᠣ ᠪᠣᠶᠢᠵᠢᠭᠤᠯᠤᠭᠰᠠᠨ ᠲᠠᠪᠤᠨ ᠡᠷᠳᠡᠨᠢ ᠬᠡᠮᠡᠭᠴᠢ ᠡᠨᠡ ᠲᠠᠪᠤᠨ ᠲᠥᠷᠥᠯ ᠦᠨ ᠮᠠᠯ ᠳᠠᠭᠠᠨ ︽ᠲᠠᠪᠤᠨ ᠬᠤᠰᠢᠭᠤ ᠮᠠᠯ︾ ᠭᠡᠵᠦ ᠰᠠᠶᠢᠬᠠᠨ ᠨᠡᠷ᠎ᠡ ᠥᠭᠴᠦ᠂ ᠠᠮᠢᠳᠤᠷᠠᠯ ᠦᠢᠯᠡᠳᠪᠦᠷᠢᠯᠡᠯ ᠦᠨ ᠬᠡᠷᠡᠭᠴᠡᠭᠡ ᠪᠡᠨ ᠬᠠᠩᠭᠠᠵᠣ ᠥᠰᠭᠡᠨ ᠦᠷᠡᠵᠢᠭᠦᠯᠵᠦ᠂ ᠡᠨᠡ ᠨᠤᠲᠤᠭ ᠲᠠᠭᠠᠨ ᠣᠷᠣᠰᠢᠨ ᠠᠮᠢᠳᠤᠷᠠᠬᠤ ᠳᠠᠭᠠᠨ ᠡᠬᠡ ᠪᠠᠶᠢᠭᠠᠯᠢ ᠶᠢ ᠡᠪᠳᠡᠵᠦ ᠰᠦᠢᠳᠭᠡᠬᠦ ᠶᠢ ᠣᠨᠴᠠ ᠰᠡᠷᠭᠡᠶᠢᠯᠡᠵᠦ᠂ ᠣᠩᠭᠣᠨ ᠢᠶᠠᠷ ᠨᠢ ᠪᠠᠶᠢᠯᠭᠠᠵᠣ ᠦᠨᠢ ᠤᠳᠠᠭᠠᠨ ᠠᠰᠢᠯᠠᠬᠤ ᠶᠢ ᠲᠡᠷᠢᠭᠦᠨ ᠴᠢᠬᠤᠯᠠ ᠪᠠᠷ ᠦᠵᠡᠵᠦ᠂ ᠪᠠᠶᠢᠭᠠᠯᠢ ᠠᠬᠤᠢ ᠶᠢᠨ ᠵᠢᠮ ᠬᠠᠤᠯᠢ ᠶᠢ ᠮᠥᠷᠳᠡᠵᠦ᠂ ᠡᠯ᠎ᠡ ᠲᠥᠷᠥᠯ ᠦᠨ ᠮᠠᠯ ᠤᠨ ᠡᠪᠡᠰᠦ ᠪᠡᠯᠴᠢᠭᠡᠷ ᠢ ᠢᠳᠡᠵᠦ ᠠᠰᠢᠭᠯᠠᠬᠤ ᠨᠢ ᠠᠳᠠᠯᠢ ᠦᠭᠡᠢ ᠵᠡᠷᠭᠡ ᠣᠨᠴᠠᠯᠢᠭ ᠢ ᠨᠢ ᠦᠨᠳᠦᠰᠦᠯᠡᠨ᠂ ᠲᠠᠯᠠᠷᠬᠠᠭ ᠭᠠᠵᠠᠷ ᠤᠨ ᠪᠡᠯᠴᠢᠭᠡᠷ᠂ ᠠᠭᠤᠯᠠᠷᠬᠠᠭ ᠪᠤᠶᠤ ᠣᠶᠢᠲᠣ ᠣᠷᠣᠨ ᠤ ᠪᠡᠯᠴᠢᠭᠡᠷ᠂ ᠭᠣᠪᠢ ᠪᠣᠯᠣᠨ ᠡᠯᠡᠰᠦ ᠮᠠᠩᠬᠠᠨ ᠨᠤᠲᠤᠭ ᠤᠨ ᠪᠡᠯᠴᠢᠭᠡᠷ ᠭᠡᠵᠦ ᠢᠯᠭᠠᠨ ᠠᠳᠠᠯᠢ ᠪᠤᠰᠤ ᠲᠥᠷᠥᠯ ᠦᠨ ᠮᠠᠯ ᠳᠠᠭᠠᠨ ᠲᠣᠬᠢᠷᠠᠭᠤᠯᠤᠨ᠂ ᠡᠪᠡᠰᠦᠨ ᠦ ᠵᠦᠢᠯ ᠲᠥᠷᠥᠯ᠂ ᠤᠷᠭᠤᠴᠠ ᠶᠢᠨ ᠪᠠᠶᠢᠳᠠᠯ ᠵᠡᠷᠭᠡ ᠣᠯᠠᠨ ᠲᠠᠯ᠎ᠠ ᠠᠴᠠ ᠪᠣᠳᠣᠯᠬᠢᠯᠠᠨ᠂ ᠵᠢᠯ ᠦᠨ ᠳᠥᠷᠪᠡᠨ ᠤᠯᠠᠷᠢᠯ ᠤᠨ ᠬᠤᠪᠢᠷᠢᠯ ᠳᠤ ᠵᠣᠬᠢᠴᠠᠭᠤᠯᠤᠨ᠂ ᠥᠪᠡᠷ ᠦᠨ ᠬᠠᠷᠢᠶ᠎ᠠ ᠳᠠᠬᠢ ᠪᠡᠯᠴᠢᠭᠡᠷ ᠲᠡᠬᠡᠨ ᠨᠠᠰᠢ ᠴᠠᠰᠢ ᠨᠡᠭᠦᠳᠡᠯᠯᠡᠨ ᠮᠠᠯᠵᠢᠬᠤ ᠬᠠᠲᠠᠭᠤ ᠪᠡᠷᠬᠡᠲᠦ ᠨᠡᠭᠦᠳᠡᠯ ᠮᠠᠯᠵᠢᠯ ᠤᠨ ᠠᠮᠢᠳᠤᠷᠠᠯ ᠤᠨ ᠠᠷᠭ᠎ᠠ ᠬᠡᠯᠪᠡᠷᠢ ᠶᠢ ᠠᠪᠴᠤ ᠦᠶ᠎ᠡ ᠦᠶ᠎ᠡ ᠪᠡᠷ ᠤᠯᠠᠮᠵᠢᠯᠠᠨ ᠴᠢᠩᠭ᠎ᠠ ᠪᠠᠷᠢᠮᠲᠠᠯᠠᠵᠣ᠂ ᠭᠠᠵᠠᠷ ᠰᠢᠷᠣᠢ ᠶᠢ ᠳᠤᠷ᠎ᠠ ᠪᠠᠷ ᠢᠶᠠᠨ ᠮᠠᠯᠲᠠᠨ ᠡᠪᠳᠡᠯᠡᠬᠦ ᠪᠠ ᠡᠪᠡᠰᠦ ᠮᠣᠳᠣ ᠶᠢ ᠰᠦᠢᠳᠭᠡᠬᠦ ᠶᠢ ᠣᠨᠴᠠ ᠴᠡᠭᠡᠷᠯᠡᠵᠦ᠂ ᠪᠡᠯᠴᠢᠭᠡᠷ ᠨᠤᠲᠤᠭ ᠢᠶᠠᠨ ᠬᠠᠷᠠᠬᠤ ᠨᠢᠳᠣᠨ ᠴᠡᠴᠡᠭᠡᠢ ᠡᠴᠡ ᠪᠡᠨ ᠢᠯᠡᠭᠦᠦ ᠬᠠᠶᠢᠷᠠᠯᠠᠵᠣ ᠬᠠᠮᠠᠭᠠᠯᠠᠨ᠂ ᠳᠡᠭᠡᠷ᠎ᠡ ᠵᠠᠭᠤᠨ ᠤ ᠳᠠᠯᠠᠭᠠᠳ ᠣᠨ ᠪᠣᠯᠲᠠᠯ᠎ᠠ ᠡᠬᠡ ᠪᠠᠶᠢᠭᠠᠯᠢ ᠪᠠᠨ ᠣᠩᠭᠣᠨ ᠰᠠᠶᠢᠬᠠᠨ ᠢᠶᠠᠷ ᠨᠢ ᠠᠪᠴᠤ ᠢᠷᠡᠭᠰᠡᠨ ᠶᠤᠮ᠃
ᠮᠣᠩᠭᠣᠯᠴᠤᠳ᠂ ᠨᠠᠨᠳᠢᠩᠨᠠᠨ ᠮᠠᠯᠵᠢᠵᠣ ᠪᠠᠶᠢᠭ᠎ᠠ ᠡᠨᠡ ᠲᠠᠪᠤᠨ ᠡᠷᠳᠡᠨᠢ ᠬᠡᠮᠡᠭᠴᠢ ᠲᠠᠪᠤᠨ ᠲᠥᠷᠥᠯ ᠦᠨ ᠮᠠᠯ ᠢᠶᠠᠨ ︽ᠲᠠᠪᠤᠨ ᠬᠤᠰᠢᠭᠤ ᠮᠠᠯ︾ ᠭᠡᠵᠦ᠂ ᠲᠠᠯ᠎ᠠ ᠶᠢᠨ ᠪᠡᠯᠴᠢᠭᠡᠷ᠂ ᠠᠭᠤᠯᠠᠨ ᠪᠡᠯᠴᠢᠭᠡᠷ ᠮᠡᠨᠳᠦᠴᠢᠯᠡᠨ ᠠᠳᠠᠯᠢ ᠦᠭᠡᠢ ᠣᠯᠠᠨ ᠲᠥᠷᠥᠯ ᠦᠨ ᠪᠡᠯᠴᠢᠭᠡᠷᠲᠦ ᠨᠤᠲᠤᠭ ᠢᠶᠠᠨ ᠪᠥᠭᠦᠳᠡ ᠶᠢ ᠶᠡᠷᠥᠩᠬᠡᠶᠢᠯᠡᠨ︽ ᠲᠠᠯ᠎ᠠ ᠨᠤᠲᠤᠭ ︾ᠭᠡᠵᠦ ᠬᠡᠯᠡᠳᠡᠭ ᠪᠣᠯᠬᠣᠷ᠂ ᠡᠳᠦᠭᠡ ᠪᠢ ᠡᠭᠦᠨ ᠢ ᠨᠢ ᠪᠠᠰᠠ ᠪᠠᠭᠴᠠᠯᠠᠵᠣ᠂︽ᠲᠠᠯ᠎ᠠ ᠶᠢᠨ ᠲᠠᠪᠤᠨ ᠡᠷᠳᠡᠨᠢ ︾ ᠭᠡᠵᠦ ᠬᠤᠷᠢᠶᠠᠩᠭᠤᠢᠯᠠᠭᠰᠠᠨ ᠭᠠᠷᠴᠠᠭ ᠢᠶᠠᠷ ᠡᠬᠢᠯᠡᠯᠲᠡ ᠶᠢᠨ ᠬᠡᠳᠦᠨ ᠦᠭᠡ ᠪᠢᠴᠢᠵᠦ᠂ ᠳᠠᠷᠠᠭᠠᠴᠢ ᠪᠠᠷ ᠵᠠᠯᠭᠠᠨ᠂︽ ᠮᠣᠩᠭᠣᠯ ᠬᠣᠨᠢ ︾᠂︽ ᠮᠣᠩᠭᠣᠯ ᠦᠬᠡᠷ ︾᠂︽ ᠮᠣᠩᠭᠣᠯ ᠠᠳᠤᠭᠤ ︾᠂︽ ᠮᠣᠩᠭᠣᠯ ᠲᠡᠮᠡᠭᠡ ︾᠂
︽ ᠮᠣᠩᠭᠣᠯ ᠢᠮᠠᠭ᠎ᠠ ︾ᠭᠡᠵᠦ ᠪᠠᠭ᠎ᠠ ᠰᠡᠳᠦᠪ ᠢᠶᠡᠷ ᠨᠢᠭᠡ ᠨᠢᠭᠡ ᠪᠠᠷ ᠴᠤᠪᠤᠷᠠᠭᠤᠯᠤᠨ ᠲᠣᠪᠴᠢᠬᠠᠨ ᠲᠠᠨᠢᠯᠴᠠᠭᠤᠯᠤᠶ᠎ᠠ᠂ ᠦᠵᠡᠬᠦ ᠮᠡᠷᠭᠡᠳ ᠭᠡᠭᠡᠨ ᠳᠡᠬᠡᠨ ᠲᠣᠯᠢᠳᠠᠨ᠂ ᠲᠣᠯᠢᠮᠠᠭ ᠵᠦᠢᠯᠡᠰ ᠢ ᠨᠢ ᠵᠢᠭᠠᠨ ᠰᠣᠶᠣᠷᠬᠠᠮᠤ᠃