 

ᠮᠣᠩᠭᠣᠯ ᠬᠣᠨᠢ

2026-08-17 20:20
  23
  0
ᠲᠠᠯ᠎ᠠ ᠶᠢᠨ ᠲᠠᠪᠤᠨ ᠡᠷᠳᠡᠨᠢ —    
          ᠮᠣᠩᠭᠣᠯ ᠬᠣᠨᠢ   
                     ᠳᠣᠯᠣᠳ• ᠨᠠᠮᠵᠢᠯ   
   
   ᠮᠣᠩᠭᠣᠯ ᠬᠣᠨᠢ ᠪᠣᠯ᠂ ᠮᠣᠩᠭᠣᠯ ᠤᠨ ᠥᠨᠳᠦᠷᠯᠢᠭ ᠪᠣᠯᠣᠨ ᠲᠡᠭᠦᠨ ᠦ ᠣᠷᠴᠢᠨ ᠳᠠᠬᠢ ᠭᠠᠵᠠᠷ ᠣᠷᠣᠨ ᠳᠤ᠂ ᠤᠷᠲᠤ ᠤᠳᠠᠭᠠᠨ ᠲᠡᠦᠬᠡᠨ ᠬᠤᠭᠤᠴᠠᠭᠠᠨ᠎ᠠ ᠮᠣᠩᠭᠣᠯᠴᠤᠳ ᠤᠨ ᠴᠦᠬᠦᠷᠡᠯᠲᠡ ᠦᠭᠡᠢ ᠨᠢᠮᠪᠠᠢ ᠰᠢᠯᠢᠨ ᠪᠣᠶᠢᠵᠢᠭᠤᠯᠤᠯᠲᠠ ᠪᠠᠷ ᠳᠠᠮᠵᠢᠨ ᠪᠣᠢ ᠪᠣᠯᠣᠭᠰᠠᠨ᠂ ᠲᠤᠬᠠᠢ ᠶᠢᠨ ᠭᠠᠵᠠᠷ ᠤᠨ ᠪᠠᠶᠢᠭᠠᠯᠢ  ᠣᠷᠴᠢᠨ ᠠᠬᠤᠢ ᠳᠤ ᠵᠣᠬᠢᠴᠠᠭᠰᠠᠨ ᠮᠥᠷᠲᠡᠭᠡᠨ ᠬᠦᠮᠦᠰ ᠦᠨ ᠠᠬᠤᠢ ᠠᠮᠢᠳᠤᠷᠠᠯ ᠤᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠵᠣ ᠴᠢᠳᠠᠬᠤᠶᠢᠴᠠ ᠮᠢᠬ᠎ᠠ᠂ ᠨᠣᠣᠰᠣ᠂ ᠰᠦ᠋᠂ ᠠᠷᠠᠰᠣ ᠵᠡᠷᠭᠡ ᠣᠯᠠᠨ ᠵᠦᠢᠯ ᠦᠨ ᠭᠠᠷᠣᠯᠲᠠ ᠶᠢ ᠨᠢᠭᠡᠨ ᠴᠣᠭᠴᠠ ᠪᠡᠶ᠎ᠡ ᠳᠡᠬᠡᠨ ᠤᠶᠠᠯᠳᠤᠭᠤᠯᠤᠭᠰᠠᠨ᠂ ᠪᠡᠶ᠎ᠡ ᠴᠣᠭᠴᠠ ᠴᠢᠭᠢᠷᠠᠭ᠂ ᠤᠳᠤᠮᠰᠢᠯ ᠨᠢ ᠲᠣᠭᠳᠠᠭᠤᠨ᠂ ᠠᠭᠤᠷ ᠠᠮᠢᠰᠬᠤᠯ ᠡᠷᠡᠰ ᠲᠠᠰᠣ ᠬᠤᠪᠢᠷᠠᠯᠲᠠ ᠶᠡᠬᠡᠲᠡᠢ ᠪᠠᠶᠢᠭᠠᠯᠢ ᠶᠢᠨ ᠣᠷᠴᠢᠨ ᠠᠬᠤᠢ ᠳᠤ ᠵᠣᠬᠢᠴᠠᠵᠣ ᠴᠢᠳᠠᠳᠠᠭ᠂ ᠲᠡᠰᠪᠤᠷᠢ ᠳᠠᠭᠠᠭᠠᠴᠠ ᠰᠠᠶᠢᠲᠠᠢ ᠳᠡᠯᠡᠬᠡᠢ ᠳᠦ ᠬᠣᠪᠣᠷᠬᠠᠨ ᠬᠣᠨᠢ ᠶᠤᠮ᠂ ᠵᠢᠯ ᠲᠤᠷᠰᠢᠬᠢ ᠪᠡᠯᠴᠢᠭᠡᠷ ᠦᠨ ᠮᠠᠯᠵᠢᠯᠭ᠎ᠠ  ᠪᠠᠷ ᠡᠪᠦᠯ ᠬᠠᠪᠤᠷ ᠤᠨ ᠵᠤᠳ ᠭᠠᠮᠰᠢᠭ ᠢ ᠠᠵᠢᠭ ᠦᠭᠡᠢ ᠬᠡᠪ ᠦᠨ ᠪᠠᠶᠢᠳᠠᠯ ᠢᠶᠠᠷ ᠲᠤᠭᠤᠯᠤᠨ ᠥᠰᠦᠨ ᠦᠷᠡᠵᠢᠳᠡᠭ᠂ ᠡᠪᠡᠰᠦ ᠪᠡᠯᠴᠢᠭᠡᠷ ᠦᠨ ᠤᠷᠭᠤᠴᠠ ᠶᠢᠨ ᠬᠤᠭᠤᠴᠠᠭᠠᠨ ᠳᠤ ᠬᠠᠷᠢᠭᠤᠯᠭ᠎ᠠ ᠪᠠᠷ ᠲᠠᠷᠭᠤ ᠠᠪᠤᠯᠲᠠ ᠨᠢ ᠮᠠᠰᠢ ᠲᠦᠷᠭᠡᠨ᠂ ᠮᠠᠯᠵᠢᠬᠤ ᠳᠤ ᠳᠦᠭᠦᠮ᠂ ᠮᠠᠯᠵᠢᠯᠭ᠎ᠠ ᠶᠢᠨ ᠪᠡᠯᠡ ᠣᠷᠣᠭᠣᠯᠣᠯᠲᠠ ᠪᠠᠭ᠎ᠠ᠂ ᠬᠠᠷᠢᠴᠠᠩᠭᠣᠢ ᠪᠠᠷ ᠠᠰᠢᠭ ᠣᠯᠵᠠᠪᠤᠷᠢ ᠶᠡᠬᠡᠲᠡᠢ᠂ ᠪᠣᠭᠤᠨᠢ ᠥᠭᠡᠬᠦᠨ ᠰᠡᠭᠦᠯᠲᠦ᠂ ᠪᠦᠳᠦᠭᠦᠨ ᠨᠣᠣᠰᠣᠲᠣ︵ ᠬᠣᠯᠢᠮᠠᠭ ᠨᠣᠣᠰᠣᠲᠣ ︶᠂ ᠡᠷᠲᠡᠨ ᠦ ᠡᠭᠦᠯᠳᠡᠷ ᠦᠨ ᠬᠣᠨᠢ ᠶᠤᠮ᠃   
   ᠮᠣᠩᠭᠣᠯ ᠬᠣᠨᠢᠨ ᠤ ᠲᠠᠷᠬᠠᠴᠠ ᠶᠢᠨ ᠬᠡᠪᠴᠢᠶ᠎ᠡ ᠮᠠᠰᠢ ᠥᠷᠭᠡᠨ ᠳᠡᠯᠭᠡᠷ᠂ ᠲᠣᠭ᠎ᠠ ᠲᠣᠯᠣᠭᠠᠢ ᠲᠤᠩ ᠠᠷᠪᠢᠨ ᠪᠠᠶᠢᠳᠠᠭ᠃ ᠨᠢᠭᠡ ᠮᠢᠩᠭ᠎ᠠ ᠶᠢᠰᠦᠨ ᠵᠠᠭᠤ ᠶᠡᠷᠢᠭᠡᠳ ᠣᠨ ᠤ ᠡᠬᠢᠨ ᠤ ᠦᠶ᠎ᠡ ᠪᠡᠷ ᠮᠠᠨ ᠤ ᠤᠯᠤᠰ ᠲᠤ ᠮᠠᠯᠵᠢᠭᠳᠠᠵᠣ ᠪᠠᠶᠢᠭᠰᠠᠨ 2000 ᠭᠠᠷᠣᠢ ᠲᠦᠮᠡᠨ ᠮᠣᠩᠭᠣᠯ ᠬᠣᠨᠢᠨ ᠠᠴᠠ ᠨᠢᠭᠡ ᠮᠢᠩᠭ᠎ᠠ ᠭᠠᠷᠣᠢ ᠲᠦᠮᠡ ᠶᠢ ᠨᠢ ᠥᠪᠥᠷ ᠮᠣᠩᠭᠣᠯ ᠳᠦ ᠮᠠᠯᠵᠢᠵᠣ ᠪᠠᠶᠢᠭᠰᠠᠨ ᠶᠤᠮ᠃  ᠣᠳᠣᠬᠠᠨ ᠳᠤ᠂ ᠮᠣᠩᠭᠣᠯ ᠬᠣᠨᠢ ᠶᠢ ᠨᠡᠯᠢᠶᠡᠳ ᠲᠥᠪᠯᠡᠷᠡᠩᠭᠦᠢ ᠪᠠᠷ ᠣᠯᠠᠨ ᠲᠣᠭ᠎ᠠ ᠪᠠᠷ ᠮᠠᠯᠵᠢᠵᠣ ᠪᠠᠶᠢᠭ᠎ᠠ ᠭᠠᠵᠠᠷ ᠣᠷᠣᠨ ᠪᠣᠯ  ᠮᠣᠩᠭᠣᠯ ᠤᠯᠤᠰ ᠪᠣᠯᠣᠨ ᠮᠠᠨ ᠤ ᠤᠯᠤᠰ ᠤᠨ ᠥᠪᠥᠷ ᠮᠣᠩᠭᠣᠯ ᠤᠨ ᠥᠪᠡᠷᠳᠡᠭᠡᠨ ᠵᠠᠰᠠᠬᠤ ᠣᠷᠣᠨ ᠪᠣᠯᠣᠨ᠎ᠠ᠂ ᠡᠭᠦᠨᠴᠡ ᠭᠠᠳᠠᠨ᠎ᠠ᠂ ᠣᠷᠣᠰ ᠤᠯᠤᠰ ᠲᠤ ᠪᠠᠰᠠ ᠣᠯᠠᠨ ᠲᠣᠭ᠎ᠠ ᠪᠠᠷ ᠮᠠᠯᠵᠢᠵᠣ ᠪᠠᠶᠢᠨ᠎ᠠ᠂ ᠮᠠᠨ ᠤ ᠤᠯᠤᠰ ᠤᠨ ᠰᠢᠨᠵᠢᠶᠠᠩ᠂ ᠬᠦᠬᠡᠨᠠᠭᠤᠷ᠂ ᠭᠠᠨᠰᠣ᠂ ᠨᠢᠩᠰᠢᠶᠠ᠂ ᠱᠠᠨᠰᠢ᠂ ᠱᠠᠨ ᠰᠢ᠂ ᠾᠸᠪᠸᠢ᠂ ᠾᠧᠨᠠᠨ᠂ ᠠᠨᠾᠦ᠋ᠢ᠂ ᠱᠠᠨᠳᠦ᠋ᠩ᠂ ᠯᠢᠶᠣᠤᠨᠢᠩ᠂ ᠭᠢᠷᠢᠨ᠂ ᠬᠠᠷᠠᠮᠥ᠋ᠷᠡᠨ ᠵᠡᠷᠭᠡ ᠮᠤᠵᠢ ᠣᠷᠣᠨ ᠳᠤ ᠠᠳᠠᠯᠢ ᠪᠤᠰᠤ ᠬᠡᠮᠵᠢᠶ᠎ᠡ ᠪᠡᠷ ᠮᠠᠯᠵᠢᠭᠳᠠᠵᠣ ᠪᠠᠶᠢᠨ᠎ᠠ᠃ ᠰᠣᠯᠣᠩᠭᠣᠰ ᠪᠣᠯᠣᠨ ᠶᠠᠫᠤᠨ ᠤᠯᠤᠰ ᠲᠤ ᠮᠣᠩᠭᠣᠯ ᠬᠣᠨᠢ ᠪᠠᠶᠢᠭᠰᠠᠨ ᠲᠤᠬᠠᠢ ᠮᠡᠳᠡᠭᠡᠯᠡᠯ ᠪᠠᠰᠠ ᠪᠠᠶᠢᠳᠠᠭ᠃   
   ᠮᠣᠩᠭᠣᠯ ᠬᠣᠨᠢᠨ ᠤ ᠪᠡᠶ᠎ᠡ ᠪᠢᠯᠳᠠᠷ᠂ ᠰᠢᠨᠵᠢ ᠪᠠᠶᠢᠳᠠᠯ ᠄ ᠬᠤᠴᠠ ᠣᠯᠠᠩᠬᠢ ᠨᠢ ᠤᠭᠠᠯᠵᠠᠨ ᠡᠪᠡᠷ ᠲᠠᠢ᠂ ᠡᠮ᠎ᠡ ᠬᠣᠨᠢᠨ ᠤ ᠶᠡᠬᠡᠩᠬᠢ ᠨᠢ ᠡᠪᠡᠷ ᠦᠭᠡᠢ᠂ ᠬᠠᠮᠠᠷ ᠨᠢ ᠪᠠᠭ᠎ᠠ ᠵᠡᠷᠭᠡ ᠮᠤᠩᠬᠤᠷ᠂ ᠲᠣᠯᠣᠭᠠᠢ ᠶᠢᠨ ᠶᠡᠬᠡ ᠪᠠᠭ᠎ᠠ ᠨᠢ ᠲᠡᠩᠴᠡᠭᠦᠨ ᠲᠣᠬᠢᠯᠢᠭ᠂ ᠴᠢᠬᠢ ᠨᠢ ᠳᠤᠮᠳᠠ ᠵᠡᠷᠭᠡ᠂ ᠬᠦᠵᠦᠭᠦᠨ ᠦ ᠤᠷᠲᠤ ᠨᠢ ᠲᠣᠬᠢᠷᠠᠮᠵᠢᠲᠠᠢ ᠪᠥᠭᠡᠳ ᠮᠢᠬᠠᠯᠢᠭ᠂ ᠥᠷᠭᠡᠨ ᠲᠡᠨᠢᠭᠦᠨ ᠴᠡᠭᠡᠵᠢ ᠲᠠᠢ᠂ ᠬᠠᠪᠢᠷᠭᠠᠨ ᠮᠠᠲᠠᠭᠠᠰᠣ ᠶᠡᠬᠡ᠂ ᠨᠢᠷᠣᠭᠤ ᠲᠡᠭᠰᠢ᠂ ᠶᠡᠬᠡ ᠪᠡᠶ᠎ᠡ ᠤᠷᠲᠤᠯᠢᠭ᠂ ᠲᠥᠷᠪᠡᠨ ᠬᠥᠯ ᠦᠨ ᠬᠢᠰᠬᠢᠯᠲᠡ ᠲᠥᠪ ᠪᠥᠭᠡᠳ ᠢᠳᠡᠯᠢᠭ᠂ ᠲᠤᠭᠤᠷᠠᠢ ᠨᠢ ᠪᠢᠬᠢᠯᠢᠭ ᠬᠠᠲᠠᠭᠤ᠂ ᠥᠭᠡᠬᠦᠨ ᠰᠡᠭᠦᠯ ᠨᠢ ᠲᠣᠮᠣ ᠪᠣᠯᠪᠠᠴᠣ ᠪᠣᠷᠪᠢ ᠠᠴᠠ ᠪᠠᠨ ᠬᠡᠲᠦᠷᠡᠳᠡᠭ ᠦᠭᠡᠢ᠃ ᠮᠠᠯᠵᠢᠭᠳᠠᠵᠣ ᠪᠠᠶᠢᠭ᠎ᠠ ᠭᠠᠵᠠᠷ ᠤᠨ ᠪᠠᠶᠢᠭᠠᠯᠢ ᠣᠷᠴᠢᠨ ᠲᠣᠭᠣᠷᠢᠨ ᠤ ᠨᠥᠬᠦᠴᠡᠯ ᠰᠢᠯᠲᠠᠭᠠᠨ ᠤ ᠠᠳᠠᠯᠢ ᠪᠤᠰᠤ ᠡᠴᠡ ᠪᠣᠯᠵᠤ ᠡᠯ᠎ᠡ ᠭᠠᠵᠠᠷ ᠲᠠᠬᠢ ᠮᠣᠩᠭᠣᠯ ᠬᠣᠨᠢᠨ ᠤ ᠪᠡᠶ᠎ᠡ ᠶᠢᠨ ᠶᠡᠬᠡ ᠪᠠᠭ᠎ᠠ ᠪᠣᠯᠣᠨ ᠮᠢᠬᠠᠨ ᠭᠠᠷᠴᠠ᠂ ᠨᠣᠣᠰᠣᠨ ᠴᠢᠨᠠᠷ ᠵᠡᠷᠭᠡ ᠵᠠᠷᠢᠮ ᠰᠢᠨᠵᠢ ᠣᠨᠴᠠᠯᠢᠭ ᠨᠢ ᠬᠣᠭᠣᠷᠣᠨᠳᠣ ᠪᠠᠨ ᠨᠡᠯᠢᠶᠡᠳ ᠵᠥᠷᠢᠶ᠎ᠡ ᠲᠠᠢ ᠪᠣᠯᠵᠠᠢ᠃ ᠡᠨᠡ ᠲᠤᠬᠠᠢ ᠮᠠᠨ ᠤ ᠤᠯᠤᠰ ᠤᠨ ᠳᠣᠲᠣᠷᠠᠬᠢ ᠵᠠᠷᠢᠮ ᠣᠷᠣᠨ ᠨᠤᠲᠤᠭ ᠲᠠᠬᠢ ᠮᠣᠩᠭᠣᠯ ᠬᠣᠨᠢ ᠪᠠᠷ ᠵᠢᠱᠢᠶᠡᠯᠡᠬᠦ ᠳᠦ᠂ ᠦᠵᠦᠮᠦᠴᠢᠨ ᠬᠣᠨᠢ᠂ ᠰᠦᠨᠢᠳ ᠬᠣᠨᠢ᠂ ᠪᠠᠷᠭᠤ ᠬᠣᠨᠢ᠂ ᠤᠷᠢᠶᠠᠩᠬᠠᠨ ᠬᠣᠨᠢ᠂ ᠰᠢᠨᠵᠢᠶᠠᠩ ᠤᠨ ᠪᠠᠶᠠᠨᠪᠤᠯᠠᠭ ᠤᠨ ᠬᠠᠷ᠎ᠠ ᠲᠣᠯᠣᠭᠠᠶᠢᠲᠣ ᠬᠣᠨᠢ ᠭᠡᠬᠦ ᠮᠡᠲᠦ ᠣᠯᠠᠨ ᠠᠷᠪᠢᠨ ᠭᠠᠵᠠᠷ ᠣᠷᠣᠨ ᠤ ᠣᠨᠴᠠᠯᠢᠭᠲᠤ ᠰᠢᠯᠢᠳᠡᠭ ᠡᠭᠦᠯᠳᠡᠷ ᠨᠤᠭᠦᠳ ᠪᠣᠢ᠃   
  ᠮᠠᠨ ᠤ ᠤᠯᠤᠰ ᠤᠨ ᠲᠣᠲᠣᠷ᠎ᠠ ᠭᠠᠵᠠᠷ ᠤᠨ ᠮᠤᠵᠢ ᠣᠷᠣᠨ ᠳᠤ ᠪᠠᠶᠢᠬᠤ ᠨᠡᠷᠡᠲᠦ ᠰᠢᠯᠢᠳᠡᠭ ᠡᠭᠦᠯᠳᠡᠷ᠄ ᠰᠡᠩᠰᠡᠨ ᠬᠤᠷᠠᠭᠠᠨ ᠠᠷᠠᠰᠤᠨ ᠬᠡᠷᠡᠭᠴᠡᠭᠡᠲᠦ ᠡᠭᠦᠯᠳᠡᠷ ᠲᠠᠩᠶᠠᠩ ᠬᠣᠨᠢ᠂ ᠪᠠᠭ᠎ᠠ ᠥᠭᠡᠬᠦᠨ ᠰᠡᠭᠦᠯᠲᠦ ᠬᠠᠨᠶᠠᠩ ᠬᠣᠨᠢ ᠪᠣᠯᠣᠨ ᠲᠦᠩᠶᠠᠩ ᠬᠣᠨᠢ᠂ ᠨᠢᠯᠬ᠎ᠠ ᠬᠤᠷᠠᠭᠠᠨ ᠠᠷᠠᠰᠤᠨ ᠬᠡᠷᠡᠭᠴᠡᠭᠡᠲᠦ ᠡᠭᠦᠯᠳᠡᠷ ᠬᠤᠶᠠᠩ ᠬᠣᠨᠢ ᠵᠡᠷᠭᠡ ᠪᠣᠯ ᠪᠦᠷ ᠮᠣᠩᠭᠣᠯ ᠬᠣᠨᠢ ᠠᠴᠠ ᠤᠯᠠᠷᠢᠨ ᠬᠤᠪᠢᠰᠴᠤ ᠡᠭᠦᠰᠦᠭᠰᠡᠨ ᠡᠭᠦᠯᠳᠡᠷ ᠨᠤᠭᠦᠳ ᠪᠣᠯᠣᠨ᠎ᠠ᠃ ᠡᠭᠦᠨᠴᠡ ᠭᠠᠳᠠᠨ᠎ᠠ᠂ ᠮᠠᠨ ᠤ ᠤᠯᠤᠰ ᠤᠨ ᠥᠪᠡᠷᠳᠡᠭᠡᠨ ᠰᠢᠨ᠎ᠡ ᠪᠠᠷ ᠪᠣᠶᠢᠵᠢᠭᠤᠯᠤᠭᠰᠠᠨ ᠡᠭᠦᠯᠳᠡᠷ᠄ ᠰᠢᠨᠵᠢᠶᠠᠩ ᠤᠨ ᠨᠠᠷᠢᠨ ᠨᠣᠣᠰᠣᠲᠣ ᠬᠣᠨᠢ᠂ ᠵᠡᠭᠦᠨ ᠬᠤᠶᠢᠲᠤ ᠶᠢᠨ ᠨᠠᠷᠢᠨ ᠨᠣᠣᠰᠣᠲᠤ ᠬᠣᠨᠢ᠂ ᠥᠪᠥᠷ ᠮᠣᠩᠭᠣᠯ ᠤᠨ ᠨᠠᠷᠢᠨ ᠨᠣᠣᠰᠤᠲᠤ ᠬᠣᠨᠢ᠂ ᠠᠤᠬᠠᠨ ᠤ ᠨᠠᠷᠢᠨ ᠨᠣᠣᠰᠣᠲᠣ ᠬᠣᠨᠢ᠂ ᠣᠷᠳᠣᠰ ᠤᠨ ᠨᠠᠷᠢᠨ ᠨᠣᠣᠰᠣᠲᠣ ᠬᠣᠨᠢ᠂ ᠭᠠᠨᠰᠤ ᠶᠢᠨ ᠨᠠᠷᠢᠨ ᠨᠣᠣᠰᠣᠲᠣ ᠬᠣᠨᠢ ᠵᠡᠷᠭᠡ ᠨᠠᠷᠢᠨ ᠪᠤᠶᠤ ᠨᠠᠷᠢᠪᠲᠣᠷ ᠨᠣᠣᠰᠣᠲᠣ ᠮᠠᠰᠢ ᠠᠷᠪᠢᠨ ᠡᠭᠦᠯᠳᠡᠷ ᠦᠨ ᠬᠣᠨᠢ ᠶᠢ ᠪᠣᠶᠢᠵᠢᠭᠤᠯᠬᠤ ᠳᠤ ᠮᠣᠩᠭᠣᠯ ᠬᠣᠨᠢ ᠶᠢ ᠡᠬᠡ ᠤᠳᠤᠮ ᠢᠶᠠᠷ ᠬᠡᠷᠡᠭᠯᠡᠭᠰᠡᠨ ᠶᠤᠮ᠃   
  ᠮᠣᠩᠭᠣᠯ ᠬᠣᠨᠢᠨ ᠤ ᠵᠢᠰᠦ᠄ ᠮᠣᠩᠭᠣᠯ ᠬᠣᠨᠢᠨ ᠤ ᠶᠡᠬᠡ ᠪᠡᠶ᠎ᠡ ᠶᠢᠨ ᠵᠢᠰᠦ ᠨᠢ ᠴᠠᠭᠠᠨ ᠪᠣᠯᠪᠠᠴᠣ᠂ ᠣᠯᠠᠩᠬᠢ ᠨᠢ ᠬᠠᠷ᠎ᠠ ᠲᠦᠷᠥᠭᠦᠦ ᠪᠤᠶᠤ ᠬᠦᠷᠡᠩ ᠲᠦᠷᠥᠭᠦᠦ᠂ ᠬᠠᠷ᠎ᠠ ᠨᠢᠳᠦᠨ᠂ ᠪᠣᠷᠣ ᠨᠢᠳᠦᠨ ᠵᠡᠷᠭᠡ ᠲᠣᠯᠣᠭᠠᠢ ᠶᠢᠨ ᠬᠡᠰᠡᠭ ᠦᠨ ᠦᠰᠦᠨ ᠦ ᠥᠩᠭᠡ ᠨᠢ ᠠᠳᠠᠯᠢ ᠦᠭᠡᠢ ᠥᠭᠡᠷ᠎ᠡ ᠵᠢᠰᠦᠮ ᠲᠠᠢ ᠪᠥᠭᠡᠳ ᠵᠠᠷᠢᠮ ᠨᠢ ᠪᠠᠰᠠ ᠰᠢᠭᠢᠷ᠎ᠠ ᠠᠯᠠᠭ ᠪᠠᠶᠢᠳᠠᠭ᠂ ᠶᠡᠬᠡᠩᠬᠢ ᠭᠠᠵᠠᠷ ᠤᠨ ᠬᠢ ᠳᠠᠩ ᠴᠠᠭᠠᠨ ᠵᠢᠰᠦᠮ ᠦᠨ ᠬᠣᠨᠢ ᠨᠢ ᠶᠡᠬᠡ ᠲᠥᠯᠥᠪ 20% ᠣᠷᠴᠢᠮ ᠡᠴᠡ ᠬᠡᠲᠦᠷᠡᠬᠦ ᠦᠭᠡᠢ ᠰᠢᠭ ᠪᠠᠶᠢᠳᠠᠭ᠂ ᠪᠠᠰᠠ ᠴᠥᠭᠡᠪᠦᠷᠢ ᠲᠣᠭᠠᠨ ᠤ ᠬᠣᠨᠢᠳ ᠨᠢ ᠥᠭᠡᠷ᠎ᠡ ᠪᠤᠰᠤᠳ ᠵᠢᠰᠦᠮ ᠲᠠᠢ ᠪᠣᠢ᠃   
  ᠮᠣᠩᠭᠣᠯ ᠬᠣᠨᠢᠨ ᠤ ᠪᠡᠶ᠎ᠡ ᠶᠢᠨ ᠬᠡᠮᠵᠢᠯᠲᠡ ᠶᠢᠨ ᠳᠤᠮᠳᠠᠴᠢᠯᠠᠭᠰᠠᠨ ᠬᠡᠮᠵᠢᠭᠳᠡᠯ    
  ᠪᠦᠳᠦᠭᠦᠨ ᠬᠤᠴᠠ᠄ ᠴᠡᠭᠡᠵᠢᠨ ᠬᠡᠰᠡᠭ ᠦᠨ ᠥᠨᠳᠦᠷ 70.1 ᠰᠡᠨᠲ᠋ᠢᠮᠧᠲ᠋ᠷ᠂ ᠪᠡᠶ᠎ᠡ ᠶᠢᠨ ᠲᠠᠰᠢᠭᠤ ᠤᠷᠲᠤ 74.8 ᠰᠡᠨᠲ᠋ᠢᠮᠧᠲ᠋ᠷ ᠂ ᠴᠡᠭᠡᠵᠢᠨ ᠪᠦᠰᠡᠯᠡᠭᠦᠷ 101.2 ᠰᠡᠨᠲ᠋ᠢᠮᠧᠲ᠋ᠷ᠂ ᠠᠮᠢᠳᠤ ᠶᠢᠨ ᠵᠢᠩ 75.4 ᠺᠢᠯᠤᠭ᠍ᠷᠠᠮ︔    
  ᠪᠦᠳᠦᠭᠦᠨ ᠡᠮ᠎ᠡ ᠬᠣᠨᠢ ᠄ ᠴᠡᠭᠡᠵᠢᠨ ᠬᠡᠰᠡᠭ ᠦᠨ ᠥᠨᠳᠦᠷ 65.6 ᠰᠡᠨᠲ᠋ᠢᠮᠧᠲ᠋ᠷ᠂ ᠪᠡᠶ᠎ᠡ ᠶᠢᠨ ᠲᠠᠰᠢᠭᠤ ᠤᠷᠲᠤ 69.9 ᠰᠡᠨᠲ᠋ᠢᠮᠧᠲ᠋ᠷ᠂  ᠴᠡᠭᠡᠵᠢᠨ ᠪᠦᠰᠡᠯᠡᠭᠦᠷ 89.4 ᠰᠡᠨᠲ᠋ᠢᠮᠧᠲ᠋ᠷ᠂ ᠠᠮᠢᠳᠤ ᠶᠢᠨ ᠵᠢᠩ 63.1 ᠺᠢᠯᠤᠭ᠍ᠷᠠᠮ︔    
  ᠲᠥᠯᠥᠭᠡᠨ ᠬᠤᠴᠠ ︵ᠰᠢᠳᠦᠯᠡᠩ ᠬᠤᠴᠠ︶ ᠄ ᠴᠡᠭᠡᠵᠢᠨ ᠬᠡᠰᠡᠭ ᠦᠨ ᠥᠨᠳᠦᠷ 65.2 ᠰᠡᠨᠲ᠋ᠢᠮᠧᠲ᠋ᠷ᠂ ᠪᠡᠶ᠎ᠡ ᠶᠢᠨ ᠲᠠᠰᠢᠭᠤ ᠤᠷᠲᠤ 68.3 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 91.1 ᠰᠡᠨᠲ᠋ᠢᠮᠧᠲ᠋ᠷ᠂ ᠠᠮᠢᠳᠤ ᠶᠢᠨ ᠵᠢᠩ 54.7 ᠺᠢᠯᠤᠭ᠍ᠷᠠᠮ︔   
  ᠥᠬᠢᠨ ᠲᠥᠯᠥᠭᠡ ︵ᠰᠢᠳᠦᠯᠡᠩ ᠡᠮ᠎ᠡ ᠬᠣᠨᠢ︶᠄ ᠴᠡᠭᠡᠵᠢᠨ ᠬᠡᠰᠡᠭ ᠦᠨ ᠥᠨᠳᠦᠷ 61.5 ᠰᠡᠨᠲ᠋ᠢᠮᠧᠲ᠋ᠷ᠂ ᠪᠡᠶ᠎ᠡ ᠶᠢᠨ ᠲᠠᠰᠢᠭᠤ ᠤᠷᠲᠤ 64.8 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 85.2 ᠰᠡᠨᠲ᠋ᠢᠮᠧᠲ᠋ᠷ᠂ ᠠᠮᠢᠳᠤ ᠶᠢᠨ ᠵᠢᠩ 46.7 ᠺᠢᠯᠤᠭ᠍ᠷᠠᠮ︔   
  ᠰᠠᠶ᠋ᠢ ᠭᠠᠷᠣᠭᠰᠠᠨ ᠨᠢᠯᠬ᠎ᠠ ᠡᠷ᠎ᠡ ᠬᠤᠷᠠᠭᠠᠨ ᠤ ᠠᠮᠢᠳᠤ ᠶᠢᠨ ᠵᠢᠩ᠄ 3.66 ᠺᠢᠯᠤᠭ᠍ᠷᠠᠮ︔ ᠨᠢᠯᠬ᠎ᠠ ᠥᠬᠢᠨ ᠬᠤᠷᠠᠭᠠᠨ ᠤ ᠠᠮᠢᠳᠤ ᠶᠢᠨ ᠵᠢᠩ᠄ 3.31  ᠺᠢᠯᠤᠭ᠍ᠷᠠᠮ ᠃   
   ᠮᠣᠩᠭᠣᠯ ᠬᠣᠨᠢᠨ ᠤ ᠨᠣᠣᠰᠣᠨ ᠭᠠᠷᠴᠠ ᠶᠢᠨ ᠬᠡᠮᠵᠢᠶ᠎ᠡ ᠪᠣᠯᠣᠨ ᠨᠣᠣᠰᠣᠨ ᠤ ᠪᠥᠷᠢᠯᠳᠦᠭᠦᠨ  ᠢ ᠢᠯᠡᠳᠭᠡᠭᠰᠡᠨ ᠬᠡᠮᠵᠢᠭᠳᠡᠯ   
   ᠨᠣᠣᠰᠣᠨ ᠭᠠᠷᠴᠠ ᠶᠢᠨ ᠬᠡᠮᠵᠢᠶ᠎ᠡ ᠄ ᠪᠦᠳᠦᠭᠦᠨ ᠬᠤᠴᠠ᠄ 1.5︱2.2 ᠺᠢᠯᠤᠭ᠍ᠷᠠᠮ︔ ᠪᠦᠳᠦᠭᠦᠨ ᠡᠮ᠎ᠡ ᠬᠣᠨᠢ ᠄ 1︱1.8  ᠺᠢᠯᠤᠭ᠍ᠷᠠᠮ᠃     
   ᠨᠣᠣᠰᠣᠨ ᠤ ᠪᠥᠷᠢᠯᠳᠦᠭᠦᠨ ︵ᠳᠤᠮᠳᠠᠴᠢ ᠬᠡᠮᠵᠢᠭᠳᠡᠯ︶ ᠄ ᠪᠡᠶ᠎ᠡ ᠨᠣᠣᠰᠣᠨ ᠤ ᠪᠥᠷᠢᠯᠳᠦᠭᠦᠨ ᠢ ᠲᠥᠷᠥᠯ ᠵᠦᠢᠯ ᠠᠩᠭᠢᠯᠠᠪᠠᠯ᠂ ᠪᠦᠳᠦᠭᠦᠨ ᠨᠣᠣᠰᠣ ︵ᠭᠣᠣᠯ ᠲᠠᠢ ᠨᠣᠣᠰᠣ᠂ ᠰᠣᠷ ᠭᠡᠵᠦ ᠪᠠᠰᠠ ᠬᠡᠯᠡᠳᠡᠭ︶ 3.79 %᠂ ᠰᠣᠶᠢᠷ ᠦᠰᠦ ︵ᠢᠮᠠᠭᠠᠨ ᠦᠰᠦ︶ 15.23 %᠂ ᠪᠡᠰᠡᠷᠡᠭ ᠨᠣᠣᠰᠣ ︵ᠨᠣᠣᠰᠣᠨ ᠤ ᠭᠣᠣᠯ ᠨᠢ ᠲᠠᠰᠣᠯᠳᠠᠭᠰᠠᠨ ᠪᠤᠶᠤ ᠳᠤᠰᠤᠯ ᠮᠠᠶ᠋ᠢᠭ ᠲᠠᠢ᠂ ᠨᠠᠷᠢᠨ ᠤ ᠬᠡᠮᠵᠢᠶ᠎ᠡ ᠨᠢ ᠪᠦᠳᠦᠭᠦᠨ ᠨᠣᠣᠰᠣ ᠪᠣᠯᠣᠨ ᠨᠣᠯᠤᠤᠷ  ᠤᠨ ᠬᠣᠭᠣᠷᠣᠨᠳᠣ ᠶᠢᠨ ᠬᠡᠯᠪᠡᠷᠢᠲᠦ ᠨᠣᠣᠰᠣ︶ 4.76 %᠂ ᠨᠣᠯᠤᠤᠷ ︵ ᠭᠣᠣᠯ ᠦᠭᠡᠢ ᠨᠣᠣᠰᠣ᠂ ᠶᠡᠷᠦ ᠶᠢᠨ ᠬᠡᠯᠡᠯᠭᠡ ᠪᠡᠷ ᠪᠣᠯ ᠨᠠᠷᠢᠨ ᠨᠣᠣᠰᠣ ᠭᠡᠵᠦ ᠬᠡᠯᠡᠳᠡᠭ︶ 76.22 % ᠃ 
  ᠮᠣᠩᠭᠣᠯ ᠬᠣᠨᠢᠨ ᠤ ᠨᠣᠣᠰᠣᠨ ᠪᠥᠷᠢᠯᠳᠦᠭᠦᠨ ᠤ ᠪᠠᠶᠢᠳᠠᠯ ᠨᠢ ᠶᠡᠬᠡ ᠲᠥᠯᠥᠪ ᠲᠡᠬᠡᠨ ᠳᠡᠭᠡᠷ᠎ᠡ ᠢᠯᠡᠳᠭᠡᠭᠰᠡᠨ ᠵᠠᠷᠢᠮ ᠬᠡᠮᠵᠢᠯᠲᠡ ᠶᠢᠨ ᠮᠠᠲ᠋ᠧᠷᠢᠶᠠᠯ ᠮᠡᠲᠦ ᠪᠣᠯᠪᠠᠴᠣ᠂ ᠡᠯ᠎ᠡ ᠭᠠᠵᠠᠷ  ᠲᠠᠬᠢ ᠬᠣᠨᠢᠨ ᠨᠣᠣᠰᠣᠨ ᠪᠥᠷᠢᠯᠳᠦᠭᠦᠨ ᠨᠢ ᠬᠣᠭᠣᠷᠣᠨᠳᠣ ᠪᠠᠨ ᠮᠠᠰᠢ ᠶᠡᠬᠡ ᠵᠥᠷᠢᠶ᠎ᠡ ᠲᠠᠢ᠃ ᠵᠠᠷᠢᠮ ᠭᠠᠵᠠᠷ ᠤᠨ ᠮᠣᠩᠭᠣᠯ ᠬᠣᠨᠢᠨ ᠳᠤ ᠰᠣᠶᠢᠷ ᠦᠰᠦ ︵ ᠢᠮᠠᠭᠠᠨ ᠦᠰᠦ︶ ᠪᠠᠶᠢᠳᠠᠭ ᠦᠭᠡᠢ ᠪᠣᠯᠬᠣᠷ ᠬᠢᠪᠢᠰ ᠨᠡᠬᠡᠮᠡᠯ ᠦᠨ ᠳᠡᠭᠡᠳᠦ ᠲᠡᠰ ᠦᠨ ᠣᠬᠢ ᠰᠠᠶᠢᠨ ᠲᠦᠭᠦᠬᠡᠢ ᠮᠠᠲ᠋ᠧᠷᠢᠶᠠᠯ  ᠢᠶᠡᠷ ᠬᠡᠷᠡᠭᠯᠡᠭᠳᠡᠳᠡᠭ᠃   
   ᠨᠣᠣᠰᠣᠨ ᠤ ᠨᠠᠷᠢᠨ ᠤ ᠬᠡᠮᠵᠢᠶ᠎ᠡ ︵ᠳᠤᠮᠳᠠᠴᠢ ᠬᠡᠮᠵᠢᠭᠳᠡᠯ︶ ᠄ ᠪᠦᠳᠦᠭᠦᠨ ᠨᠣᠣᠰᠣ ︵ᠭᠣᠣᠯ ᠲᠠᠢ ᠨᠣᠣᠰᠣ︶ 54.04 ᠮᠢᠺᠷᠤᠨ ᠂ ᠰᠣᠶᠢᠷ ᠦᠰᠦ ︵ᠢᠮᠠᠭᠠᠨ ᠦᠰᠦ︶ 109.46 ᠮᠢᠺᠷᠤᠨ ᠂ ᠪᠡᠰᠡᠷᠡᠭ ᠨᠣᠣᠰᠣ ︵ᠪᠦᠳᠦᠭᠦᠨ ᠨᠣᠣᠰᠣ ᠪᠣᠯᠣᠨ ᠨᠣᠯᠤᠤᠷ  ᠤᠨ ᠬᠣᠭᠣᠷᠣᠨᠳᠣ ᠶᠢᠨ ᠬᠡᠯᠪᠡᠷᠢᠲᠦ ᠨᠣᠣᠰᠣ︶ 37.93 ᠮᠢᠺᠷᠤᠨ ᠂ ᠨᠣᠯᠤᠤᠷ ︵ ᠭᠣᠣᠯ ᠦᠭᠡᠢ ᠨᠣᠣᠰᠣ︶ 20.22 ᠮᠢᠺᠷᠤᠨ ᠃    
   ᠨᠣᠣᠰᠣᠨ ᠤ ᠨᠢᠭ᠋ ᠦᠨ ᠬᠡᠮᠵᠢᠶ᠎ᠡ᠄ ᠳᠠᠯᠤᠨ ᠤ ᠠᠷᠤ᠂ ᠴᠡᠭᠡᠵᠢᠨ ᠳᠤᠮᠳᠠ ᠬᠡᠰᠡᠭ ᠦᠨ ᠨᠣᠣᠰᠣᠨ ᠤ ᠨᠢᠭ᠋ ᠨᠢ᠂ ᠨᠢᠭᠡ ᠲᠡᠭᠰᠢ ᠳᠥᠷᠪᠡᠯᠵᠢᠨ ᠰᠡᠨᠲ᠋ᠢᠮᠧᠲ᠋ᠷ ᠲᠠᠯᠠᠪᠠᠢ ᠳᠤ᠂ 1500︱3400 ᠰᠢᠷᠬᠡᠭ ᠨᠣᠣᠰᠣ ᠪᠣᠢ᠃   
   ᠨᠣᠣᠰᠣᠨ ᠤ ᠲᠡᠨᠢᠢᠯᠭᠡᠭᠰᠡᠨ ᠤᠷᠲᠤ ᠶᠢᠨ ᠬᠡᠮᠵᠢᠶ᠎ᠡ ︵ᠳᠤᠮᠳᠠᠴᠢ ᠬᠡᠮᠵᠢᠭᠳᠡᠯ︶ ᠄ ᠪᠦᠳᠦᠭᠦᠨ ᠨᠣᠣᠰᠣ ︵ᠭᠣᠣᠯ ᠲᠠᠢ ᠨᠣᠣᠰᠣ︶ 9.8 ᠰᠡᠨᠲ᠋ᠢᠮᠧᠲ᠋ᠷ ᠂ ᠰᠣᠶᠢᠷ ᠦᠰᠦ ︵ ᠢᠮᠠᠭᠠᠨ ᠦᠰᠦ︶ 8.4 ᠰᠡᠨᠲ᠋ᠢᠮᠧᠲ᠋ᠷ᠂ ᠪᠡᠰᠡᠷᠡᠭ ᠨᠣᠣᠰᠣ ︵ᠪᠦᠳᠦᠭᠦᠨ ᠨᠣᠣᠰᠣ ᠪᠣᠯᠣᠨ ᠨᠣᠯᠤᠤᠷ  ᠤᠨ ᠬᠣᠭᠣᠷᠣᠨᠳᠣ ᠶᠢᠨ ᠬᠡᠯᠪᠡᠷᠢᠲᠦ ᠨᠣᠣᠰᠣ︶ 10.4 ᠰᠡᠨᠲ᠋ᠢᠮᠧᠲ᠋ᠷ ᠂ ᠨᠣᠯᠣᠣᠷ ︵ ᠭᠣᠣᠯ ᠦᠭᠡᠢ ᠨᠣᠣᠰᠣ︶ 8.5 ᠰᠡᠨᠲ᠋ᠢᠮᠧᠲ᠋ᠷ ᠃    
   ᠮᠣᠩᠭᠣᠯ ᠬᠣᠨᠢᠨ ᠮᠢᠬᠠᠨ ᠤ ᠰᠢᠮ᠎ᠡ ᠲᠡᠵᠡᠭᠡᠯ ᠤᠨ ᠪᠥᠷᠢᠯᠳᠦᠭᠦᠨ ᠨᠢ ᠲᠡᠭᠦᠯᠳᠡᠷ᠂ ᠠᠮᠲᠠ ᠨᠢ ᠰᠠᠶᠢᠬᠠᠨ᠃ ᠮᠢᠬᠠᠨ ᠰᠢᠷᠬᠡᠭ ᠨᠢ ᠨᠠᠷᠢᠯᠢᠭ ᠵᠥᠭᠡᠯᠡᠨ᠂ ᠬᠠᠷ᠎ᠠ ᠮᠢᠬ᠎ᠠ ᠪᠣᠯᠣᠨ ᠥᠭᠡᠬᠦᠨ ᠦ ᠬᠠᠷᠢᠴᠠᠯ ᠨᠢ ᠲᠡᠩᠴᠡᠭᠦᠨ ᠳᠣᠬᠢᠷᠠᠮᠵᠢᠲᠠᠢ᠂ ᠰᠥᠰᠦᠨ ᠦ ᠴᠢᠯᠠᠭᠤᠯᠢᠭ ᠠᠯᠺᠤᠯ ᠤᠨ ᠠᠭᠤᠯᠠᠭᠳᠠᠴᠠ ᠪᠠᠭ᠎ᠠ︵100 ᠭᠷᠠᠮ ᠥᠭᠡᠬᠦᠨ ᠳᠦ᠂ ᠦᠬᠡᠷ ᠦᠨ ᠬᠢ 75 ᠮᠢᠯᠯᠢᠭ᠍ᠷᠠᠮ᠂ ᠭᠠᠬᠠᠢ ᠶᠢᠨ ᠬᠢ 74.5︱126 ᠮᠢᠯᠯᠢᠭ᠍ᠷᠠᠮ᠂ ᠬᠣᠨᠢᠨ ᠤ ᠬᠢ 29 ᠮᠢᠯᠯᠢᠭ᠍ᠷᠠᠮ ︶᠂ ᠮᠢᠬ᠎ᠠ ᠭᠠᠷᠴᠠ ᠶᠢᠨ ᠨᠣᠷᠮ᠎ᠠ ᠨᠢ ᠥᠨᠳᠦᠷ᠂ ᠮᠢᠬᠠᠨ ᠭᠠᠷᠤᠯᠲᠠ᠄ ᠨᠢᠲᠤᠯᠭ᠎ᠠ ᠶᠢᠨ ᠭᠠᠷᠴᠠ ᠨᠢ 50 % ᠣᠷᠴᠢᠮ᠂ ᠣᠨᠴᠠᠭᠠᠢ ᠵᠠᠷᠢᠮ ᠨᠢ 60 % ᠬᠦᠷᠬᠦ ᠴᠦ ᠪᠣᠢ᠃   
   ᠮᠣᠩᠭᠣᠯ ᠬᠣᠨᠢᠨ ᠤ ᠰᠦ᠋ ᠰᠢᠮ᠎ᠡ ᠲᠡᠵᠡᠭᠡᠯ ᠰᠠᠶᠢᠲᠠᠢ᠂ ᠨᠡᠯᠢᠶᠡᠳ ᠥᠳᠬᠡᠨ᠂ ᠳᠠᠷᠣᠢ ᠬᠠᠭᠤᠷᠠᠢ ᠪᠣᠳᠠᠰ ᠤᠨ ᠠᠭᠤᠯᠠᠭᠳᠠᠴᠠ ᠨᠢ ᠶᠡᠬᠡ᠂ ᠤᠭᠤᠷᠠᠭ ᠪᠣᠯᠣᠨ ᠲᠣᠰᠤᠯᠢᠭ ᠤᠨ ᠠᠭᠤᠯᠠᠭᠳᠠᠴᠠ ᠨᠢ ᠪᠤᠰᠤᠳ ᠬᠡᠳᠦᠨ ᠲᠥᠷᠥᠯ ᠦᠨ ᠮᠠᠯ ᠤᠨ ᠰᠦ᠋ ᠡᠴᠡ ᠦᠨᠳᠦᠷ︵ᠬᠠᠭᠤᠷᠠᠢ ᠪᠣᠳᠠᠰ᠂ ᠦᠨᠢᠶᠡᠨ ᠰᠦᠨ ᠦ ᠬᠢ 12 % ᠣᠷᠴᠢᠮ᠂ ᠬᠣᠨᠢᠨ ᠤ ᠬᠢ 19 % ᠣᠷᠴᠢᠮ᠃ ᠤᠭᠤᠷᠠᠭ᠂ ᠦᠨᠢᠶᠡᠨ ᠰᠦᠨ ᠦ ᠬᠢ 3 % ᠣᠷᠴᠢᠮ᠂ ᠬᠣᠨᠢᠨ ᠤ ᠬᠢ 6 % ᠢᠯᠡᠭᠦᠦ︶ ᠪᠠᠶᠢᠳᠠᠭ᠃ ᠮᠣᠩᠭᠣᠯ ᠬᠣᠨᠢᠨ ᠰᠦ᠋ ᠪᠡᠷ ᠬᠢᠭᠰᠡᠨ ᠡᠯᠳᠡᠪ ᠲᠥᠷᠥᠯ ᠦᠨ ᠴᠠᠭᠠᠨ ᠢᠳᠡᠭᠡ ᠲᠤᠶᠢᠯ ᠤᠨ ᠰᠠᠶᠢᠬᠠᠨ ᠠᠮᠲᠠᠲᠠᠢ ᠶᠤᠮ᠃   
   ᠮᠣᠩᠭᠣᠯ ᠬᠣᠨᠢᠨ ᠤ ᠠᠷᠠᠰᠤ ᠬᠥᠷᠥᠰᠦ ᠰᠠᠶᠢᠲᠠᠢ ᠪᠦᠬᠡᠯᠢᠭ ᠪᠣᠯᠬᠣᠷ᠂ ᠣᠯᠠᠨ ᠵᠦᠢᠯ ᠲᠥᠷᠥᠯ ᠦᠨ ᠠᠷᠠᠰᠤᠨ ᠬᠤᠪᠴᠠᠰᠤ ᠵᠡᠷᠭᠡ ᠡᠳ᠋ᠯᠡᠯ ᠬᠢᠬᠦ ᠳᠦ ᠣᠬᠢ ᠰᠠᠶᠢᠨ ᠲᠦᠭᠦᠬᠡᠢ ᠮᠠᠲᠸᠷᠢᠶᠠᠯ ᠪᠣᠯᠳᠠᠭ᠃  

   ᠢᠬᠡᠷᠡᠯᠡᠬᠦ ᠨᠣᠷᠮ᠎ᠠ ᠨᠢ ᠶᠡᠷᠦ ᠶᠢᠨ ᠪᠠᠶᠢᠳᠠᠯ ᠳᠤ᠂ 5 % ᠠᠴᠠ ᠬᠡᠲᠦᠷᠡᠬᠦ ᠦᠭᠡᠢ ᠪᠠᠶᠢᠳᠠᠭ ᠪᠣᠯᠪᠠᠴᠤ᠂ ᠡᠪᠡᠰᠦ ᠪᠡᠯᠴᠢᠭᠡᠷ ᠤᠨ ᠨᠥᠬᠥᠴᠡᠯ ᠣᠨᠴᠠ ᠰᠠᠶᠢᠨ ᠪᠤᠶᠤ ᠲᠠᠷᠭᠤ ᠬᠦᠴᠦ ᠶᠡᠬᠡ ᠰᠠᠶᠢᠨ ᠪᠠᠶᠢᠳᠠᠯ ᠳᠣᠣᠷ᠎ᠠ᠂ ᠢᠬᠡᠷᠡᠯᠡᠬᠦ ᠨᠣᠷᠮ᠎ᠠ ᠨᠢ ᠶᠡᠬᠡᠪᠡᠷ ᠳᠡᠭᠡᠭᠰᠢᠯᠡᠳᠡᠭ᠃   
  ᠮᠣᠩᠭᠣᠯ ᠬᠣᠨᠢᠨ  ᠤ ᠢᠯᠡᠭᠦᠦ ᠨᠢᠭᠡ ᠦᠶ᠎ᠡ ᠰᠡᠭᠡᠷ︵ᠰᠡᠭᠡᠷ ᠶᠠᠰᠤ ᠨᠢ ᠢᠯᠡᠭᠦᠦ ᠨᠢᠭᠡ ᠦᠶ᠎ᠡ᠂ ᠬᠠᠪᠢᠷᠭ᠎ᠠ ᠨᠢ ᠢᠯᠡᠭᠦᠦ ᠨᠢᠭᠡᠨ ᠬᠣᠣᠰ ︶ᠪᠤᠶᠤ ᠢᠯᠡᠭᠦᠦ ᠨᠢᠭᠡ ᠦᠶ᠎ᠡ ᠨᠢᠷᠣᠭᠣ ᠶᠠᠰᠤ ᠲᠠᠢ ᠪᠠᠶᠢᠬᠤ ᠤᠳᠤᠮᠰᠢᠯ ᠤᠨ ᠰᠢᠨᠵᠢ ᠣᠨᠴᠠᠯᠢᠭ ᠨᠢ ᠮᠣᠩᠭᠣᠯ ᠤᠳᠤᠮ ᠤᠨ ᠬᠣᠨᠢ ᠠᠴᠠ ᠪᠤᠰᠤᠳ ᠲᠥᠷᠥᠯ ᠦᠨ ᠬᠣᠨᠢᠨ ᠤ ᠡᠭᠦᠯᠳᠡᠷ ᠲᠦ ᠦᠯᠦ ᠪᠠᠶᠢᠬᠤ ᠣᠨᠴᠠᠭᠠᠢ ᠨᠢᠭᠡᠨ ᠥᠪᠡᠷᠮᠢᠴᠡ ᠰᠢᠨᠵᠢ ᠣᠨᠴᠠᠯᠢᠭ ᠶᠤᠮ᠂ ᠲᠡᠭᠦᠨ ᠦ ᠡᠨᠡ ᠬᠦ ᠥᠪᠡᠷᠮᠢᠴᠡ ᠰᠢᠨᠵᠢ ᠣᠨᠴᠠᠯᠢᠭ ᠤᠨ ᠤᠳᠤᠮᠰᠢᠯ ᠨᠢ ᠮᠠᠰᠢ ᠴᠢᠩᠭ᠎ᠠ ᠪᠠᠶᠢᠳᠠᠭ ᠃ 1982 ᠣᠨ  ᠳᠦ᠂ ᠵᠠᠩ ᠱᠢ ᠴᠣᠸᠠᠨ᠂ ᠮᠦᠩᠬᠡ᠂ ᠮᠠᠨᠠᠨ᠎ᠠ᠂ ᠨᠠᠮᠵᠢᠯ ᠨᠠᠷ ᠤᠨ ᠵᠡᠭᠦᠨ ᠦᠵᠦᠮᠦᠴᠢᠨ ᠪᠠ ᠪᠠᠷᠠᠭᠤᠨ ᠦᠵᠦᠮᠦᠴᠢᠨ ᠬᠤᠰᠢᠭᠤᠨ ᠳᠤ ᠬᠢᠭᠰᠡᠨ ᠦᠵᠦᠮᠦᠴᠢᠨ ᠬᠣᠨᠢᠨ ᠤ ᠰᠤᠳᠤᠯᠤᠯᠲᠠ ᠳᠤ᠂ ᠰᠡᠭᠡᠷ ᠶᠠᠰᠣ ᠨᠢ 14 ᠦᠶ᠎ᠡ᠂ 14 ᠬᠣᠣᠰ ᠬᠠᠪᠢᠷᠭ᠎ᠠ ᠲᠠᠢ ᠬᠣᠨᠢ 20 % ᠣᠷᠴᠢᠮ ᠢ ᠡᠵᠡᠯᠡᠵᠦ ᠂ 7 ᠦᠶ᠎ᠡ ᠨᠢᠷᠣᠭᠤᠨ ᠶᠠᠰᠣ ᠲᠠᠢ ᠬᠣᠨᠢ 40 % ᠣᠷᠴᠢᠮ ᠢ ᠡᠵᠡᠯᠡᠵᠦ ᠪᠠᠶᠢᠪᠠ︵ ᠶᠡᠷᠦ ᠶᠢᠨ ᠬᠣᠨᠢ ᠪᠣᠯ᠂ ᠰᠡᠭᠡᠷ ᠶᠠᠰᠤ ᠨᠢ 13 ᠦᠶ᠎ᠡ᠂ 13 ᠬᠣᠣᠰ ᠬᠠᠪᠢᠷᠭ᠎ᠠ ᠲᠠᠢ᠂ ᠨᠢᠷᠣᠭᠣ ᠶᠠᠰᠤ 6 ᠦᠶ᠎ᠡ ᠲᠠᠢ ᠪᠠᠶᠢᠳᠠᠭ︶᠃ 1991 ᠣᠨ ᠳᠤ᠂ ᠮᠦᠩᠬᠡ᠂ ᠨᠠᠮᠵᠢᠯ ᠨᠠᠷ ᠠᠪᠠᠭ᠎ᠠ ᠬᠤᠰᠢᠭᠤᠨ ᠤ ᠤᠷᠢᠶᠠᠩᠬᠠᠨ ᠬᠣᠨᠢᠨ ᠳᠤ ᠬᠢᠭᠰᠡᠨ ᠰᠤᠳᠤᠯᠤᠯᠲᠠ ᠳᠤ᠂ ᠰᠡᠭᠡᠷ ᠶᠠᠰᠣ ᠨᠢ 14 ᠦᠶ᠎ᠡ᠂ 14 ᠬᠣᠣᠰ ᠬᠠᠪᠢᠷᠭ᠎ᠠ ᠲᠠᠢ ᠬᠣᠨᠢ 18.8 % ᠶᠢ ᠡᠵᠡᠯᠡᠵᠦ ᠪᠠᠶᠢᠪᠠ᠃ ᠡᠨᠡ ᠲᠤᠬᠠᠢ ᠪᠤᠰᠤᠳ ᠭᠠᠵᠠᠷ ᠬᠢᠭᠰᠡᠨ ᠪᠠᠭ᠎ᠠ ᠬᠡᠪᠴᠢᠶᠡᠨ ᠦ ᠬᠡᠮᠵᠢᠯᠲᠡ ᠶᠢᠨ ᠪᠠᠶᠢᠳᠠᠯ ᠠᠴᠠ ᠢᠯᠡᠳᠭᠡᠪᠡᠯ᠂ 1998 ᠣᠨ ᠳᠤ᠂ ᠵᠡᠭᠦᠨ ᠰᠥᠨᠢᠳ ᠤᠨ ᠨᠢᠭᠡᠨ ᠰᠦᠷᠦᠭ ᠬᠣᠨᠢᠨ ᠳᠤ ᠬᠡᠮᠵᠢᠯᠲᠡ ᠬᠢᠬᠦ ᠳᠦ᠂ ᠢᠯᠡᠭᠦᠦ ᠨᠢᠭᠡ ᠦᠶ᠎ᠡ ᠰᠡᠭᠡᠷ ᠶᠠᠰᠤ᠂ ᠢᠯᠡᠭᠦᠦ ᠨᠢᠭᠡᠨ ᠬᠣᠣᠰ ᠬᠠᠪᠢᠷᠭ᠎ᠠ ᠲᠠᠢ ᠨᠢ 15 % ᠣᠷᠴᠢᠮ ᠪᠠᠶᠢᠪᠠ᠂ 1986 ᠣᠨ ᠤ ᠬᠠᠪᠤᠷ᠂ ᠥᠪᠥᠷ ᠮᠣᠩᠭᠣᠯ ᠤᠨ ᠮᠠᠯ ᠠᠵᠤ ᠠᠬᠤᠢ ᠶᠢᠨ ᠰᠤᠷᠭᠠᠭᠤᠯᠢ ᠶᠢᠨ ᠲᠤᠷᠰᠢᠯᠲᠠ ᠶᠢᠨ ᠲᠠᠯᠠᠪᠠᠢ ᠳᠠᠬᠢ 471 ᠥᠪᠥᠷ ᠮᠣᠩᠭᠣᠯ ᠤᠨ ᠨᠠᠷᠢᠨ ᠨᠣᠣᠰᠣᠲᠤ ᠡᠮ᠎ᠡ ᠬᠣᠨᠢ ᠶᠢ ᠬᠡᠮᠵᠢᠨ ᠪᠠᠶᠢᠴᠠᠭᠠᠬᠤ ᠳᠤ᠂ ᠢᠯᠡᠭᠦᠦ ᠨᠢᠭᠡ ᠦᠶ᠎ᠡ ᠰᠡᠭᠡᠷ ᠶᠠᠰᠤ᠂ ᠢᠯᠡᠭᠦᠦ ᠨᠢᠭᠡᠨ ᠬᠣᠣᠰ ᠬᠠᠪᠢᠷᠭ᠎ᠠ ᠲᠠᠢ ᠬᠣᠨᠢ 14 ᠪᠠᠶᠢᠪᠠ︵ᠲᠤᠰ ᠡᠭᠦᠯᠳᠡᠷ ᠦᠨ ᠬᠣᠨᠢᠨ ᠤ ᠡᠬᠡ ᠤᠳᠤᠮ ᠨᠢ ᠪᠦᠷ ᠮᠣᠩᠭᠣᠯ ᠬᠣᠨᠢ ᠪᠣᠯᠬᠣᠷ᠂ ᠢᠯᠡᠭᠦᠦ ᠨᠢᠭᠡ ᠦᠶ᠎ᠡ ᠰᠡᠭᠡᠷ ᠶᠠᠰᠤ᠂ ᠢᠯᠡᠭᠦᠦ ᠨᠢᠭᠡᠨ ᠬᠣᠣᠰ ᠬᠠᠪᠢᠷᠭᠠᠨ ᠤ ᠰᠢᠨᠵᠢ ᠣᠨᠴᠠᠯᠢᠭ ᠨᠢ ᠬᠣᠶᠢᠴᠢ ᠦᠶ᠎ᠡ ᠳᠡᠬᠡᠨ ᠵᠣᠬᠢᠬᠤ ᠬᠡᠮᠵᠢᠶ᠎ᠡ ᠪᠡᠷ ᠤᠳᠤᠮᠰᠢᠭᠰᠠᠨ ᠪᠣᠯᠣᠯᠲᠠᠢ︶᠃ ᠠᠳᠠᠯᠢ ᠮᠠᠯᠵᠢᠯᠭ᠎ᠠ ᠶᠢᠨ ᠨᠥᠬᠥᠴᠡᠯ ᠳᠣᠣᠷ᠎ᠠ᠂ ᠡᠶᠢᠮᠦᠷᠬᠦ ᠢᠯᠡᠭᠦᠦ ᠨᠢᠭᠡ ᠦᠶ᠎ᠡ ᠰᠡᠭᠡᠷ ᠶᠠᠰᠤ᠂ ᠢᠯᠡᠭᠦᠦ ᠨᠢᠭᠡᠨ ᠬᠣᠣᠰ ᠬᠠᠪᠢᠷᠭ᠎ᠠ ᠲᠠᠢ ᠬᠣᠨᠢᠨ ᠤ ᠮᠢᠬᠠᠨ ᠭᠠᠷᠴᠠ ᠨᠢ᠂ ᠶᠡᠷᠦ ᠶᠢᠨ ᠰᠡᠭᠡᠷ ᠶᠠᠰᠤ ᠨᠢ 13 ᠦᠶ᠎ᠡ᠂ 13 ᠬᠣᠣᠰ ᠬᠠᠪᠢᠷᠭ᠎ᠠ ᠲᠠᠢ ᠬᠣᠨᠢ ᠠᠴᠠ 4︱5 ᠵᠢᠩ ᠮᠢᠬ᠎ᠠ ᠢᠯᠡᠭᠦᠦ ᠭᠠᠷᠬᠤ ᠪᠣᠯᠣᠮᠵᠢᠲᠠᠢ ᠪᠠᠶᠢᠭ᠎ᠠ ᠶᠢ ᠲᠤᠷᠰᠢᠯᠲᠠ ᠭᠡᠷᠡᠴᠢᠯᠡᠪᠡ᠃   
   ᠮᠣᠩᠭᠣᠯ ᠬᠣᠨᠢ᠂ ᠬᠤᠪᠢᠷᠠᠯᠲᠠ ᠶᠡᠬᠡᠲᠡᠢ᠂ ᠨᠥᠬᠥᠴᠡᠯ ᠮᠠᠭᠤ ᠰᠢᠭ᠋ ᠪᠠᠶᠢᠭᠠᠯᠢ ᠶᠢᠨ ᠣᠷᠴᠢᠨ ᠠᠬᠤᠢ ᠳᠤ ᠲᠡᠰᠪᠤᠷᠢ ᠳᠠᠭᠠᠭᠠᠴᠠ ᠲᠠᠢ ᠪᠠᠷ ᠵᠣᠬᠢᠴᠠᠨ᠂ ᠬᠡᠪ ᠦᠨ ᠪᠠᠶᠢᠳᠠᠯ ᠢᠶᠠᠷ ᠥᠰᠦᠨ ᠦᠷᠡᠵᠢᠵᠦ ᠴᠢᠳᠠᠳᠠᠭ᠂ ᠮᠠᠯᠵᠢᠯᠭ᠎ᠠ ᠶᠢᠨ ᠵᠠᠷᠤᠳᠠᠯ ᠪᠠᠭ᠎ᠠ᠂ ᠣᠯᠵᠠ ᠠᠰᠢᠭ ᠶᠡᠬᠡᠲᠡᠢ᠂ ᠬᠦᠮᠦᠰ ᠦᠨ ᠠᠮᠢᠳᠤᠷᠠᠯ᠂ ᠦᠢᠯᠡᠳᠪᠦᠷᠢᠯᠡᠯ᠂ ᠠᠵᠣ ᠠᠬᠤᠢ ᠶᠢᠨ ᠬᠡᠷᠡᠭᠴᠡᠭᠡ ᠱᠠᠭᠠᠷᠳᠠᠯᠭ᠎ᠠ ᠳᠦ ᠲᠣᠬᠢᠷᠠᠭᠰᠠᠨ ᠴᠢᠨᠠᠷ ᠰᠠᠶᠢᠲᠠᠢ ᠮᠢᠬ᠎ᠠ᠂ ᠨᠣᠣᠰᠣ᠂ ᠰᠦ᠋᠂ ᠠᠷᠠᠰᠣ ᠵᠡᠷᠭᠡ ᠣᠯᠠᠨ ᠵᠦᠢᠯ ᠦᠨ ᠴᠢᠨᠠᠷᠯᠢᠭ ᠰᠠᠶᠢᠨ ᠭᠠᠷᠣᠯᠲᠠ ᠨᠤᠭᠤᠳ ᠢ ᠬᠠᠩᠭᠠᠬᠤ ᠲᠠᠯ᠎ᠠ ᠪᠠᠷ ᠢᠶᠠᠨ ᠥᠭᠡᠷ᠎ᠡ ᠪᠤᠰᠤᠳ ᠲᠥᠷᠥᠯ ᠦᠨ ᠡᠭᠦᠯᠳᠡᠷ ᠨᠤᠭᠦᠳ ᠤᠨ ᠬᠣᠨᠢᠳ ᠲᠤ ᠦᠯᠦ ᠪᠠᠶᠢᠬᠤ ᠮᠠᠰᠢ ᠣᠯᠠᠨ ᠵᠦᠢᠯ ᠦᠨ ᠳᠠᠪᠠᠭᠤᠯᠢᠭ ᠲᠠᠯ᠎ᠠ ᠲᠠᠢ᠂ ᠳᠤᠩ ᠬᠣᠪᠣᠷᠬᠠᠨ ᠨᠢᠭᠡᠨ ᠰᠢᠯᠢᠳᠡᠭ ᠰᠠᠶᠢᠨ ᠡᠭᠦᠯᠳᠡᠷ ᠦᠨ ᠬᠣᠨᠢ ᠪᠣᠯᠬᠣᠷ᠂ ᠬᠣᠶᠢᠰᠢᠳᠠ ᠲᠡᠭᠦᠨ ᠤ ᠡᠨᠡ ᠬᠦ ᠳᠠᠪᠠᠭᠤᠯᠢᠭ ᠲᠠᠯ᠎ᠠ ᠶᠢ ᠬᠠᠮᠠᠭᠠᠯᠠᠨ ᠬᠥᠭᠵᠢᠭᠦᠯᠬᠦ ᠶᠢᠨ ᠵᠡᠷᠭᠡᠴᠡᠭᠡᠪᠡᠷ ᠵᠠᠷᠢᠮ ᠳᠠᠯᠳᠠ ᠬᠦᠴᠦᠨ ᠵᠦᠢᠯ ᠢ ᠨᠢ ᠤᠯᠠᠮ ᠭᠦᠨᠵᠡᠭᠡᠢ ᠨᠠᠷᠢᠨ ᠰᠤᠳᠤᠯᠤᠨ ᠰᠢᠨᠵᠢᠯᠡᠵᠦ᠂ ᠪᠣᠢ ᠪᠦᠬᠦᠢ ᠳᠠᠪᠠᠭᠤᠯᠢᠭ ᠰᠢᠨᠵᠢ ᠣᠨᠴᠠᠯᠢᠭ ᠢ ᠨᠢ ᠤᠯᠠᠮ ᠪᠠᠳᠠᠷᠠᠭᠤᠯᠤᠨ ᠰᠠᠶᠢᠬᠠᠨ ᠠᠰᠢᠭᠯᠠᠪᠠᠯ ᠵᠣᠬᠢᠨ᠎ᠠ᠃ ᠶᠠᠮᠠᠷ ᠨᠢᠭᠡᠨ ᠨᠢᠳᠦᠨ ᠡᠮᠥᠨᠡᠬᠢ ᠠᠰᠢᠭ ᠣᠯᠵᠠᠪᠤᠷᠢ ᠶᠢ ᠪᠣᠳᠣᠵᠣ᠂ ᠠᠯᠢ ᠨᠢᠭᠡᠨ ᠭᠠᠷᠣᠯᠲᠠ ᠶᠢ ᠨᠢ ᠨᠡᠮᠡᠭᠳᠡᠭᠦᠯᠬᠦ ᠪᠤᠶᠤ ᠬᠠᠯᠠᠨ ᠰᠠᠶᠢᠵᠢᠷᠠᠭᠤᠯᠬᠤ ᠭᠡᠵᠦ ᠠᠯᠣᠰ ᠤᠨ ᠲᠦᠰᠦᠪ ᠲᠥᠯᠥᠪᠯᠡᠭᠡ ᠦᠭᠡᠢ᠂ ᠮᠡᠷᠭᠡᠵᠢᠯ ᠦᠨ ᠵᠢᠯᠤᠭᠤᠳᠤᠯᠭ᠎ᠠ ᠦᠭᠡᠢ ᠪᠡᠷ ᠬᠠᠮᠢᠶ᠎ᠠ ᠨᠠᠮᠢᠶ᠎ᠠ ᠦᠭᠡᠢ ᠡᠷᠯᠢᠰᠡᠵᠢᠭᠦᠯᠬᠦ  ᠠᠵᠢᠯᠯᠠᠭ᠎ᠠ ᠬᠢᠬᠦ ᠶᠢ ᠣᠨᠴᠠ ᠬᠢᠴᠢᠶᠡᠵᠦ᠂ ᠮᠣᠩᠭᠣᠯ ᠬᠣᠨᠢᠨ  ᠤ ᠰᠢᠯᠢᠳᠡᠭ ᠰᠠᠶᠢᠨ ᠤᠳᠤᠮᠰᠢᠯ ᠤᠨ ᠰᠢᠨᠵᠢ ᠴᠢᠨᠠᠷ ᠢ ᠨᠢ ᠦᠨᠡᠨ ᠪᠠᠲᠤᠲᠠᠢ ᠴᠡᠪᠡᠷ ᠢᠶᠡᠷ ᠨᠢ ᠬᠠᠮᠠᠭᠠᠯᠠᠨ ᠬᠦᠭᠵᠢᠭᠦᠯᠬᠦ ᠨᠢ ᠲᠤᠶᠢᠯ ᠤᠨ ᠴᠢᠬᠤᠯᠠ ᠶᠤᠮ᠃ 



  
     
     